ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠨᠤᠳᠤᠭᠴᠢ ᠰᠡᠳᠬᠢᠯ᠎ᠤᠨ ᠲᠡᠮᠡᠤᠯᠤᠯ
ᠨᠡᠶᠢᠲᠡᠯᠡᠭᠰᠡᠨ ᠴᠠᠭ᠄ 2023-09-27

    — ᠠ᠊ · ᠡᠷᠳᠡᠨᠢᠪᠡᠶᠡᠷ ᠪᠠᠭᠰᠢ ᠵᠢᠨ ᠨᠤᠳᠤᠭ ᠤᠰᠤᠨ᠎ᠳᠤ᠎ᠪᠠᠨ ᠬᠢᠵᠤ ᠪᠦᠳᠤᠭᠡᠭᠰᠡᠨ ᠬᠡᠳᠤᠨ ᠶᠠᠪᠤᠳᠡᠯ᠎ᠢ ᠡᠷᠬᠢᠴᠡᠬᠦᠯᠬᠦ᠎ᠨᠢ

                           ᠳ᠋᠊ · ᠦᠯᠵᠠᠢ᠌ᠬᠤᠳᠤᠭ ᠵᠣᠬᠢᠶᠠᠪᠠ

   ᠠ᠊ · ᠡᠷᠳᠡᠨᠢᠪᠠᠶᠡᠷ ᠪᠠᠭᠰᠢ ᠨᠤᠳᠤᠭ ᠤᠰᠤ᠎ᠪᠠᠨ ᠬᠡᠪᠡᠯ ᠦᠨᠤᠴᠢᠨ ᠡᠯᠢᠭᠡ᠎ᠨᠢ ᠦᠨᠳᠡᠯᠵᠡᠵᠤ᠂ ᠠᠭᠤᠰᠬᠢ ᠵᠢᠷᠤᠭᠡ᠎ᠨᠢ ᠲᠡᠳᠡᠯᠳᠤᠳᠠᠭ ᠶᠤᠮ᠃ ᠲᠡᠷᠨ ᠵᠠᠪᠰᠢᠶᠡᠨ ᠲᠤᠬᠢᠶᠡᠯ ᠯᠠ ᠪᠠᠢ᠌ᠪᠡᠯ ᠲᠦᠷᠦᠯᠬᠢ ᠨᠤᠳᠤᠭ᠎ᠲᠤ᠎ᠪᠠᠨ ᠬᠠᠷᠢᠵᠤ ᠲᠦᠷᠤᠯ ᠰᠡᠳᠤᠨ᠂ ᠪᠠᠭᠰᠢ ᠠᠬᠠᠮᠡᠳ᠂ ᠨᠠᠢ᠌ᠵᠠ ᠨᠦᠬᠦᠳ᠂ ᠬᠠᠮᠳᠤ ᠰᠤᠷᠤᠭᠴᠢ᠎ᠪᠠᠨ ᠡᠷᠬᠢᠨ ᠦᠵᠡᠳᠡᠭ ᠪᠠᠢ᠌ᠨ᠎ᠠ᠃ ᠲᠡᠷᠨ ᠨᠤᠳᠤᠭ ᠤᠰᠤᠨ᠎ᠤ᠎ᠪᠠᠨ ᠠᠵᠤ ᠠᠬᠤᠢ ᠨᠠᠢ᠌ᠬᠡᠮ᠎ᠤᠨ ᠬᠤᠪᠢᠷᠡᠯᠳᠡ ᠬᠦᠭᠵᠢᠯᠳᠡ᠎ᠳᠤ ᠴᠠᠭ ᠢᠮᠠᠭᠳᠠ ᠰᠠᠨᠠᠭ᠋ᠠᠰᠢᠷᠡᠨ᠂ ᠨᠠᠢ᠍ᠮᠠᠨ ᠬᠤᠰᠢᠭᠤ᠎ᠪᠠᠨ ᠦᠷᠭᠡᠨ ᠵᠢᠡᠷ ᠤᠬᠠᠭᠤᠯᠵᠤ᠂ ᠨᠠᠢ᠍ᠮᠠᠨ ᠨᠤᠳᠤᠭ᠎ᠲᠠᠢ ᠵᠠᠯᠠᠭᠤ ᠤᠶᠤᠳᠡᠳ᠎ᠢ ᠬᠠᠯᠠᠮᠵᠢᠯᠡᠨ ᠬᠦᠮᠤᠵᠢᠬᠦᠯᠵᠤ᠂ ᠨᠠᠢ᠍ᠮᠠᠨ᠎ᠤ ᠰᠤᠷᠭ᠋ᠠᠨ ᠬᠦᠮᠤᠵᠢᠯ᠂ ᠡᠮ ᠡᠮᠨᠡᠯᠭᠡ᠂ ᠲᠡᠤᠭᠡ ᠰᠤᠶᠤᠯ᠎ᠤᠨ ᠬᠦᠭᠵᠢᠯᠳᠡ ᠪᠡ ᠰᠤᠳᠤᠯᠭ᠋ᠠᠨ᠎ᠤ ᠠᠵᠢᠯ᠎ᠳᠤ ᠪᠠᠯᠡᠷᠡᠰᠢ ᠦᠭᠡᠢ ᠭᠠᠪᠢᠶ᠎ᠠ ᠵᠢᠳᠬᠦᠯ ᠦᠵᠡᠬᠦᠯᠦᠭᠰᠡᠨ ᠶᠤᠮ᠃
   ᠡᠨᠳᠡ ᠪᠢ ᠪᠡᠶ᠎ᠠ᠎ᠪᠠᠷ ᠵᠢᠨᠨ ᠦᠨᠭᠭᠡᠷᠡᠬᠦᠯᠦᠭᠰᠡᠨ ᠬᠡᠳᠤᠨ ᠶᠠᠪᠤᠳᠡᠯ᠎ᠢ ᠡᠷᠬᠢᠴᠡᠬᠦᠯᠵᠤ᠂ ᠠ᠊ ·  ᠡᠷᠳᠡᠨᠢᠪᠠᠶᠡᠷ ᠪᠠᠭᠰᠢ ᠵᠢᠨ ᠬᠡᠭᠡᠨ ᠲᠤᠷᠡᠳᠬᠠᠯ᠎ᠳᠤ ᠡᠷᠬᠦᠨ ᠪᠡᠷᠢᠰᠤᠭ᠋ᠠᠢ᠃

  ᠨᠢᠭᠡ᠂ ᠨᠠᠢ᠍ᠮᠠᠨ ᠬᠤᠰᠢᠭᠤᠨ᠎ᠳᠤ ᠵᠠᠮᠪᠠᠯᠳᠤᠷᠵᠢ ᠵᠢᠨ ᠲᠤᠬᠠᠢ ᠬᠠᠯᠠᠭᠤᠷᠡᠯ᠎ᠢ ᠡᠬᠦᠰᠬᠡᠭᠰᠡᠨ᠎ᠨᠢ

   2009 ᠤᠨ᠎ᠤ 11  ᠳ᠋ᠦ᠍ᠭᠡᠷ ᠰᠡᠷ᠎ᠠ ᠵᠢᠨ 28᠎ᠤ ᠡᠳᠤᠷ᠂ ᠨᠠᠢ᠍ᠮᠠᠨ ᠬᠤᠰᠢᠭᠤᠨ᠎ᠤ ᠲᠡᠴᠢᠨᠳᠡᠯ᠎ᠠ ᠪᠠᠯᠭ᠋ᠠᠰᠤᠨ᠎ᠳᠤ 《ᠪᠦᠬᠦ ᠤᠯᠤᠰ᠎ᠤᠨ ᠠᠩᠬᠠᠳᠤᠭ᠋ᠠᠷ ᠤᠳᠠᠭ᠋ᠠᠨ᠎ᠤ ᠵᠠᠮᠪᠠᠯᠳᠤᠷᠵᠢ ᠬᠢᠭᠡᠳ ᠨᠠᠢ᠍ᠮᠠᠨ᠎ᠤ ᠰᠤᠶᠤᠯ ᠲᠡᠤᠭᠡ ᠵᠢᠨ ᠲᠤᠬᠠᠢ ᠰᠤᠳᠤᠯᠬᠤ ᠬᠤᠷᠡᠯ》 ᠦᠪᠡᠳᠡᠭᠰᠢ ᠶᠡᠭᠡ᠎ᠪᠠᠷ ᠨᠡᠭᠡᠭᠡᠭᠳᠡᠪᠡ᠃ ᠡᠨᠡ ᠶᠡᠭᠡ ᠬᠤᠷᠡᠯ᠎ᠢ ᠬᠤᠷᠡᠯᠳᠤᠭᠤᠯᠬᠤ ᠵᠢᠨ ᠲᠦᠯᠤᠭᠡ ᠠ᠊ · ᠡᠷᠳᠡᠨᠢᠪᠠᠶᠡᠷ ᠪᠠᠭᠰᠢ ᠪᠦᠬᠦ ᠬᠦᠴᠤᠨ ᠴᠢᠳᠡᠯ ᠵᠢᠨᠨ ᠰᠢᠪᠬᠠᠭᠰᠡᠨ ᠶᠤᠮ᠃ ᠲᠡᠷᠨ ᠪᠠᠳᠮᠠᠡᠤᠳᠰᠡᠷ ᠪᠠᠭᠰᠢ᠂ ᠮᠠ ᠦᠯᠵᠡᠢ ᠡᠷᠬᠢᠯᠡᠭᠴᠢ᠎ᠲᠠᠢ ᠬᠠᠮᠳᠤ ᠭᠤᠷᠪᠠ ᠤᠳᠠᠭ᠎ᠠ ᠨᠠᠢ᠍ᠮᠠᠨ ᠬᠤᠰᠢᠭᠤᠨ᠎ᠳᠤ ᠤᠴᠢᠵᠤ᠂  ᠬᠤᠰᠢᠭᠤᠨ᠎ᠤ ᠨᠠᠮ᠎ᠤᠨ ᠬᠤᠷᠢᠶ᠎ᠠ ᠵᠢᠨ ᠱᠦᠵᠢ  ᠪᠣᠯᠣᠨ ᠬᠤᠰᠢᠭᠤᠨ ᠲᠡᠷᠤᠭ᠎ᠠ ᠵᠢ ᠡᠷᠢᠵᠤ᠂ ᠬᠤᠶᠡᠷ ᠤᠳᠠᠭ᠎ᠠ ᠬᠦᠬᠡᠬᠤᠳᠠ᠎ᠳᠤ ᠵᠤᠴᠢᠯᠠᠨ ᠲᠡᠢ᠌ᠯᠠᠭ᠋ᠠᠳ ᠪᠦᠷ ᠪᠦᠳᠦᠭᠰᠡᠨ ᠦᠭᠡᠢ᠃ ᠬᠠᠮᠤᠭ ᠰᠡᠬᠦᠯ᠎ᠤᠨ ᠤᠳᠠᠭ᠎ᠠ ᠨᠠᠢ᠍ᠮᠠᠨ ᠬᠤᠰᠢᠭᠤᠨ᠎ᠳᠤ ᠤᠴᠢᠵᠤ ᠡᠤ ᡁᠢ ᠴᠢᠶᠠᠡᠭ ᠡᠷᠬᠢᠯᠡᠭᠴᠢ ᠵᠢ ᠡᠷᠢᠭᠡᠳ ᠰᠠᠶᠢ ᠪᠦᠳᠤᠭᠡᠵᠤ ᠲᠡᠢ᠌ᠯᠦᠭᠰᠡᠨ ᠶᠤᠮ᠃ ᠬᠤᠷᠡᠯ᠎ᠳᠤ᠂ ᠨᠠᠢ᠍ᠮᠠᠨ ᠬᠤᠰᠢᠭᠤᠨ᠎ᠤ ᠲᠡᠯ᠎ᠠ᠎ᠠᠴᠠ ᠠᠷᠡᠳ᠎ᠤᠨ ᠲᠦᠯᠤᠭᠡᠯᠡᠭᠴᠢᠳ᠎ᠤᠨ ᠶᠡᠭᠡ ᠬᠤᠷᠡᠯ᠎ᠤᠨ ᠪᠠᠢ᠌ᠩᠭᠤ ᠵᠢᠨ ᠬᠤᠷᠢᠶᠠᠨ᠎ᠤ ᠡᠷᠬᠢᠯᠡᠭᠴᠢ ᠡᠤ ᡁᠢ ᠴᠢᠶᠠᠡᠭ᠂  ᠳᠡᠳ᠋ ᠡᠷᠬᠢᠯᠡᠭᠴᠢ ᠲᠡᠮᠤᠷ᠎ᠠ᠂ ᠲᠡᠳ᠋ ᠬᠤᠰᠢᠭᠤᠨ ᠲᠡᠷᠤᠭ᠎ᠠ ᠱ᠌ᠢ ᠶᠠᠨ ᠴᠦᠨ᠂ ᠤᠯᠤᠰ ᠲᠦᠷᠤ ᠵᠢᠨ ᠵᠦᠪᠯᠡᠯᠭᠡᠨ᠎ᠤ ᠲᠡᠳ᠋ ᠲᠡᠷᠢᠬᠦᠯᠡᠭᠴᠢ ᠰᠢ ᠡᠷᠬᠢᠮᠪᠠᠶᠡᠷ᠂ ᠬᠠᠷᠡᠪᠡᠷᠰ ᠨᠡᠷ ᠤᠷᠤᠯᠴᠡᠵᠤ᠂ ᠬᠤᠰᠢᠭᠤᠨ᠎ᠤ ᠨᠠᠮ᠎ᠤᠨ ᠬᠤᠷᠢᠶ᠎ᠠ ᠵᠢᠨ ᠱᠦᠵᠢ  ᠪᠣᠯᠣᠨ ᠬᠤᠰᠢᠭᠤᠨ ᠲᠡᠷᠤᠭ᠎ᠠ  ᠦᠭᠡᠷ᠎ᠠ ᠶᠠᠪᠤᠳᠡᠯ᠎ᠲᠠᠢ ᠬᠡᠳ ᠬᠤᠷᠡᠯ᠎ᠤᠨ ᠨᠡᠭᠡᠭᠡᠯᠳᠡ ᠵᠢᠨ ᠶᠤᠰᠤᠯᠡᠯ ᠎ᠳᠤ ᠤᠷᠤᠯᠴᠠᠭᠰᠡᠨ ᠦᠭᠡᠢ᠃ ᠶᠡᠭᠡ ᠬᠤᠷᠡᠯ᠎ᠳᠤ᠂ ᠪ᠊ · ᠬᠡᠷᠡᠯᠳᠤ ᠪᠠᠭᠰᠢ᠂ ᠠᠭᠤᠯᠠ ᠲᠡᠷᠤᠭ᠎ᠠ᠂ ᠡᠷᠳᠡᠨᠢ ᠲᠡᠷᠤᠭ᠎ᠠ᠂ ᠪᠠᠯᠵᠢᠨᠢᠮ᠎ᠠ ᠪᠠᠭᠰᠢ᠂ ᠤᠷᠳᠤᠰ᠎ᠤᠨ ᠴ᠊ · ᠬᠠᠰᠪᠢᠯᠢᠭ᠌ᠳᠦ ᠨᠠᠰᠤᠳᠡᠨ᠂ ᠪᠡᠭᠡᠵᠢᠡᠭ᠎ᠤᠨ ᠵᠤᠬᠢᠶᠠᠯᠴᠢ ᠪᠠᠭ᠋ᠠᠨ᠎ᠠ᠂ ᠪᠠᠶᠡᠷᠮᠠᠨᠳᠤ ᠪᠠᠭᠰᠢ᠂ ᠪᠠᠳᠮᠡᠡᠤᠳᠰᠡᠷ ᠪᠠᠭᠰᠢ᠂ ᠵᠠᠭᠤᠨᠨᠠᠰᠤᠳᠤ ᠤᠳᠤᠷᠢᠳᠤᠭ᠋ᠠᠴᠢ᠂ ᠮᠠ ᠦᠯᠵᠡᠢ ᠡᠷᠬᠢᠯᠡᠭᠴᠢ᠂ ᠡᠤ ᠵᠢᠨ ᠪᠤᠤ ᠬᠤᠷᠢᠶᠠᠨ ᠲᠡᠷᠤᠭ᠎ᠠ ᠵᠡᠷᠭᠡ ᠡᠷᠳᠡᠮᠳᠡᠨ ᠪᠠᠭᠰᠢ᠂ ᠲᠤᠰᠬᠠᠢ ᠮᠡᠷᠭᠡᠵᠢᠯᠳᠡᠳ ᠬᠡᠷᠡᠯᠳᠤᠬᠦᠯᠤᠨ ᠰᠠᠭ᠋ᠠᠳᠠᠭᠰᠡᠨ ᠶᠤᠮ᠃ ᠪᠡᠭᠡᠵᠢᠡᠭ᠂ ᠬᠦᠬᠡᠬᠤᠳᠠ᠂ ᠲᠦᠨᠭᠯᠢᠶᠤᠤ ᠪᠤᠯᠤᠨ ᠪᠤᠰᠤᠳ ᠭᠠᠵᠡᠷ᠎ᠠᠴᠠ ᠵᠠᠭᠤ ᠭᠠᠷᠤᠢ  ᠬᠦᠮᠦᠨ ᠤᠷᠤᠯᠴᠡᠵᠡᠢ᠃
   ᠬᠤᠷᠡᠯ ᠲᠡᠭᠡᠷ᠎ᠠ ᠠ᠊ · ᠡᠷᠳᠡᠨᠢᠪᠡᠶᠡᠷ ᠪᠠᠭᠰᠢ ᠭᠤᠤᠯ ᠰᠡᠳᠤᠪᠳᠤ ᠢᠯᠡᠳᠬᠡᠯ ᠬᠢᠵᠤ᠂ ᠵᠠᠮᠪᠠᠯᠳᠤᠷᠵᠢ ᠵᠢᠨ ᠲᠤᠬᠠᠢ ᠰᠤᠳᠤᠯᠭ᠋ᠠᠨ᠎ᠤ ᠦᠷ᠎ᠠ ᠪᠦᠳᠤᠭᠡᠯ ᠵᠢᠨᠨ ᠰᠢᠰᠲᠸᠮ᠎ᠲᠠᠢ ᠲᠡᠨᠢᠯᠴᠠᠭᠤᠯᠵᠡᠢ᠃ ᠬᠤᠷᠡᠯ᠎ᠠᠴᠠ ᠪᠠᠰᠠ ᠨᠠᠢ᠍ᠮᠠᠨ ᠬᠤᠰᠢᠭᠤᠨ᠎ᠤ ᠮᠤᠩᠭᠤᠯ ᠲᠤᠮᠳᠠᠳᠤ ᠰᠤᠷᠭ᠋ᠠᠭᠤᠯᠢ᠎ᠳᠤ ᠬᠤᠪᠢᠶᠡᠷᠢ ᠬᠤᠷᠡᠯ᠎ᠤᠨ  ᠲᠠᠯᠠᠪᠠᠢ ᠭᠠᠷᠭ᠋ᠠᠵᠤ᠂ ᠵᠡᠷᠢᠮ ᠡᠷᠳᠡᠮᠳᠡᠳ᠎ᠢ ᠤᠷᠢᠵᠤ ᠮᠡᠳᠡᠬᠦᠯᠤᠯᠳᠡ ᠬᠢᠯᠬᠡᠭᠰᠡᠨ ᠪᠦᠭᠡᠳ ᠨᠠᠢ᠍ᠮᠠᠨ᠎ᠤ ᠠᠵᠤ ᠤᠢ᠌ᠯᠡᠳᠪᠤᠷᠢ ᠵᠢᠨ ᠲᠤᠭᠤᠷᠢᠭ᠂ ᠸᠡᠡᠭ᠎ᠤᠨ ᠤᠷᠳᠤᠨ᠎ᠤ ᠮᠦᠽᠸᠢ᠂ ᠲᠦᠨᠭᠯᠢᠶᠤᠤ ᠬᠤᠳᠠ ᠵᠢᠨ ᠮᠦᠽᠸᠢ᠂ ᠦᠪᠤᠷ ᠮᠤᠩᠭᠤᠯ᠎ᠤᠨ ᠦᠨᠳᠤᠰᠤᠳᠡᠨ᠎ᠤ ᠶᠡᠭᠡ ᠰᠤᠷᠭ᠋ᠠᠭᠤᠯᠢ ᠵᠢ ᠲᠤᠭᠤᠷᠢᠨ ᠦᠵᠡᠪᠡ᠃ ᠢᠨᠭᠬᠢᠭᠡᠳ ᠶᠡᠭᠡ ᠬᠤᠷᠡᠯ᠎ᠨᠢ ᠲᠡᠬᠦᠰ ᠠᠮᠵᠢᠯᠳᠡ ᠤᠯᠤᠭᠰᠡᠨ ᠶᠤᠮ᠃
   2017 ᠤᠨ᠎ᠤ 3 ᠰᠡᠷ᠎ᠠ ᠵᠢᠨ 4᠎ᠤ ᠡᠳᠤᠷ᠂ 《ᠵᠠᠮᠪᠠᠯᠳᠤᠷᠵᠢ ᠵᠢᠨ ᠮᠤᠩᠭᠤᠯ ᠡᠮ ᠡᠮᠨᠡᠯᠭᠡ ᠵᠢᠨ ᠬᠦᠭᠵᠢᠯᠳᠡ ᠵᠢᠨ ᠲᠤᠰᠬᠠᠢ ᠰᠡᠳᠤᠪᠳᠤ ᠲᠡᠢ᠌ᠯᠤᠮᠵᠢ ᠵᠢᠴᠢ ᠶᠠᠷᠢᠯᠴᠡᠨ ᠰᠤᠳᠤᠯᠬᠤ ᠬᠤᠷᠡᠯ》 ᠨᠠᠢ᠍ᠮᠠᠨ ᠬᠤᠰᠢᠭᠤᠨ᠎ᠤ ᠨᠠᠮ᠎ᠤᠨ ᠰᠤᠷᠭ᠋ᠠᠭᠤᠯᠢ ᠵᠢᠨ ᠮᠡᠳᠡᠬᠦᠯᠤᠯᠳᠡ ᠵᠢᠨ ᠲᠢᠨᠭᠬᠢᠮ᠎ᠳᠤ ᠨᠡᠭᠡᠭᠡᠭᠳᠡᠪᠡ᠃ ᠡᠨᠡ ᠤᠳᠠᠭ᠋ᠠᠨ᠎ᠤ ᠬᠤᠷᠡᠯ᠎ᠨᠢ ᠮᠤᠩᠭᠤᠯ ᠡᠮ ᠡᠮᠨᠡᠯᠭᠡ ᠵᠢᠨ ᠰᠤᠶᠤᠯ᠎ᠢ ᠤᠯᠠᠮᠵᠢᠯᠠᠵᠤ᠂ ᠨᠠᠢ᠍ᠮᠠᠨ᠎ᠤ ᠮᠤᠩᠭᠤᠯ ᠡᠮ ᠡᠮᠨᠡᠯᠭᠡ ᠵᠢᠨ ᠤᠢ᠌ᠯᠡᠰ᠎ᠢ ᠬᠦᠭᠵᠢᠬᠦᠯᠬᠦ᠎ᠪᠠᠷ ᠭᠤᠤᠯ ᠰᠡᠳᠤᠪ ᠪᠤᠯᠭ᠋ᠠᠵᠤ᠂ ᠠ᠊ · ᠡᠷᠳᠡᠨᠢᠪᠡᠶᠡᠷ ᠪᠠᠭᠰᠢ ᠵᠢ ᠤᠷᠢᠵᠤ᠂ 《ᠵᠠᠮᠪᠠᠯᠳᠤᠷᠵᠢ ᠵᠢᠨ ᠮᠤᠩᠭᠤᠯ ᠡᠮ ᠡᠮᠨᠡᠯᠭᠡ ᠵᠢᠨ ᠬᠦᠭᠵᠢᠯᠳᠡ᠎ᠳᠤ ᠦᠵᠡᠬᠦᠯᠦᠭᠰᠡᠨ ᠭᠠᠪᠢᠶ᠎ᠠ ᠵᠢᠳᠬᠦᠯ》 ᠬᠡᠰᠡᠨ ᠭᠠᠷᠴᠠᠭ᠎ᠲᠠᠢ ᠲᠡᠢ᠌ᠯᠤᠮᠵᠢ ᠬᠢᠯᠬᠡᠵᠡᠢ᠃ ᠨᠠᠢ᠍ᠮᠠᠨ ᠬᠤᠰᠢᠭᠤᠨ᠎ᠤ ᠡᠯ᠎ᠠ ᠰᠠᠯᠠᠭ᠎ᠠ ᠮᠦᠴᠢᠷ᠂ ᠰᠤᠮᠤ ᠪᠠᠯᠭ᠋ᠠᠰᠤᠨ᠎ᠤ᠎ᠬᠢᠨ ᠲᠡᠪᠤᠨ ᠵᠠᠭᠤ ᠭᠠᠷᠤᠢ ᠬᠦᠮᠤᠨ ᠬᠤᠷᠡᠯ᠎ᠳᠤ ᠤᠷᠤᠯᠴᠡᠨ ᠲᠡᠢ᠌ᠯᠤᠮᠵᠢ ᠵᠢ ᠰᠤᠨᠤᠰᠤᠭᠰᠡᠨ ᠶᠤᠮ᠃  ᠬᠤᠰᠢᠭᠤᠨ᠎ᠤ ᠨᠠᠮ᠎ᠤᠨ ᠬᠤᠷᠢᠶ᠎ᠠ ᠵᠢᠨ ᠲᠡᠳ᠋ ᠱᠦᠵᠢ᠂ ᠬᠤᠰᠢᠭᠤᠨ ᠲᠡᠷᠤᠭ᠎ᠠ ᠪᠦᠷᠢᠨ ᠨᠦᠬᠦᠷ ᠶᠡᠭᠡ ᠬᠤᠷᠡᠯ᠎ᠢ ᠡᠷᠬᠢᠯᠡᠨ ᠶᠠᠷᠢᠶ᠎ᠠ ᠲᠡᠯᠪᠢᠵᠡᠢ᠃ ᠲᠡᠷᠨ ᠬᠡᠯᠡᠭᠰᠡᠨ᠎ᠨᠢ᠂ ᠤᠳᠤᠬᠠᠨ᠎ᠳᠤ ᠨᠠᠮ᠎ᠤᠨ ᠲᠦᠪ ᠬᠤᠷᠢᠶᠠᠨ᠎ᠠᠴᠠ ᠦᠨᠳᠤᠰᠤᠳᠡᠨ᠎ᠤ ᠡᠮ ᠡᠮᠨᠡᠯᠭᠡ ᠵᠢᠨ ᠤᠢ᠌ᠯᠡᠰ᠎ᠤᠨ ᠠᠵᠢᠯ᠎ᠤᠨ ᠲᠤᠬᠢᠷᠠᠭᠤᠯᠤᠯᠳᠡ ᠵᠢ ᠲᠤᠳᠤᠷᠬᠠᠢ ᠲᠤᠷᠡᠳᠴᠤ᠂ ᠲᠤᠰ ᠵᠢᠯ᠎ᠤᠨ ᠨᠠᠮ᠎ᠤᠨ ᠲᠦᠪ ᠬᠤᠷᠢᠶᠠᠨ᠎ᠤ ᠨᠢᠭᠡᠳᠤᠭᠡᠷ ᠲᠤᠭ᠋ᠠᠳᠤ ᠪᠢᠴᠢᠭ ᠮᠠᠲᠸᠷᠢᠶᠡᠯ᠎ᠳᠤ᠂ ᠦᠨᠳᠤᠰᠤᠳᠡᠨ᠎ᠤ ᠡᠮ᠎ᠤᠨ ᠮᠠᠲᠸᠷᠢᠶᠡᠯ᠎ᠨᠢ ᠰᠢᠯᠢᠳᠡᠭ ᠤᠨᠴᠠᠯᠢᠬᠳᠤ ᠪᠠᠢ᠌ᠷᠢᠨ᠎ᠳᠤ ᠵᠢᠬᠰᠠᠭ᠋ᠠᠭᠳᠠᠵᠤ᠂ ᠤᠢ᠌ᠯᠡᠳᠬᠦᠨ᠎ᠤ ᠪᠦᠳᠤᠴᠡ ᠵᠢ ᠰᠢᠯᠢᠳᠡᠭᠵᠢᠬᠦᠯᠬᠦ᠂ ᠲᠡᠷᠢᠶᠡᠯᠡᠡᠭ ᠠᠵᠤ ᠠᠬᠤᠢ ᠵᠢᠨ ᠴᠢᠨᠡᠷ᠎ᠢ ᠲᠡᠭᠡᠭᠰᠢᠯᠡᠬᠦᠯᠤᠨ᠂ ᠦᠷ᠎ᠠ ᠠᠰᠢᠭ᠎ᠢ ᠨᠡᠮᠡᠭᠳᠡᠬᠦᠯᠬᠦ ᠨᠢᠬᠡᠨ ᠲᠦᠷᠤᠯ᠎ᠤᠨ ᠭᠤᠤᠯᠳᠠᠯᠭ᠋ᠠᠳᠤ ᠠᠵᠤ ᠤᠢ᠌ᠯᠡᠰ ᠪᠤᠯᠵᠡᠢ᠃ ᠦᠪᠡᠷᠳᠡᠭᠡᠨ ᠵᠠᠰᠠᠬᠤ ᠤᠷᠤᠨ᠎ᠠᠴᠠ ᠮᠤᠩᠭᠤᠯ ᠡᠮ ᠡᠮᠨᠡᠯᠭᠡ ᠵᠢ ᠲᠤᠰ ᠵᠢᠯ᠎ᠤᠨ ᠭᠤᠤᠯᠳᠠᠯᠭ᠎ᠠ᠎ᠲᠠᠢ ᠲᠦᠯᠬᠢᠨ ᠠᠬᠢᠭᠤᠯᠬᠤ ᠪᠠᠢ᠌ᠯᠳᠤᠬᠤ ᠪᠤᠳᠤᠯᠭ᠎ᠠ ᠵᠢᠨ ᠴᠢᠨᠡᠷ᠎ᠲᠠᠢ ᠰᠢᠨ᠎ᠠ᠎ᠪᠠᠷ ᠮᠠᠨᠳᠤᠭᠰᠡᠨ ᠲᠤᠯᠤᠭ᠋ᠠᠨ ᠵᠤᠢ᠌ᠯ᠎ᠤᠨ ᠠᠵᠤ ᠠᠬᠤᠢ᠌ᠯᠡᠯ᠎ᠤᠨ ᠨᠢᠭᠡ ᠪᠤᠯᠭ᠋ᠠᠨ᠎ᠠ ᠬᠡᠵᠤ ᠪᠠᠢ᠌ᠨ᠎ᠠ᠃ ᠲᠦᠨᠭᠯᠢᠶᠤᠤ ᠬᠤᠳᠠ᠂ ᠮᠤᠩᠭᠤᠯ ᠡᠮ ᠡᠮᠨᠡᠯᠭᠡ ᠵᠢᠨ ᠬᠦᠭᠵᠢᠯᠳᠡ ᠵᠢ ᠲᠤᠰ ᠵᠢᠯ᠎ᠤᠨ ᠭᠤᠤᠯᠳᠠᠯᠭ᠎ᠠ᠎ᠲᠠᠢ ᠲᠦᠯᠬᠢᠨ ᠠᠬᠢᠭᠤᠯᠬᠤ ᠲᠤᠯᠤᠭ᠋ᠠᠨ ᠶᠡᠭᠡ ᠢᠨᠵᠸᠨ᠋ᠸᠷᠢᠡᠭ᠎ᠤᠨ ᠨᠢᠭᠡ᠎ᠨᠢ ᠪᠤᠯᠭ᠋ᠠᠵᠤ᠂ ᠲᠤᠮᠳᠠᠳᠤ ᠤᠯᠤᠰ᠎ᠤᠨ ᠪᠦᠳᠤᠭᠡᠨ ᠪᠠᠢ᠌ᠭᠤᠯᠤᠯᠳᠡ ᠎ᠳᠤ᠎ᠬᠢ 《ᠮᠤᠩᠭᠤᠯ ᠡᠮ᠎ᠤᠨ ᠬᠤᠳᠠ》 ᠵᠢ ᠪᠠᠢ᠌ᠭᠤᠯᠬᠤ ᠬᠠᠷᠠᠯᠳᠡ ᠵᠢ ᠲᠤᠷᠡᠳᠴᠡᠢ᠃ ᠨᠠᠢ᠍ᠮᠠᠨ ᠬᠤᠰᠢᠭᠤ᠂ ᠮᠤᠩᠭᠤᠯ ᠡᠮ᠎ᠤᠨ ᠮᠠᠲᠸᠷᠢᠶᠡᠯ᠎ᠢ ᠲᠡᠷᠢᠬᠤ ᠪᠠᠢ᠌ᠭ᠋ᠠᠯᠢᠯᠢᠭ ᠨᠦᠬᠦᠴᠡᠯ ᠵᠶ᠋ᠠᠷ ᠲᠡᠪᠠᠭᠤᠯᠢᠭ᠂ ᠰᠤᠶᠤᠯ᠎ᠤᠨ ᠠᠭᠤᠯᠭ᠎ᠠ ᠬᠦᠨ᠂ ᠮᠤᠩᠭᠤᠯ ᠡᠮᠨᠡᠯᠭᠡ ᠵᠢᠨ ᠤᠢ᠌ᠯᠡᠰ᠎ᠤᠨ ᠠᠯᠤᠰ᠎ᠤᠨ ᠲᠦᠯᠤᠪ ᠰᠡᠷᠠᠭᠤᠯ ᠠᠭᠤᠳᠠᠮ᠃ ᠪᠦᠬᠦ ᠬᠤᠰᠢᠭᠤᠨ᠎ᠤ ᠦᠷᠭᠡᠨ ᠤᠯᠠᠨ ᠺᠠᠳ᠋ᠷ ᠤᠯᠠᠨ ᠲᠦᠮᠡᠨ ᠮᠤᠩᠭᠤᠯ ᠡᠮ ᠡᠮᠨᠡᠯᠭᠡ ᠵᠢᠨ ᠠᠵᠤ ᠠᠬᠤᠢ᠌ᠯᠳᠡᠨ᠂ ᠮᠤᠩᠭᠤᠯ ᠡᠮᠨᠡᠯᠭᠡ ᠵᠢᠨ ᠲᠤᠰᠬᠠᠢ ᠠᠵᠢᠯᠳᠡᠳ ᠵᠠᠮᠪᠠᠯᠳᠤᠷᠵᠢ ᠵᠢᠨ ᠮᠤᠩᠭᠤᠯ ᠡᠮ ᠡᠮᠨᠡᠯᠭᠡ ᠵᠢᠨ ᠤᠳᠤᠬᠢ ᠪᠠᠢ᠌ᠳᠡᠯ᠂ ᠬᠦᠭᠵᠢᠯᠳᠡ ᠵᠢᠨ ᠬᠠᠨᠳᠤᠰᠢ ᠬᠢᠭᠡᠳ ᠲᠡᠮᠵᠢᠨ ᠲᠡᠳᠬᠦᠬᠦ ᠬᠤᠯᠪᠤᠭᠳᠡᠯ ᠪᠦᠬᠦᠢ ᠲᠦᠷᠤ ᠵᠢᠨ ᠪᠤᠳᠤᠯᠭ᠎ᠠ ᠵᠢ ᠪᠦᠬᠦ ᠲᠡᠯ᠎ᠠ᠎ᠪᠠᠷ ᠤᠢ᠌ᠯᠠᠭ᠋ᠠᠵᠤ᠂ ᠪᠦᠬᠦ ᠬᠤᠰᠢᠭᠤ᠎ᠪᠠᠷ ᠵᠢᠨᠨ ᠦᠵᠡᠯ ᠰᠠᠨᠠᠭ᠎ᠠ᠎ᠪᠠᠨ ᠨᠢᠭᠡᠳᠬᠡᠨ᠂ ᠮᠤᠩᠭᠤᠯ ᠡᠮ ᠡᠮᠨᠡᠯᠭᠡ ᠵᠢᠨ ᠤᠢ᠌ᠯᠡᠰ᠎ᠢ ᠬᠦᠭᠵᠢᠬᠦᠯᠬᠦ ᠢᠳᠡᠭᠡᠯ ᠵᠤᠷᠢᠭ ᠵᠢᠨᠨ ᠬᠦᠪᠴᠢᠯᠡᠬᠦ ᠵᠢᠨ ᠲᠦᠯᠤᠭᠡ ᠲᠤᠰ ᠤᠳᠠᠭ᠋ᠠᠨ᠎ᠤ 《ᠵᠠᠮᠪᠠᠯᠳᠤᠷᠵᠢ ᠵᠢᠨ ᠮᠤᠩᠭᠤᠯ ᠡᠮ ᠡᠮᠨᠡᠯᠭᠡ ᠵᠢᠨ ᠬᠦᠭᠵᠢᠯᠳᠡ ᠵᠢᠨ ᠲᠤᠰᠬᠠᠢ ᠰᠡᠳᠤᠪᠳᠤ ᠲᠡᠢ᠌ᠯᠤᠮᠵᠢ ᠵᠢᠴᠢ ᠰᠤᠳᠤᠯᠤᠨ ᠶᠠᠷᠢᠯᠴᠠᠬᠤ ᠬᠤᠷᠡᠯ》᠎ᠢ ᠡᠷᠬᠢᠯᠡᠪᠡ ᠬᠡᠵᠡᠢ᠃
   ᠠ᠊ · ᠡᠷᠳᠡᠨᠢᠪᠡᠶᠡᠷ ᠪᠠᠭᠰᠢ ᠲᠡᠢ᠌ᠯᠤᠮᠵᠢ᠎ᠪᠠᠨ PPT ᠵᠶ᠋ᠠᠷ ᠬᠢᠵᠤ᠂ ᠦᠰᠦᠭ ᠵᠢᠷᠤᠭ᠎ᠢ ᠬᠠᠪᠰᠤᠷᠭ᠋ᠠᠨ᠂ ᠦᠵᠡᠵᠦ ᠰᠣᠨᠣᠰᠬᠤ ᠵᠢ ᠤᠶᠠᠯᠳᠤᠭᠤᠯᠤᠨ᠂ ᠭᠤᠤᠯᠳᠠᠭᠤ ᠬᠢᠳᠡᠳ ᠬᠡᠯᠡ᠎ᠪᠠᠷ ᠠᠮᠢᠳᠤ ᠲᠦᠷᠰᠦᠯᠢᠭ ᠪᠦᠭᠡᠳ ᠢᠷᠠᠭᠤ ᠤᠢ᠌ᠯᠠᠭ᠋ᠠᠮᠵᠢᠳᠡᠢ ᠶᠠᠷᠢᠶ᠎ᠠ ᠢᠯᠡᠳᠬᠡᠯ ᠬᠢᠵᠤ ᠰᠤᠨᠤᠰᠤᠭᠴᠢᠳ᠎ᠤᠨ ᠠᠩᠬᠠᠷᠤᠯ᠎ᠢ ᠲᠤᠢ᠌ᠯ ᠵᠢᠡᠷ ᠲᠡᠳᠡᠵᠡᠢ᠃ ᠲᠡᠷᠨ ᠶᠠᠷᠢᠶᠠᠨ᠎ᠳᠤ᠎ᠪᠠᠨ᠂ ᠰᠢᠨᠵᠢᠯᠡᠬᠦ ᠤᠬᠠᠭ᠋ᠠᠨᠴᠢ᠎ᠪᠠᠷ ᠲᠦᠯᠤᠪᠯᠡᠵᠤ᠂ ᠵᠤᠬᠢᠴᠠᠩᠭᠤᠢ ᠪᠠᠢ᠌ᠷᠢᠰᠢᠭᠤᠯᠵᠤ᠂ ᠤᠯᠠᠨ ᠠᠷᠭ᠎ᠠ ᠪᠡᠷᠢᠯ᠎ᠢ ᠤᠶᠠᠯᠳᠤᠭᠤᠯᠤᠨ᠂ ᠮᠤᠩᠭᠤᠯ ᠡᠮ ᠡᠮᠨᠡᠯᠭᠡᠨ᠎ᠤ ᠤᠢ᠌ᠯᠡᠰ᠎ᠢ ᠦᠷᠬᠦᠯᠵᠢᠯᠡᠨ ᠡᠷᠡᠬᠦᠯ ᠵᠢᠡᠷ ᠬᠦᠭᠵᠢᠬᠦ ᠵᠢ ᠠᠬᠢᠭᠤᠯᠬᠤ ᠬᠡᠷᠡᠭᠳᠡᠢ᠃ ᠬᠦᠭᠵᠢᠯᠳᠡ ᠵᠢᠨ ᠤᠨᠤᠯᠵᠢᠬᠤᠨ᠎ᠢ ᠪᠡᠷᠢᠮᠳᠡᠯᠡᠵᠤ᠂ ᠠᠵᠤ ᠤᠢ᠌ᠯᠡᠰ᠎ᠤᠨ ᠪᠠᠢ᠌ᠷᠢᠰᠢᠭᠤᠯᠤᠯᠳᠡ ᠵᠢ ᠲᠤᠳᠤᠯᠠᠵᠤ᠂ ᠬᠦᠭᠵᠢᠯᠳᠡ ᠵᠢᠨ ᠬᠠᠷᠠᠯᠳᠡ᠎ᠪᠠᠨ ᠲᠤᠭᠳᠠᠭ᠋ᠠᠵᠤ᠂ ᠡᠵᠡᠩᠨᠡᠬᠦ ᠬᠡᠯᠪᠡᠷᠢ᠎ᠪᠠᠨ ᠰᠢᠨᠡᠳᠬᠡᠨ᠂ ᠠᠵᠤ ᠤᠢ᠌ᠯᠡᠰᠵᠢᠭᠰᠡᠨ᠂ ᠬᠡᠪᠴᠢᠶᠡᠵᠢᠭᠰᠡᠨ᠂ ᠪᠡᠷᠢᠮᠵᠢᠶᠠᠵᠢᠭᠰᠡᠨ᠂ ᠨᠡᠷ᠎ᠠ ᠲᠡᠮᠳᠡᠭᠳᠤ ᠬᠦᠭᠵᠢᠯᠳᠡ ᠵᠢᠨ ᠵᠠᠭᠪᠤᠷ᠎ᠢ ᠪᠡᠷᠢᠮᠳᠡᠯᠡᠵᠤ᠂ 《ᠲᠡᠷᠢᠬᠤ᠂ ᠡᠮᠨᠡᠬᠦ᠂ ᠰᠤᠳᠤᠯᠬᠤ᠂ ᠬᠠᠳᠠᠭ᠋ᠠᠯᠠᠬᠤ᠂ ᠪᠤᠷᠤᠯᠠᠭᠤᠯᠬᠤ》 ᠨᠢᠭᠡ ᠴᠤᠭᠴᠡᠵᠢᠭ᠍ᠰᠠᠨ ᠪᠦᠬᠦᠯᠢ ᠠᠵᠤ ᠤᠢ᠌ᠯᠡᠰ᠎ᠤᠨ ᠬᠡᠯᠬᠢᠶ᠎ᠠ ᠵᠢ ᠪᠤᠢ ᠪᠤᠯᠭ᠋ᠠᠵᠤ᠂ ᠨᠢᠭᠡᠳᠤᠯᠳᠡᠢ ᠲᠦᠰᠤᠪ᠂ ᠨᠢᠭᠡᠳᠤᠯᠳᠡᠢ ᠨᠡᠷ᠎ᠠ ᠲᠡᠮᠳᠡᠭ᠂ ᠨᠢᠭᠡᠳᠤᠯᠳᠡᠢ ᠪᠡᠷᠢᠮᠵᠢᠶ᠎ᠠ᠂ ᠨᠢᠭᠡᠳᠤᠯᠳᠡᠢ ᠪᠠᠢ᠌ᠴᠠᠭ᠋ᠠᠯᠳᠡ᠂ ᠲᠡᠷᠠᠬᠠᠢ ᠡᠵᠡᠩᠨᠡᠯᠳᠡ ᠵᠢᠨ ᠬᠡᠯᠪᠡᠷᠢ ᠵᠢ ᠬᠡᠷᠡᠭᠵᠢᠬᠦᠯᠵᠤ᠂ ᠠᠳᠠᠯᠢ ᠪᠤᠰᠤ ᠵᠢᠨ ᠤᠨᠴᠠᠯᠢᠭ ᠪᠦᠬᠦᠢ ᠦᠪᠡᠷ ᠦᠪᠡᠷ᠎ᠤᠨ ᠴᠢᠳᠡᠯ ᠵᠢᠨᠨ ᠭᠠᠷᠭ᠋ᠠᠬᠤ ᠬᠦᠭᠵᠢᠯᠳᠡ ᠵᠢᠨ ᠪᠦᠳᠤᠴᠡ ᠵᠢ ᠲᠦᠯᠬᠢᠨ ᠠᠬᠢᠭᠤᠯᠵᠤ᠂ ᠵᠠᠬ᠎ᠠ ᠲᠡᠯᠭᠡᠬᠦᠷ᠎ᠤᠨ ᠪᠤᠢ᠌ᠵᠢᠯᠳᠡ ᠵᠢ ᠠᠳᠬᠤᠵᠤ᠂ ᠬᠡᠪᠴᠢᠶᠡᠵᠢᠭᠰᠡᠨ ᠰᠠᠭᠤᠷᠢᠨ ᠭᠠᠵᠡᠷ᠎ᠢ ᠪᠦᠳᠤᠭᠡᠨ ᠪᠠᠢ᠌ᠭᠤᠯᠬᠤ᠎ᠪᠠᠷ ᠴᠢᠷᠮᠠᠢ᠌ᠬᠤ ᠬᠡᠷᠡᠭᠳᠡᠢ ᠬᠡᠵᠤ ᠱᠠᠭ᠋ᠠᠷᠳᠠᠪᠡ᠃
    ᠠ᠊ · ᠡᠷᠳᠡᠨᠢᠪᠡᠶᠡᠷ ᠪᠠᠭᠰᠢ ᠲᠡᠢ᠌ᠯᠤᠮᠵᠢ ᠵᠢᠨ ᠵᠢᠨᠨ ᠲᠡᠬᠦᠰᠬᠡᠯ᠎ᠳᠤ᠄ 《ᠪᠢᠳᠡ ᠵᠠᠮᠪᠠᠯᠳᠤᠷᠵᠢ ᠵᠢᠨ ᠲᠤᠬᠠᠢ ᠨᠢᠬᠡᠨ ᠢᠵᠢ ᠲᠡᠤᠭᠡᠨ ᠷᠤᠮᠠᠨ ᠪᠢᠴᠢᠬᠦ ᠬᠡᠷᠡᠭᠳᠡᠢ ᠪᠠᠢ᠌ᠨ᠎ᠠ᠃ ᠪᠢ ᠡᠮᠤᠨ᠎ᠠ᠎ᠨᠢ ᠵᠤᠬᠢᠶᠠᠯᠴᠢ ᠠᠷᠪᠢᠨᠬᠡᠰᠢᠭ ᠵᠢᠡᠷ ᠪᠢᠴᠢᠬᠦᠯᠬᠦ ᠰᠠᠨᠠᠭ᠎ᠠ᠎ᠲᠠᠢ ᠪᠠᠢ᠌ᠵᠡᠢ᠃ ᠡᠳᠤᠭᠡ ᠲᠡᠬᠢᠨ ᠲᠡᠪᠳᠡᠨ ᠪᠤᠳᠤᠵᠤ ᠦᠵᠡᠬᠦᠯᠡᠷ ᠮᠢᠨᠤ ᠪᠠᠭᠰᠢ ᠵᠤᠬᠢᠶᠠᠯᠴᠢ ᠦᠯᠵᠡᠢ᠌ᠬᠤᠳᠠᠭ ᠯᠠᠪᠳᠠᠢ᠌ᠶ᠎ᠠ ᠡᠨᠡ ᠡᠬᠦᠷᠭᠡ ᠵᠢ ᠪᠡᠶᠡᠯᠡᠬᠦᠯᠵᠤ ᠲᠡᠢ᠌ᠯᠤᠨ᠎ᠠ》 ᠬᠡᠵᠤ ᠬᠡᠯᠡᠪᠡ᠃ ᠪᠢ ᠬᠤᠷᠡᠯ᠎ᠤᠨ ᠲᠢᠨᠭᠬᠢᠮ᠎ᠤᠨ ᠡᠮᠤᠨ᠎ᠠ ᠰᠠᠭᠤᠳᠡᠯ᠎ᠳᠤ ᠰᠠᠭᠤᠭ᠋ᠠᠳ ᠲᠡᠮᠳᠡᠭᠯᠡᠯ ᠬᠢᠵᠤ ᠪᠠᠢ᠌ᠬᠰᠠᠨ ᠵᠢᠨᠨ ᠡᠬᠦᠨ᠎ᠢ ᠰᠤᠨᠤᠰᠤᠭ᠋ᠠᠳ ᠰᠤᠴᠢᠵᠤ ᠠᠪᠤᠪᠡ᠃ ᠬᠤᠷᠡᠯ᠎ᠤᠨ ᠲᠢᠨᠭᠬᠢᠮ᠎ᠳᠤ ᠨᠢᠵᠢᠬᠢᠨᠡᠳᠡᠯ᠎ᠠ ᠠᠯᠠᠭ᠎ᠠ ᠲᠡᠰᠢᠵᠤ᠂ ᠤᠯᠠᠨ᠎ᠤ ᠨᠢᠳᠤ ᠪᠦᠷ ᠮᠢᠨᠤ ᠪᠡᠶ᠎ᠠ ᠲᠡᠭᠡᠷ᠎ᠠ ᠲᠦᠪᠯᠡᠷᠡᠪᠡ᠃ ᠪᠢ ᠦᠪᠡᠷ᠎ᠤᠨ ᠡᠷᠭᠡ ᠦᠭᠡᠢ ᠪᠤᠰᠴᠤ ᠵᠤᠭᠰᠤᠭ᠋ᠠᠳ ᠤᠯᠠᠨ᠎ᠳᠤ ᠬᠦᠨ ᠨᠢᠭᠡ ᠶᠤᠰᠤ ᠬᠢᠪᠡ᠃ ᠪᠢ ᠬᠡᠳᠤᠢ᠌ᠪᠡᠷ ᠨᠠᠯᠢᠶᠠᠳ ᠤᠯᠠᠨ ᠤᠷᠡᠨ ᠪᠦᠳᠤᠭᠡᠯ ᠲᠤᠭᠤᠷᠪᠢᠬᠰᠠᠨ ᠪᠤᠯᠪᠡᠴᠤ ᠷᠤᠮᠠᠨ ᠪᠢᠴᠢᠭᠰᠡᠨ ᠲᠤᠷᠰᠢᠯᠭ᠎ᠠ ᠦᠭᠡᠢ᠃ ᠲᠡᠬᠢᠭ᠋ᠠᠳ ᠬᠡᠯᠡᠪᠡᠯ ᠵᠠᠮᠪᠠᠯᠳᠤᠷᠵᠢ᠂ ᠱᠠᠰᠢᠨ ᠰᠤᠷᠳᠠᠬᠤᠨ᠂ ᠮᠤᠩᠭᠤᠯ ᠡᠮ ᠡᠮᠨᠡᠯᠭᠡ ᠵᠢᠨ ᠲᠤᠬᠠᠢ ᠶᠠᠮᠡᠷ ᠴᠤ᠌ ᠤᠢ᠌ᠯᠠᠭ᠋ᠠᠯᠳᠡ ᠦᠭᠡᠢ ᠮᠦᠷᠳᠡᠭᠡᠨ ᠡᠢ᠌ᠮᠤ ᠲᠡᠤᠭᠡᠨ ᠷᠤᠮᠠᠨ ᠪᠢᠴᠢᠬᠦ ᠬᠡᠰᠡᠨ ᠦᠵᠡᠯ ᠰᠠᠨᠠᠭ᠋ᠠᠨ᠎ᠤ ᠪᠡᠯᠡᠳᠬᠡᠯ ᠪᠠᠢ᠌ᠬᠤ ᠦᠭᠡᠢ᠃ ᠡᠨᠡ ᠬᠦ᠌ 《ᠬᠡᠨᠡᠳᠳᠡ ᠵᠢᠨ ᠲᠠᠭ᠋ᠠᠷᠢᠯᠳᠡ》᠎ᠳᠤ ᠪᠢ ᠦᠨᠡᠭᠡᠷ ᠮᠡᠯᠡᠷᠡᠴᠢᠬᠡᠪᠡ᠃ ᠬᠤᠷᠡᠯ᠎ᠤᠨ ᠲᠡᠷᠠᠭ᠎ᠠ᠂ ᠡᠷᠳᠡᠨᠢᠪᠠᠶᠡᠷ ᠪᠠᠭᠰᠢ ᠨᠠᠮ᠎ᠠ ᠵᠢ ᠲᠤᠰᠬᠠᠢ᠌ᠯᠠᠨ ᠡᠷᠢᠵᠤ᠂ 《ᠪᠢ ᠲᠡᠨ᠎ᠢ ᠲᠡᠮᠵᠢᠶ᠎ᠠ᠂ ᠮᠠᠲᠸᠷᠢᠶᠡᠯ ᠰᠠᠯᠳᠡ ᠪᠦᠬᠦᠨ᠎ᠢ ᠬᠠᠩᠭ᠋ᠠᠵᠤ ᠦᠭᠬᠦᠨ᠎ᠠ᠃ ᠲᠠ ᠨᠠᠢ᠍ᠮᠠᠨ ᠬᠦᠮᠤᠨ᠂ ᠨᠠᠢ᠍ᠮᠠᠨ᠎ᠤ ᠲᠡᠤᠭᠡ ᠰᠤᠶᠤᠯ ᠵᠢᠨᠨ ᠰᠠᠢ᠌ᠨ ᠮᠡᠳᠡᠨ᠎ᠠ᠂ ᠲᠠ ᠯᠠᠪ ᠰᠠᠢ᠌ᠨ ᠪᠢᠴᠢᠵᠤ ᠲᠡᠢ᠌ᠯᠬᠦ ᠶᠤᠮ》 ᠨᠠᠮ᠎ᠠ ᠵᠢ ᠬᠡᠵᠤ ᠵᠤᠷᠢᠬ᠍ᠵᠢᠭᠤᠯᠪᠡ᠃
     ᠪᠢ ᠠ᠊ · ᠡᠷᠳᠡᠨᠢᠪᠡᠶᠡᠷ ᠪᠠᠭᠰᠢ ᠵᠢᠨ ᠵᠤᠷᠢᠬ᠍ᠵᠢᠭᠤᠯᠤᠯ ᠲᠤᠤᠷ᠎ᠠ ᠮᠠᠲᠸᠷᠢᠶᠡᠯ ᠴᠤᠭᠯᠠᠭᠤᠯᠵᠤ᠂ 2016 ᠤᠨ᠎ᠤ 5  ᠳ᠋ᠤᠭ᠋ᠠᠷ ᠰᠡᠷ᠎ᠠ᠎ᠠᠴᠠ 2017 ᠤᠨ᠎ᠤ 5 ᠳ᠋ᠤᠭ᠋ᠠᠷ ᠰᠡᠷ᠎ᠠ ᠵᠢᠨ ᠬᠤᠭᠤᠷᠤᠨᠳᠤ ᠪᠢ ᠡᠬᠡᠨᠡᠷ᠎ᠲᠠᠢ᠎ᠪᠠᠨ ᠬᠠᠮᠳᠤ ᠵᠠᠮᠪᠠᠯᠳᠤᠷᠵᠢ  ᠮᠠᠮᠠ ᠵᠢᠨ ᠲᠦᠪᠡᠳ᠎ᠲᠤ ᠶᠠᠪᠤᠭᠰᠡᠨ ᠵᠠᠮ ᠵᠢᠡᠷ ᠱᠠᠨᠰᠢ᠂ ᠰᠸᠴᠤᠸᠠᠨ᠂ ᠬᠦᠬᠡᠨᠠᠭᠤᠷ᠂ ᠲᠦᠪᠡᠳ᠎ᠲᠤ ᠬᠤᠶᠡᠷ ᠤᠳᠠᠭ᠎ᠠ ᠤᠴᠢᠵᠤ᠂ ᠵᠠᠮᠪᠠᠯᠳᠤᠷᠵᠢ ᠵᠢᠨ ᠠᠮᠢᠳᠤᠷᠡᠵᠤ᠂ ᠰᠤᠷᠴᠤ ᠰᠤᠳᠤᠯᠤᠭᠰᠡᠨ ᠭᠠᠵᠡᠷ ᠤᠳᠠᠢ ᠠᠭᠤᠯᠠ᠂ ᠬᠦᠮᠪᠤᠮ᠂ ᠯᠾᠡᠰᠠ ᠵᠤᠤ᠂ ᠪᠤᠳᠠᠯᠠᠡᠭ ᠤᠷᠳᠤᠨ᠂ ᠶᠡᠭᠡ ᠵᠤᠤ ᠰᠦᠮ᠎ᠠ᠂ ᠪᠷᠠᠢ᠌ᠪᠤᠡᠭ ᠬᠡᠢ᠌ᠳ᠂ ᠰᠸᠷ᠎ᠠ ᠬᠡᠢ᠌ᠳ᠂ ᠰᠢᠺᠠᠽᠸ ᠬᠤᠳᠠ᠂ ᠷᠡᠰᠢᠯᠾᠤᠢ᠍ᠮᠪᠤ ᠬᠡᠢ᠌ᠳ᠂ ᠸᠸᠢ ᠰᠠᠡᠭ ᠤᠷᠤᠨ᠂ ᠠᠷᠢ ᠤᠷᠤᠨ ᠵᠢᠡᠷ ᠬᠡᠭᠡᠷ᠎ᠠ ᠵᠢᠨ ᠪᠠᠢ᠌ᠴᠠᠭ᠋ᠠᠯᠳᠡ ᠬᠢᠵᠤ ᠰᠤᠷᠪᠤᠯᠵᠢᠯᠡᠨ ᠶᠠᠪᠤᠪᠡ᠃
    2017 ᠤᠨ᠎ᠤ 4  ᠳ᠋ᠦ᠍ᠭᠡᠷ ᠰᠡᠷ᠎ᠠ ᠵᠢᠨ 13᠎ᠤ ᠡᠳᠤᠷ᠎ᠠᠴᠠ 2018 ᠤᠨ᠎ᠤ 4  ᠳ᠋ᠦ᠍ᠭᠡᠷ ᠰᠡᠷ᠎ᠠ ᠵᠢᠨ 13᠎ᠤ ᠡᠳᠤᠷ ᠪᠤᠯᠳᠡᠯᠡᠬᠢ ᠨᠢᠭᠡ ᠵᠢᠯ᠎ᠤᠨ ᠲᠤᠳᠤᠷ᠎ᠠ᠂ ᠪᠢ ᠡᠳᠤᠷ ᠰᠦᠨᠢ ᠵᠢ ᠠᠯᠭ᠋ᠠᠰᠡᠯ ᠦᠭᠡᠢ ᠪᠢᠴᠢᠵᠤ᠂ ᠲᠡᠤᠭᠡᠨ ᠷᠤᠮᠠᠨ 《ᠵᠠᠮᠪᠠᠯᠳᠤᠷᠵᠢ》 ᠵᠢ ᠪᠢᠴᠢᠵᠤ ᠲᠠᠭᠤᠰᠬᠠᠭ᠋ᠠᠳ ᠡᠭᠡ ᠪᠢᠴᠢᠭ ᠵᠢᠨᠨ ᠠ᠊ · ᠡᠷᠳᠡᠨᠢᠪᠡᠶᠡᠷ ᠪᠠᠭᠰᠢ᠎ᠳᠤ ᠦᠭᠴᠤ ᠬᠢᠨᠠᠭᠤᠯᠪᠡ᠃
    2018 ᠤᠨ᠎ᠤ 6 ᠰᠡᠷ᠎ᠠ ᠵᠢᠨ 26᠎ᠤ ᠡᠳᠤᠷ ᠪᠢ ᠲᠡᠪᠤᠳᠤᠭ᠋ᠠᠷ ᠬᠤᠭᠤᠴᠠᠭ᠋ᠠᠨ᠎ᠤ 《ᠤᠯᠠᠭ᠋ᠠᠨᠬᠦᠦ ᠱᠠᠩᠨᠡᠯ》᠎ᠢ ᠲᠤᠰᠬᠤ᠎ᠪᠠᠷ ᠬᠦᠬᠡᠬᠤᠳᠠ᠎ᠳᠤ ᠢᠷᠡᠵᠡᠢ᠃ 28᠎ᠤ ᠡᠳᠤᠷ᠂ ᠡᠷᠳᠡᠨᠢᠪᠠᠶᠡᠷ ᠪᠠᠭᠰᠢ ᠦᠪᠤᠷ ᠮᠤᠩᠭᠤᠯ᠎ᠤᠨ ᠶᠡᠭᠡ ᠰᠤᠷᠭ᠋ᠠᠭᠤᠯᠢ ᠵᠢᠨ ᠮᠤᠩᠭᠤᠯ ᠰᠤᠳᠤᠯᠤᠯ᠎ᠤᠨ ᠲᠡᠭᠡᠳᠤ ᠰᠤᠷᠭ᠋ᠠᠭᠤᠯᠢ ᠵᠢᠨ ᠪᠠᠭ᠎ᠠ ᠬᠤᠷᠡᠯ᠎ᠤᠨ ᠬᠡᠷ᠎ᠲᠤ ᠲᠡᠤᠭᠡᠨ ᠷᠤᠮᠠᠨ 《ᠵᠠᠮᠪᠠᠯᠳᠤᠷᠵᠢ》 ᠵᠢ ᠰᠤᠳᠤᠯᠤᠨ ᠶᠠᠷᠢᠯᠴᠠᠬᠤ ᠪᠠᠭ᠎ᠠ ᠬᠡᠪᠴᠢᠶᠠᠨ᠎ᠤ ᠰᠠᠭᠤᠳᠡᠯ᠎ᠤᠨ ᠬᠤᠷᠡᠯ᠎ᠢ ᠵᠤᠬᠢᠶᠠᠨ ᠪᠠᠢ᠌ᠭᠤᠯᠪᠡ᠃ ᠰᠠᠭᠤᠳᠡᠯ᠎ᠤᠨ ᠬᠤᠷᠡᠯ᠎ᠳᠤ ᠪ᠊ · ᠬᠡᠷᠡᠯᠳᠤ ᠪᠠᠭᠰᠢ᠂ ᠪᠠᠳᠮᠠᠡᠤᠳᠰᠡᠷ ᠪᠠᠭᠰᠢ᠂ ᠨᠠ᠊ · ᠰᠠᠢ᠌ᠵᠢᠷᠠᠬᠤ ᠪᠠᠭᠰᠢ᠂ ᠴᠡᠴᠡᠭ  ᠪᠠᠭᠰᠢ᠂ ᠦᠷᠡᠴᠡᠴᠡᠭ ᠪᠠᠭᠰᠢ᠂ ᠬᠠᠢ ᠶᠠᠨ ᠪᠠᠭᠰᠢ᠂ ᠮᠢᠩᠭ᠋ᠠᠳ ᠡᠷᠳᠡᠨᠢᠪᠠᠭ᠋ᠠᠳᠤᠷ ᠪᠠᠭᠰᠢ ᠵᠡᠷᠭᠡ ᠬᠦᠮᠤᠰ ᠤᠷᠤᠯᠴᠡᠵᠤ᠂ ᠭᠤᠤᠯᠳᠠᠭᠤ ᠡᠷᠳᠡᠨᠢᠪᠠᠶᠡᠷ ᠪᠠᠭᠰᠢ ᠡᠭᠡ ᠪᠢᠴᠢᠭ᠎ᠢ ᠤᠩᠰᠢᠬᠰᠠᠨ ᠲᠦᠷᠦᠭᠳᠡᠯ ᠵᠢᠨᠨ ᠶᠠᠷᠢᠵᠤ᠂ ᠵᠢᠷᠭᠤᠭ᠋ᠠᠨ ᠲᠡᠯ᠎ᠠ᠎ᠪᠠᠷ ᠷᠤᠮᠠᠨ᠎ᠢ ᠲᠡᠭᠡᠳᠤ ᠬᠡᠮᠵᠢᠶ᠎ᠠ᠎ᠪᠠᠷ ᠦᠨᠡᠯᠡᠵᠤ ᠪᠠᠰᠠ ᠡᠳᠤᠢ ᠲᠡᠳᠤᠢ ᠵᠠᠰᠠᠬᠤ ᠰᠠᠨᠠᠯ ᠵᠢᠨᠨ ᠲᠤᠷᠡᠳᠴᠡᠢ᠃ ᠬᠠᠷᠡᠮᠰᠠᠯᠳᠡᠢ᠎ᠨᠢ ᠲᠡᠷᠨ ᠦᠶ᠎ᠠ᠎ᠳᠤ ᠪᠢ ᠲᠡᠬᠦᠨ᠎ᠤ ᠶᠠᠷᠢᠶ᠎ᠠ ᠵᠢ ᠲᠡᠮᠳᠡᠭᠯᠡᠵᠤ ᠠᠪᠤᠭᠰᠡᠨ᠎ᠠᠴᠠ ᠪᠢᠰᠢ ᠲᠠᠭᠤᠨ ᠰᠢᠨᠭᠭᠡᠭᠡᠯᠳᠡ ᠬᠢᠭᠰᠡᠨ ᠦᠭᠡᠢ᠃ ᠬᠡᠪᠡᠴᠤ ᠲᠡᠬᠦᠨ᠎ᠤ ᠵᠠᠰᠠᠭᠰᠡᠨ ᠡᠭᠡ ᠪᠢᠴᠢᠭ᠎ᠢ ᠨᠢᠭᠡ ᠢᠵᠢ ᠵᠢ ᠬᠠᠳᠠᠭ᠋ᠠᠯᠠᠨ ᠠᠪᠴᠤ ᠮᠦᠨᠭᠭᠡ ᠵᠢᠨ ᠲᠤᠷᠡᠰᠬᠠᠯ ᠪᠤᠯᠭ᠋ᠠᠵᠡᠢ ᠁
   ᠰᠡᠬᠦᠯᠡᠷ᠎ᠨᠢ᠂ ᠪᠦᠬᠦ ᠤᠯᠤᠰ᠎ᠤᠨ ᠴᠢᠨᠡᠷᠳᠡᠢ ᠭᠤᠷᠪᠠ ᠤᠳᠠᠭ᠋ᠠᠨ᠎ᠤ ᠵᠠᠮᠪᠠᠯᠳᠤᠷᠵᠢ ᠵᠢᠨ ᠰᠤᠳᠤᠯᠭ᠋ᠠᠨ᠎ᠤ ᠬᠤᠷᠡᠯ᠎ᠢ ᠬᠢᠵᠡᠢ᠃  2018 ᠤᠨ᠎ᠤ 8  ᠳ᠋ᠤᠭ᠋ᠠᠷ ᠰᠡᠷ᠎ᠠ ᠵᠢᠨ 23᠎ᠳᠤ ᠬᠤᠶᠠᠳᠤᠭ᠋ᠠᠷ ᠤᠳᠠᠭ᠋ᠠᠨ᠎ᠤ ᠵᠠᠮᠪᠠᠯᠳᠤᠷᠵᠢ ᠵᠢᠨ ᠮᠤᠩᠭᠤᠯ ᠡᠮ ᠡᠮᠨᠡᠯᠭᠡ ᠵᠢᠨ ᠬᠦᠭᠵᠢᠯᠳᠡ ᠵᠢᠨ ᠰᠤᠳᠤᠯᠭ᠋ᠠᠨ᠎ᠤ ᠬᠤᠷᠡᠯ᠎ᠢ ᠬᠢᠵᠡᠢ᠃ ᠬᠤᠷᠡᠯ᠎ᠢ ᠤᠯᠤᠰ᠎ᠤᠨ ᠪᠠᠢ᠌ᠭ᠋ᠠᠯᠢ ᠵᠢᠨ ᠰᠢᠨᠵᠢᠯᠡᠬᠦ ᠤᠬᠠᠭ᠋ᠠᠨ᠎ᠤ ᠰᠠᠭᠤᠷᠢ ᠮᠦᠨᠭᠬᠦᠨ᠎ᠤ ᠨᠠᠢ᠌ᠬᠡᠮᠯᠢᠭ᠎ᠠᠴᠠ ᠡᠷᠬᠢᠯᠡᠪᠡ᠃
   2019 ᠤᠨ᠎ᠤ 9 ᠳ᠋ᠦ᠍ᠭᠡᠷ ᠰᠡᠷ᠎ᠠ ᠵᠢᠨ 9᠎ᠳᠤ᠂ ᠵᠠᠮᠪᠠᠯᠳᠤᠷᠵᠢ ᠵᠢᠨ 《ᠦᠵᠡᠰᠬᠦᠯᠠᠡᠭ ᠨᠢᠳᠤᠨ ᠴᠢᠮᠡᠭ》᠎ᠢ ᠰᠤᠳᠤᠯᠤᠨ ᠶᠠᠷᠢᠯᠴᠠᠬᠤ ᠬᠤᠷᠡᠯ᠎ᠢ ᠨᠡᠭᠡᠭᠡᠪᠡ᠃ ᠡᠨᠡ᠎ᠨᠢ ᠭᠤᠷᠪᠠᠳᠤᠭ᠋ᠠᠷ ᠬᠤᠭᠤᠴᠠᠭ᠋ᠠᠨ᠎ᠤ ᠲᠤᠮᠳᠠᠳᠤ ᠤᠯᠤᠰ᠂ ᠮᠤᠩᠭᠤᠯ ᠤᠯᠤᠰ᠎ᠤᠨ ᠲᠡᠯᠡᠭᠡᠢ ᠵᠢᠨ ᠬᠢᠳᠡᠳ ᠮᠤᠩᠭᠤᠯ ᠡᠮ ᠡᠮᠨᠡᠯᠭᠡ ᠵᠢᠨ ᠤᠢ᠌ᠯᠡᠰ᠎ᠤᠨ ᠬᠦᠭᠵᠢᠯᠳᠡ ᠵᠢᠨ ᠰᠤᠳᠤᠯᠭ᠋ᠠᠨ᠎ᠤ ᠴᠢᠬᠤᠯᠠ ᠬᠦᠳᠡᠯᠭᠡᠭᠡᠨ᠎ᠤ ᠨᠢᠭᠡ᠎ᠨᠢ ᠪᠤᠯᠤᠭᠰᠡᠨ ᠶᠤᠮ᠃
   2019 ᠤᠨ᠎ᠤ 9  ᠳ᠋ᠦ᠍ᠭᠡᠷ ᠰᠡᠷ᠎ᠠ ᠵᠢᠨ 24᠎ᠳᠤ᠂ ᠭᠤᠷᠪᠠᠳᠤᠭ᠋ᠠᠷ ᠤᠳᠠᠭ᠋ᠠᠨ᠎ᠤ ᠵᠠᠮᠪᠠᠯᠳᠤᠷᠵᠢ ᠵᠢᠨ ᠮᠤᠩᠭᠤᠯ ᠡᠮ ᠡᠮᠨᠡᠯᠭᠡ ᠵᠢᠨ ᠠᠵᠤ ᠠᠬᠤᠢ᠌ᠯᠡᠯ᠎ᠤᠨ ᠰᠤᠳᠤᠯᠤᠨ ᠶᠠᠷᠢᠯᠴᠠᠬᠤ ᠬᠤᠷᠡᠯ᠎ᠢ ᠨᠠᠢ᠍ᠮᠠᠨ ᠬᠤᠰᠢᠭᠤᠨ᠎ᠳᠤ ᠬᠢᠵᠡᠢ᠃
   ᠠ᠊ · ᠡᠷᠳᠡᠨᠢᠪᠡᠶᠡᠷ ᠪᠠᠭᠰᠢ ᠵᠢᠨ ᠡᠷᠬᠢᠯᠡᠵᠤ ᠬᠢᠭᠰᠡᠨ ᠪᠠ ᠲᠡᠬᠦᠨ᠎ᠤ ᠨᠦᠯᠤᠭᠡ᠎ᠪᠠᠷ ᠬᠤᠷᠡᠯᠳᠤᠭᠤᠯᠤᠭᠰᠡᠨ ᠬᠡᠳᠤ ᠤᠳᠠᠭ᠋ᠠᠨ᠎ᠤ ᠵᠠᠮᠪᠠᠯᠳᠤᠷᠵᠢ ᠵᠢᠨ ᠲᠤᠬᠠᠢ ᠰᠤᠳᠤᠯᠭ᠋ᠠᠨ᠎ᠤ ᠬᠤᠷᠡᠯ᠎ᠠᠴᠠ ᠪᠤᠯᠵᠤ᠂ ᠨᠠᠢ᠍ᠮᠠᠨ ᠬᠤᠰᠢᠭᠤ ᠴᠠᠭ᠋ᠠᠰᠢᠯᠠᠭ᠋ᠠᠳ ᠲᠦᠨᠭᠯᠢᠶᠤᠤ ᠬᠤᠳᠠ᠂ ᠦᠪᠤᠷ ᠮᠤᠩᠭᠤᠯ᠎ᠳᠤ ᠵᠠᠮᠪᠠᠯᠳᠤᠷᠵᠢ ᠵᠢᠨ ᠲᠤᠬᠠᠢ ᠬᠠᠯᠠᠭᠤᠷᠡᠯ ᠡᠬᠦᠰᠴᠡᠢ᠃ ᠡᠯ᠎ᠠ ᠰᠤᠨᠢᠨ ᠰᠡᠳᠬᠦᠯ᠂ ᠷᠡᠳᠢᠤ᠋᠂ ᠲᠸᠯᠸᠢᠰ ᠲᠡᠭᠡᠷ᠎ᠠ ᠵᠠᠮᠪᠠᠯᠳᠤᠷᠵᠢ ᠵᠢᠨ ᠨᠠᠮᠳᠡᠷ ᠵᠢᠴᠢ ᠲᠡᠬᠦᠨ᠎ᠤ ᠪᠦᠳᠤᠭᠡᠯ 《ᠦᠵᠡᠰᠬᠦᠯᠠᠡᠭ ᠨᠢᠳᠤᠨ ᠴᠢᠮᠡᠭ》᠎ᠢ ᠦᠷᠭᠡᠨ ᠵᠢᠡᠷ ᠤᠬᠠᠭᠤᠯᠤᠨ ᠲᠡᠨᠢᠯᠴᠠᠭᠤᠯᠬᠤ ᠪᠤᠯᠵᠤ᠂ ᠵᠠᠮᠪᠠᠯᠳᠤᠷᠵᠢ ᠵᠢᠨ ᠰᠤᠳᠤᠯᠬᠤ ᠭᠠᠵᠡᠷ᠂ ᠲᠡᠬᠦᠨ᠎ᠤ ᠵᠢᠷᠤᠭ ᠰᠡᠬᠦᠳᠡᠷ᠂ ᠱᠤᠭᠤᠮᠡᠯ ᠬᠦᠰᠢᠶ᠎ᠠ᠂ ᠮᠦᠽᠸᠢ᠂ ᠦᠵᠡᠬᠦᠯᠤᠯᠭᠡ ᠬᠤᠢ᠌ᠨ᠎ᠠ ᠬᠤᠢ᠌ᠨ᠎ᠠ᠎ᠠᠴᠠ᠎ᠪᠠᠨ ᠪᠠᠢ᠌ᠭᠤᠯᠤᠭᠳᠠᠪᠡ᠃
    ᠤᠳᠤ ᠠ᠊ · ᠡᠷᠳᠡᠨᠢᠪᠡᠶᠡᠷ ᠪᠠᠭᠰᠢ ᠵᠢᠨ ᠬᠦᠰᠡᠯ ᠮᠦᠷᠤᠭᠡᠳᠤᠯ ᠠᠩᠬ᠎ᠠ ᠠᠯᠬᠤᠮ ᠪᠡᠶᠡᠯᠡᠭᠳᠡᠯ᠎ᠠ᠃ ᠨᠠᠢ᠍ᠮᠠᠨ ᠬᠤᠰᠢᠭᠤᠨ᠎ᠤ ᠮᠤᠩᠭᠤᠯ ᠡᠮ᠎ᠤᠨ ᠮᠠᠲᠸᠷᠢᠶᠡᠯ᠎ᠢ ᠪᠤᠯᠪᠡᠰᠤᠷᠠᠭᠤᠯᠤᠨ ᠪᠤᠷᠤᠯᠠᠭᠤᠯᠬᠤ ᠠᠵᠤ ᠠᠬᠤᠢ᠌ᠯᠡᠯ ᠨᠢᠬᠡᠨᠳᠡ 30 ᠭᠠᠷᠤᠢ ᠪᠠᠢ᠌ᠵᠤ᠂ ᠡᠮ᠎ᠤᠨ ᠮᠠᠲᠸᠷᠢᠶᠡᠯ᠎ᠤᠨ ᠠᠵᠤ ᠠᠬᠤᠢ᠌ᠯᠡᠯ᠎ᠤᠨ ᠬᠦᠷᠢᠶᠡᠯᠡᠡᠭ ᠪᠠᠢ᠌ᠭᠤᠯᠤᠭᠳᠠᠪᠡ᠂ ᠵᠢᠯ᠎ᠳᠤ 20 ᠲᠦᠮᠡᠨ ᠲᠤᠨ ᠡᠮ᠎ᠤᠨ ᠮᠠᠲᠸᠷᠢᠶᠡᠯ᠎ᠢ ᠪᠤᠷᠤᠯᠠᠭᠤᠯᠤᠨ ᠬᠤᠳᠠᠯᠳᠤᠬᠤ ᠲᠦᠪ ᠪᠠᠢ᠌ᠭᠤᠯᠤᠭᠳᠠᠵᠤ᠂ ᠡᠮ᠎ᠤᠨ ᠮᠠᠲᠸᠷᠢᠶᠡᠯ᠎ᠢ ᠲᠡᠷᠢᠬᠤ 40 ᠲᠦᠮᠡᠨ ᠮᠤ᠌ ᠰᠠᠭᠤᠷᠢᠨ ᠭᠠᠵᠡᠷ᠎ᠲᠠᠢ ᠪᠤᠯᠵᠡᠢ᠃ ᠵᠢᠯ᠎ᠤᠨ ᠠᠵᠤ ᠠᠬᠤᠢ ᠵᠢᠨ ᠦᠷ᠎ᠠ ᠠᠰᠢᠭ᠎ᠨᠢ 6 ᠳ᠋ᠤᠢ᠍ᠩᠰᠢᠭᠤᠷ ᠲᠦᠬᠦᠷᠢᠭ᠎ᠲᠤ ᠬᠦᠷᠴᠤ᠂ ᠪᠦᠬᠦ ᠬᠤᠰᠢᠭᠤᠨ᠎ᠤ ᠠᠵᠤ ᠤᠢ᠌ᠯᠡᠳᠪᠤᠷᠢᠯᠡᠯ᠎ᠤᠨ ᠶᠡᠷᠤᠩᠭᠡᠢ ᠦᠷᠳᠡᠭ᠎ᠢ 30 ᠳ᠋ᠤᠢ᠍ᠩᠰᠢᠭᠤᠷ ᠲᠦᠬᠦᠷᠢᠭ ᠨᠡᠮᠡᠭᠳᠡᠬᠦᠯᠵᠤ᠂ 3 ᠲᠦᠮᠡᠨ ᠬᠦᠮᠤᠨ᠎ᠢ ᠠᠵᠢᠯ ᠤᠯᠭᠤᠵᠤ᠂ ᠲᠦᠨᠭᠯᠢᠶᠤᠤ ᠬᠤᠳᠠ᠎ᠨᠢ ᠪᠦᠬᠦ ᠤᠯᠤᠰ᠎ᠤᠨ 《ᠮᠤᠩᠭᠤᠯ ᠡᠮ ᠡᠮᠨᠡᠯᠭᠡ ᠵᠢᠨ ᠨᠠᠢ᠌ᠰᠯᠡᠯ》 ᠪᠤᠯᠵᠡᠢ᠃

    ᠬᠤᠶᠡᠷ᠂ 《ᠨᠠᠢ᠍ᠮᠠᠨ ᠬᠤᠰᠢᠭᠤᠨ᠎ᠤ ᠲᠡᠤᠭᠡ ᠰᠤᠶᠤᠯ᠎ᠤᠨ ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠠᠵᠢᠯ᠎ᠢ ᠰᠡᠳᠤᠵᠤ ᠬᠢᠭᠰᠡᠨ᠎ᠨᠢ

    2015 ᠤᠨ᠎ᠤ 4 ᠰᠡᠷ᠎ᠠ ᠵᠢᠨ 11᠎ᠤ ᠡᠳᠤᠷ᠂ ᠪᠢ ᠲᠦᠨᠭᠯᠢᠶᠤᠤ ᠵᠢᠨ ᠬᠤᠷᠴᠢᠨ ᠮᠦᠽᠸᠢ ᠵᠢᠨ ᠬᠠᠰᠡᠷᠳᠡᠨᠢ᠂ ᠪᠸᠨ ᠡᠾᠸ ᠯᠢᠡᠭ᠎ᠢ ᠲᠠᠭ᠋ᠠᠭᠤᠯᠤᠨ ᠬᠦᠬᠡᠬᠤᠳᠠ᠎ᠳᠤ ᠢᠷᠡᠵᠤ 《ᠴᠦᠨ ᠰᠢᠤᠸᠠᠢ ᠰᠸ ᠵᠢᠢ》 ᠪᠠᠭᠤᠳᠡᠯ᠎ᠳᠤ ᠪᠠᠭᠤᠪᠡ᠃ ᠮᠠᠨ᠎ᠤ ᠡᠨᠡ ᠤᠳᠠᠭ᠎ᠠ ᠬᠦᠬᠡᠬᠤᠳᠠ᠎ᠳᠤ ᠢᠷᠡᠭᠰᠡᠨ᠎ᠨᠢ ᠬᠤᠷᠴᠢᠨ ᠮᠦᠽᠸᠢ᠎ᠳᠤ᠎ᠪᠠᠨ 《ᠠᠳᠤᠭᠤᠨ ᠰᠤᠶᠤᠯ᠎ᠤᠨ ᠦᠵᠡᠬᠦᠯᠤᠯᠭᠡ》 ᠭᠠᠷᠭ᠋ᠠᠵᠤ᠂ ᠬᠤᠷᠢᠶᠠᠨ ᠬᠠᠳᠠᠭ᠋ᠠᠯᠠᠭᠴᠢ ᠪᠠᠢ ᠰᠸᠳᠡᠡᠭ ᠠᠪᠤᠭ᠋ᠠᠢ᠎ᠠᠴᠠ 100 ᠮᠤᠷᠢᠨ ᠡᠮᠡᠭᠡᠯ ᠬᠤᠳᠠᠯᠳᠤᠨ ᠠᠪᠴᠤ᠂ ᠪᠠᠢ ᠰᠸᠳᠡᠡᠭ᠎ᠲᠠᠢ ᠡᠮᠡᠭᠡᠯ᠎ᠤᠨ ᠦᠨ᠎ᠠ ᠬᠠᠩᠰᠢ ᠵᠢ ᠬᠡᠯᠡᠯᠴᠡᠨ ᠲᠤᠬᠢᠷᠠᠯᠴᠠᠬᠤ ᠬᠡᠰᠡᠨ ᠶᠤᠮ᠃ ᠪᠢᠳᠡ ᠲᠤᠰ ᠠᠵᠢᠯ ᠵᠢᠨᠨ ᠶᠠᠷᠢᠯᠴᠡᠨ ᠲᠤᠭᠳᠠᠵᠤ᠂ 《ᠬᠡᠷ᠎ᠠ ᠪᠢᠴᠢᠭ》᠎ᠲᠤ ᠭᠠᠷ᠎ᠤᠨ ᠦᠰᠦᠭ ᠵᠢᠷᠤᠭᠰᠡᠨ᠎ᠤ ᠲᠡᠷᠠᠭ᠎ᠠ᠂ 12᠎ᠤᠨ ᠦᠳᠡᠰᠢ ᠪᠢ ᠪᠠᠭᠤᠳᠡᠯ᠎ᠤᠨ ᠬᠤᠭᠤᠯᠠᠨ ᠬᠡᠷ᠎ᠲᠤ ᠲᠤᠮᠤ ᠰᠢᠷᠡᠭᠡ ᠵᠠᠬᠢᠶᠠᠯᠠᠨ ᠭᠤᠤᠯᠳᠠᠭᠤ ᠮᠢᠨᠤ ᠰᠤᠷᠤᠭᠴᠢᠳ ᠵᠢᠨᠨ ᠲᠡᠢ᠌ᠯᠡᠪᠡ᠃ ᠡᠷᠳᠡᠨᠢᠪᠠᠶᠡᠷ ᠪᠠᠭᠰᠢ᠂ ᠪᠠᠳᠮᠡᠡᠤᠳᠰᠡᠷ ᠪᠠᠭᠰᠢ᠂ ᠵᠠᠭᠤᠨᠨᠡᠰᠤᠳᠤ ᠤᠳᠤᠷᠢᠳᠤᠭ᠋ᠠᠴᠢ᠂ ᠬᠠᠨ ᠦᠯᠵᠡᠢ᠌ᠳᠤᠭᠳᠠᠬᠤ ᠱᠦᠵᠢ᠂ ᠪᠦᠷᠬᠦᠳ ᠲᠠᠭ᠋ᠠᠭ᠋ᠠᠮᠡᠯ᠂ ᠭᠠᠯᠰᠠᠡᠭ ᠪᠠᠭᠰᠢ᠂ ᠡᠤ ᠦᠯᠵᠡᠢ᠌ᠳᠤᠭᠳᠠᠬᠤ ᠪᠠᠭᠰᠢ᠂ ᠴᠦᠨ ᠬᠤᠸᠨ ᠪᠠᠭᠰᠢ᠂ ᠡᠤ ᠵᠢᠨ ᠪᠤᠤ ᠬᠤᠷᠢᠶᠠᠨ ᠲᠡᠷᠤᠭ᠎ᠠ᠂ ᠤᠯᠠᠭ᠋ᠠᠨᠬᠠᠳᠠ ᠲᠡᠭᠡᠳᠤ ᠰᠤᠷᠭ᠋ᠠᠭᠤᠯᠢ ᠵᠢᠨ ᠲᠡᠳ᠋ ᠵᠠᠬᠢᠷᠤᠯ ᠲᠡᠯᠭᠡᠷ ᠪᠠᠭᠰᠢ᠂ ᠬᠠᠰᠡᠷᠳᠡᠨᠢ ᠵᠢᠨ ᠡᠭᠡᠴᠢ ᠬᠦᠷᠭᠡᠨ ᠠᠬ᠎ᠠ ᠱᠠᠬᠠᠷᠤ᠂ ᠪᠠᠢ ᠱᠦᠨ ᠨᠡᠷ ᠤᠷᠤᠯᠴᠡᠵᠡᠢ᠃ ᠬᠤᠭᠤᠯᠠᠨ᠎ᠤ ᠲᠡᠷᠠᠭ᠎ᠠ ᠠ᠊ · ᠡᠷᠳᠡᠨᠢᠪᠡᠶᠡᠷ ᠪᠠᠭᠰᠢ᠄ 《ᠦ᠊ ᠪᠠᠭᠰᠢ ᠵᠢᠨ ᠦᠷᠤᠭᠡᠨ᠎ᠳᠤ ᠤᠷᠤᠵᠤ ᠶᠠᠷᠢᠯᠴᠡᠵᠤ ᠰᠠᠭᠤᠶ᠎ᠠ》 ᠬᠡᠳ ᠪᠠᠳᠮᠡᠡᠤᠳᠰᠡᠷ᠂ ᠭᠠᠯᠰᠠᠡᠭ᠂ ᠦᠯᠵᠡᠢ᠌ᠳᠤᠭᠳᠠᠬᠤ ᠨᠡᠷ᠎ᠲᠤ ᠮᠡᠳᠡᠭᠳᠡᠪᠡ᠃ ᠪᠢᠳᠡ ᠮᠢᠨᠤ ᠦᠷᠤᠭᠡᠨ᠎ᠳᠤ ᠴᠤᠭᠯᠡᠷᠠᠭᠰᠡᠨ᠎ᠤ ᠲᠡᠷᠠᠭ᠎ᠠ ᠨᠢᠭᠡ ᠦᠶ᠎ᠠ ᠰᠤᠯᠠ ᠵᠤᠭᠤᠭ ᠶᠠᠷᠢᠯᠴᠡᠵᠤ ᠪᠠᠢ᠌ᠬᠰᠠᠨ ᠵᠢᠨᠨ ᠠ᠊ · ᠡᠷᠳᠡᠨᠢᠪᠡᠶᠡᠷ ᠪᠠᠭᠰᠢ ᠨᠠᠢ᠍ᠮᠠᠨ ᠬᠤᠰᠢᠭᠤᠨ᠎ᠳᠤ᠎ᠪᠠᠨ ᠶᠠᠮᠡᠷ ᠨᠢᠬᠡᠨ ᠲᠤᠰᠠ᠎ᠲᠠᠢ ᠠᠵᠢᠯ ᠬᠢᠬᠦ ᠲᠤᠬᠠᠢ ᠦᠭᠡ ᠡᠬᠦᠰᠬᠡᠵᠤ᠄ 《ᠪᠢᠳᠡ ᠪᠦᠷ ᠪᠢᠴᠢᠭ᠎ᠤᠨ ᠬᠦᠮᠤᠨ᠂ ᠨᠤᠳᠤᠭ ᠤᠰᠤᠨ᠎ᠳᠤ᠎ᠪᠠᠨ ᠮᠦᠨᠭᠬᠦ ᠵᠤᠭᠤᠰ ᠦᠭᠴᠤ ᠲᠡᠢ᠌ᠯᠬᠦ ᠦᠭᠡᠢ᠂ ᠲᠦᠷᠤᠯ ᠵᠤᠢ᠌ᠯ ᠤᠯᠭᠤᠵᠤ ᠴᠢᠳᠠᠬᠤ ᠦᠭᠡᠢ᠂ ᠬᠡᠪᠡᠴᠤ ᠪᠢᠳᠡ ᠨᠤᠮ ᠪᠢᠴᠢᠭ ᠨᠠᠢ᠌ᠷᠠᠭᠤᠯᠤᠨ ᠬᠡᠪᠯᠡᠬᠦᠯᠵᠤ ᠴᠢᠳᠠᠨ᠎ᠠ》 ᠬᠡᠪᠡ᠃ ᠬᠡᠳᠤᠬᠦᠯᠡ ᠶᠠᠷᠢᠯᠴᠠᠭᠰᠡᠨ᠎ᠤ ᠳ᠋ᠤᠢ᠍ᠡᠭ᠎ᠳᠤ ᠬᠠᠮᠳᠤ᠎ᠪᠠᠷ ᠴᠢᠷᠮᠠᠢ᠌ᠨ 《ᠨᠠᠢ᠍ᠮᠠᠨ ᠬᠤᠰᠢᠭᠤᠨ᠎ᠤ ᠲᠡᠤᠭᠡ ᠰᠤᠶᠤᠯ᠎ᠤᠨ ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ᠎ᠪᠠᠷ ᠵᠤᠷᠢᠭ ᠰᠢᠭᠤᠳᠪᠡ᠃
    2016 ᠤᠨ᠎ᠤ ᠨᠢᠭᠡ ᠵᠢᠯ᠎ᠳᠤ᠂ ᠠ᠊ · ᠡᠷᠳᠡᠨᠢᠪᠡᠶᠡᠷ ᠪᠠᠭᠰᠢ ᠤᠯᠠᠨ ᠤᠳᠠᠭ᠎ᠠ ᠤᠬᠠᠭᠤᠯᠬᠤ ᠠᠵᠢᠯ ᠬᠢᠵᠡᠢ᠃ ᠲᠡᠷᠨ ᠮᠠᠨ᠎ᠢ ᠲᠠᠭ᠋ᠠᠭᠤᠯᠤᠨ ᠦᠪᠡᠷ᠎ᠤᠨ ᠵᠡᠷᠤᠳᠡᠯ ᠵᠢᠡᠷ ᠵᠢᠨᠨ ᠭᠤᠷᠪᠠ ᠤᠳᠠᠭ᠎ᠠ ᠨᠠᠢ᠍ᠮᠠᠨ ᠬᠤᠰᠢᠭᠤᠨ᠎ᠳᠤ ᠤᠴᠢᠵᠤ᠂ ᠬᠤᠰᠢᠭᠤᠨ᠎ᠤ ᠤᠳᠤᠷᠢᠳᠤᠯᠭ᠎ᠠ ᠨᠡᠷ᠎ᠲᠤ 《ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠵᠢᠨ ᠠᠴᠢ ᠬᠤᠯᠪᠤᠭᠳᠡᠯ᠎ᠢ ᠤᠬᠠᠭᠤᠯᠤᠨ ᠲᠡᠢ᠌ᠯᠪᠤᠷᠢᠯᠡᠵᠤ᠂ 《ᠴᠤᠪᠤᠷᠡᠯ ᠪᠢᠴᠢᠭ》᠎ᠢ ᠬᠡᠪᠯᠡᠬᠦᠯᠬᠦ ᠲᠦᠰᠤᠪ ᠲᠦᠯᠤᠪᠯᠡᠭᠡ᠂ ᠲᠤᠭ᠋ᠠᠴᠠᠭ᠎ᠠ ᠬᠢᠵᠤ᠂ ᠨᠠᠢ᠍ᠮᠠᠨ ᠬᠤᠰᠢᠭᠤᠨ᠎ᠤ ᠤᠳᠤᠷᠢᠳᠤᠯᠭ᠎ᠠ ᠬᠦᠬᠡᠬᠤᠳᠠ᠎ᠳᠤ ᠢᠷᠡᠬᠦ ᠪᠤᠯᠭ᠋ᠠᠨ ᠪᠤᠯᠵᠤᠨ ᠠᠭᠤᠯᠵᠡᠵᠤ ᠰᠢᠷᠡᠭᠡ ᠵᠠᠰᠡᠨ ᠠᠷᠢᠬᠢ ᠤᠤᠭᠤᠯᠭ᠋ᠠᠵᠤ᠂ ᠨᠠᠢ᠌ᠷ ᠰᠡᠳᠬᠢᠯᠭᠡ᠎ᠪᠠᠨ ᠵᠤᠵᠠᠭ᠋ᠠᠳᠬᠠᠨ ᠬᠠᠷᠢᠴᠠᠭ᠎ᠠ ᠬᠤᠯᠪᠤᠭ᠎ᠠ᠎ᠪᠠᠨ ᠴᠢᠩᠭ᠋ᠠᠳᠬᠠᠵᠤ ᠪᠠᠢ᠌ᠪᠡ᠃ ᠡᠬᠦᠨ᠎ᠳᠤ ᠬᠤᠰᠢᠭᠤᠨ ᠲᠡᠷᠤᠭ᠎ᠠ ᠪᠦᠷᠢᠨ ᠭᠤᠸᠠᠢ 《ᠴᠤᠪᠤᠷᠡᠯ ᠪᠢᠴᠢᠭ》᠎ᠢ ᠬᠡᠪᠯᠡᠬᠦᠯᠬᠦ ᠠᠵᠢᠯ᠎ᠢ ᠪᠦᠬᠦ ᠬᠦᠴᠤᠨ ᠵᠢᠡᠷ ᠵᠢᠨᠨ ᠲᠡᠮᠵᠢᠬᠦ᠎ᠪᠠᠨ ᠢᠯᠡᠷᠭᠡᠢ᠌ᠯᠡᠵᠤ᠂ ᠪᠤᠰᠤᠳ ᠲᠡᠷᠤᠭ᠎ᠠ ᠨᠡᠷ ᠴᠤ᠌ ᠲᠡᠮᠵᠢᠨ᠎ᠠ᠂ ᠬᠠᠪᠰᠤᠷᠤᠨ᠎ᠠ ᠬᠡᠵᠤ ᠪᠠᠢ᠌ᠪᠡ᠃ 2017 ᠤᠨ᠎ᠤ 3  ᠳ᠋ᠤᠭ᠋ᠠᠷ ᠰᠡᠷ᠎ᠠ ᠵᠢᠨ 4᠎ᠳᠤ ᠡᠷᠳᠡᠨᠢᠪᠠᠶᠡᠷ ᠪᠠᠭᠰᠢ ᠨᠠᠢ᠍ᠮᠠᠨ᠎ᠳᠤ ᠤᠴᠢᠵᠤ ᠲᠡᠢ᠌ᠯᠤᠮᠵᠢ ᠬᠢᠭᠰᠡᠨ ᠤᠳᠠᠭ᠎ᠠ ᠬᠤᠷᠡᠯ᠎ᠤᠨ ᠵᠠᠪᠰᠡᠷ ᠵᠢᠡᠷ 《ᠴᠤᠪᠤᠷᠡᠯ ᠪᠢᠴᠢᠭ》᠎ᠢ ᠬᠡᠪᠯᠡᠬᠦᠯᠬᠦ ᠠᠵᠢᠯ᠎ᠢ ᠲᠤᠰᠬᠠᠢ ᠨᠢᠬᠡᠨ ᠰᠡᠳᠤᠪ ᠪᠤᠯᠭ᠋ᠠᠨ ᠨᠠᠢ᠍ᠮᠠᠨ᠎ᠤ ᠤᠳᠤᠷᠢᠳᠤᠯᠭ᠎ᠠ ᠨᠡᠷ᠎ᠲᠠᠢ ᠶᠠᠷᠢᠯᠴᠡᠵᠤ᠂ ᠶᠠᠮᠡᠷ ᠨᠤᠮ᠎ᠢ ᠡᠬᠢᠯᠡᠨ ᠨᠠᠢ᠌ᠷᠠᠭᠤᠯᠤᠨ ᠪᠢᠴᠢᠬᠦ᠂ ᠬᠡᠨ ᠪᠢᠴᠢᠬᠦ᠂ ᠪᠡᠷᠤᠭ ᠬᠡᠳᠤᠢ ᠵᠤᠭᠤᠰ ᠵᠡᠷᠤᠴᠠᠭᠤᠯᠬᠤ ᠵᠡᠷᠭᠡ ᠠᠰᠠᠭᠤᠳᠡᠯ᠎ᠢ ᠶᠡᠭᠡ ᠲᠦᠯᠤᠪ ᠶᠠᠷᠢᠯᠴᠡᠨ ᠲᠤᠭᠳᠠᠵᠤ᠂ ᠪᠢ 《ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦ ᠲᠦᠰᠤᠪ᠎ᠤᠨ ᠡᠭᠡ ᠨᠤᠤᠷᠠᠭ᠎ᠢ ᠡᠷᠳᠡᠨᠢᠪᠠᠶᠡᠷ ᠪᠠᠭᠰᠢ᠎ᠪᠠᠷ ᠬᠢᠨᠠᠭᠤᠯᠤᠭ᠋ᠠᠳ ᠨᠠᠢ᠍ᠮᠠᠨ ᠬᠤᠰᠢᠭᠤᠨ᠎ᠤ ᠭᠤᠤᠯ ᠪᠤᠯᠬᠤ ᠤᠳᠤᠷᠢᠳᠤᠯᠭ᠎ᠠ ᠨᠡᠷ᠎ᠤᠨ ᠬᠦᠮᠤᠨ ᠪᠦᠷᠢ᠎ᠳᠤ ᠨᠢᠭᠡ ᠬᠤᠪᠢ ᠲᠡᠷᠬᠠᠭ᠋ᠠᠵᠤ ᠦᠭᠬᠦᠭᠰᠡᠨ ᠶᠤᠮ᠃
    2017 ᠤᠨ᠎ᠤ 6  ᠳ᠋ᠤᠭ᠋ᠠᠷ ᠰᠡᠷ᠎ᠠ ᠵᠢᠨ 1᠎ᠤ ᠡᠳᠤᠷ᠎ᠠᠴᠠ 《ᠨᠠᠢ᠍ᠮᠠᠨ ᠬᠤᠰᠢᠭᠤᠨ᠎ᠤ ᠲᠡᠤᠭᠡ ᠰᠤᠶᠤᠯ᠎ᠤᠨ ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠠᠵᠢᠯ ᠵᠢᠨᠭᠬᠢᠨᠢ᠎ᠪᠠᠷ ᠡᠬᠢᠯᠡᠪᠡ᠃ ᠬᠤᠶᠡᠷ ᠡᠳᠤᠷ᠎ᠤᠨ ᠡᠮᠤᠨ᠎ᠠ᠂ ᠠ᠊ · ᠡᠷᠳᠡᠨᠢᠪᠡᠶᠡᠷ ᠪᠠᠭᠰᠢ ᠤᠳᠡᠰᠤ ᠢᠷᠡᠬᠦᠯᠵᠤ ᠨᠠᠢ᠍ᠮᠠᠨ ᠬᠤᠰᠢᠭᠤᠨ᠎ᠳᠤ ᠤᠴᠢᠵᠤ ᠬᠤᠷᠡᠯ ᠬᠢᠬᠦ᠎ᠪᠠᠷ ᠲᠤᠭᠳᠠᠪᠡ᠃ 1᠎ᠤ ᠡᠳᠤᠷ᠎ᠤᠨ ᠦᠳᠡᠰᠢ᠂ ᠠ᠊ · ᠡᠷᠳᠡᠨᠢᠪᠡᠶᠡᠷ ᠪᠠᠭᠰᠢ᠂ ᠪᠠᠳᠮᠠᠡᠤᠳᠰᠡᠷ ᠪᠠᠭᠰᠢ᠂ ᠨᠠ᠊ · ᠰᠠᠢ᠌ᠵᠢᠷᠠᠬᠤ ᠪᠠᠭᠰᠢ ᠨᠢᠰᠬᠡᠯ ᠵᠢᠡᠷ ᠲᠦᠨᠭᠯᠢᠶᠤᠤ᠎ᠳᠤ ᠢᠷᠡᠵᠤ ᠪᠠᠭᠤᠪᠡ᠃ ᠪᠢ ᠲᠡᠳᠡᠨ᠎ᠢ ᠲᠤᠰᠴᠤ ᠠᠪᠤᠭ᠋ᠠᠳ ᠰᠦᠨᠢ᠎ᠳᠤ᠎ᠪᠠᠨ ᠨᠠᠢ᠍ᠮᠠᠨ᠎ᠳᠤ ᠤᠴᠢᠵᠡᠢ᠃ ᠡᠨᠡ ᠦᠶ᠎ᠠ᠎ᠳᠤ᠂  ᠦᠪᠦᠷ ᠮᠣᠩᠭᠣᠯ᠎ᠤᠨ ᠦᠨᠳᠤᠰᠤᠳᠡᠨ᠎ᠤ ᠶᠡᠭᠡ ᠰᠤᠷᠭ᠋ᠠᠭᠤᠯᠢ ᠵᠢᠨ ᠭᠠᠯᠰᠠᠡᠭ ᠪᠠᠭᠰᠢ᠂ ᠦᠯᠵᠡᠢ᠌ᠳᠤᠭᠳᠠᠬᠤ ᠪᠠᠭᠰᠢ᠂ ᠡᠾᠸ ᠶᠸᠷ ᠪᠠᠭᠰᠢ ᠪᠤᠯᠤᠨ ᠯᠾᠡᠰᠤᠢ᠍ᠷᠤᠡᠭ ᠨᠡᠷ ᠴᠤ᠌ ᠲᠤᠭᠳᠠᠭᠰᠡᠨ ᠴᠠᠭ᠎ᠲᠤ᠎ᠪᠠᠨ ᠨᠠᠢ᠍ᠮᠠᠨ᠎ᠳᠤ ᠤᠴᠢᠭ᠋ᠠᠳ ᠪᠠᠢ᠌ᠵᠡᠢ᠃ ᠬᠤᠰᠢᠭᠤᠨ ᠲᠡᠷᠤᠭ᠎ᠠ ᠪᠦᠷᠢᠨ ᠭᠤᠸᠠᠢ ᠮᠠᠨᠤᠰ᠎ᠢ ᠬᠠᠯᠠᠭᠤᠨ ᠵᠢᠡᠷ ᠬᠦᠯᠢᠶᠠᠨ ᠠᠪᠴᠤ ᠠᠭᠤᠯᠵᠠᠭ᠋ᠠᠳ ᠬᠦᠨᠳᠤᠳᠡ ᠵᠤᠴᠢᠯᠡᠪᠡ᠃ ᠬᠤᠭᠤᠯᠠᠨ᠎ᠤ ᠲᠡᠷᠠᠭ᠎ᠠ ᠮᠠᠨ᠎ᠤ ᠬᠡᠳᠤᠬᠦᠯᠡ ᠮᠢᠨᠤ ᠦᠷᠤᠭᠡᠨ᠎ᠳᠤ ᠬᠤᠷᠡᠯ ᠬᠢᠵᠤ᠂ ᠮᠡᠷᠭ᠋ᠠᠰᠢ ᠵᠢᠨ ᠬᠤᠷᠡᠯ᠎ᠤᠨ ᠲᠤᠬᠠᠢ ᠶᠠᠷᠢᠯᠴᠡᠪᠡ᠃ ᠡᠨᠡ ᠦᠶ᠎ᠠ᠎ᠳᠤ  ᠰᠥᠨᠢ ᠳᠦᠯᠢ ᠦᠨᠭᠭᠡᠷᠡᠵᠤ ᠪᠠᠢ᠌ᠯ᠎ᠠ᠃ ᠲᠡᠳᠡ ᠪᠦᠬᠦᠳᠡᠭᠡᠷ ᠨᠠᠮ᠎ᠠ ᠵᠢ ᠨᠠᠢ᠌ᠳᠡᠵᠤ᠂ ᠮᠡᠷᠭ᠋ᠠᠰᠢ ᠵᠢᠨ ᠬᠤᠷᠡᠯ ᠲᠡᠭᠡᠷ᠎ᠠ 《ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠠᠵᠢᠯ᠎ᠤᠨ ᠲᠤᠬᠠᠢ ᠶᠠᠷᠢᠭᠤᠯᠬᠤ᠎ᠪᠠᠷ ᠲᠤᠭᠳᠠᠵᠤ᠂ ᠪᠢ ᠨᠢᠭᠡ ᠰᠦᠨᠢ ᠨᠢᠳᠤ ᠬᠠᠮᠬᠢᠯ ᠦᠭᠡᠢ ᠶᠠᠷᠢᠶᠠᠨ᠎ᠤ ᠡᠭᠡ ᠨᠤᠤᠷᠠᠭ ᠵᠢᠨᠨ ᠪᠡᠯᠡᠳᠬᠡᠪᠡ᠃
    2017 ᠤᠨ᠎ᠤ 6  ᠳ᠋ᠤᠭ᠋ᠠᠷ ᠰᠡᠷ᠎ᠠ ᠵᠢᠨ 2᠎ᠤᠨ ᠡᠳᠤᠷ᠂ ᠠᠩᠬ᠎ᠠ ᠤᠳᠠᠭ᠎ᠠ ᠬᠤᠷᠡᠯ ᠬᠢᠵᠤ᠂ 《ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠲᠤᠬᠠᠢ ᠶᠠᠷᠢᠯᠴᠡᠪᠡ᠃ ᠬᠤᠷᠡᠯ᠎ᠢ ᠪᠦᠷᠢᠨ ᠲᠡᠷᠤᠭ᠎ᠠ ᠡᠷᠬᠢᠯᠡᠵᠤ᠂ ᠨᠠᠢ᠍ᠮᠠᠨ᠎ᠤ ᠲᠡᠯ᠎ᠠ᠎ᠠᠴᠠ ᠯᠢ ᠢᠤᠢ ᠱᠠᠨ ᠲᠡᠷᠢᠬᠦᠯᠡᠭᠴᠢ᠂ ᠸᠠᠡᠭ ᠱᠤ᠌ ᠪᠦᠸᠸ ᠲᠤᠪᠴᠢᠶᠠᠨ ᠲᠡᠷᠤᠭ᠎ᠠ᠂ ᠯᠢᠶᠠᠡᠭ ᠴᠸᠨ ᠲᠡᠷᠢᠬᠦᠯᠡᠭᠴᠢ᠂ ᠰᠢ ᠰᠠᠢ᠌ᠡᠡᠤᠴᠡᠷᠠᠯᠳᠤ ᠲᠤᠪᠴᠢᠶᠠᠨ ᠲᠡᠷᠤᠭ᠎ᠠ᠂ ᠵᠤᠬᠢᠶᠠᠯᠴᠢ  ᠬᠠᠩᠳᠠᠭᠤᠳ ᠤᠰᠤᠨᠪᠤᠳᠤᠭ᠂ ᠵᠤᠬᠢᠶᠠᠯᠴᠢ ᠪᠤᠤ ᠢᠤᠢ ᠱᠠᠨ᠂ ᠰᠢ ᠨᠡᠷᠡᠨ ᠪᠠᠭᠰᠢ᠂ ᠶᠦᠸᠸ ᠮᠢᠡᠭ ᠵᠤ᠌ ᠪᠠᠭᠰᠢ ᠪᠤᠯᠤᠨ ᠮᠠᠨ᠎ᠤ ᠬᠡᠳᠤᠬᠦᠯᠡ ᠤᠷᠤᠯᠴᠡᠵᠡᠢ᠃ ᠪᠢ 《ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠲᠤᠬᠠᠢ ᠮᠡᠳᠡᠬᠦᠯᠤᠯᠳᠡ ᠬᠢᠪᠡ᠃
   ᠦᠳᠡ ᠵᠢᠨ ᠬᠤᠢ᠌ᠨ᠎ᠠ᠂ ᠦᠷᠬᠦᠯᠵᠢᠯᠡᠨ ᠬᠤᠷᠡᠯ ᠬᠢᠵᠤ᠂ ᠤᠳᠤᠷᠢᠳᠬᠤ ᠲᠤᠭᠤᠢ᠌ᠯᠠᠡᠭ᠂ ᠨᠠᠢ᠌ᠷᠠᠭᠤᠯᠬᠤ ᠺᠤᠮᠢᠰ ᠵᠡᠷᠭᠡ ᠵᠢ ᠶᠠᠷᠢᠯᠴᠡᠨ ᠲᠤᠭᠳᠠᠪᠡ᠃ ᠮᠠᠨ᠎ᠤ ᠤᠷᠢᠳᠡᠰᠠ ᠪᠡᠯᠡᠳᠬᠡᠭᠰᠡᠨ ᠲᠦᠰᠤᠪ᠎ᠢ ᠦᠨᠳᠤᠰᠤᠯᠡᠨ 《ᠨᠠᠢ᠍ᠮᠠᠨ ᠬᠤᠰᠢᠭᠤᠨ᠎ᠤ ᠲᠡᠤᠭᠡ ᠰᠤᠶᠤᠯ᠎ᠤᠨ ᠴᠤᠪᠤᠷᠡᠯ ᠪᠢᠴᠢᠭ》᠎ᠢ ᠨᠠᠢ᠌ᠳᠡ 33 ᠪᠤᠳᠢ ᠬᠡᠪᠯᠡᠬᠦᠯᠬᠦ᠎ᠪᠠᠷ ᠲᠤᠭᠳᠠᠵᠤ᠂ ᠨᠠᠮ᠎ᠠ ᠵᠢ ᠭᠤᠤᠯ ᠡᠷᠬᠢᠯᠡᠨ ᠨᠠᠢ᠌ᠷᠠᠭᠤᠯᠤᠭᠴᠢ᠂ ᠡᠷᠳᠡᠨᠢᠪᠠᠶᠡᠷ᠂ ᠪᠠᠳᠮᠠᠡᠤᠳᠰᠡᠷ᠂ ᠨᠠ᠊ · ᠰᠠᠢ᠌ᠵᠢᠷᠠᠬᠤ᠂ ᠭᠠᠯᠰᠠᠡᠭ᠂ ᠡᠤ ᠦᠯᠵᠡᠢ᠌ᠳᠤᠭᠳᠠᠬᠤ᠂  ᠬᠠᠩᠳᠠᠭᠤᠳ ᠤᠰᠤᠨᠪᠤᠳᠤᠭ᠂ ᠯᠾᠡᠰᠤᠢ᠍ᠷᠤᠡᠭ᠂ ᠡᠾᠸ ᠶᠸᠷ᠂ ᠪᠤᠤ ᠦᠯᠵᠡᠢ ᠵᠢ ᠲᠡᠳ᠋ ᠡᠷᠬᠢᠯᠡᠨ ᠨᠠᠢ᠌ᠷᠠᠭᠤᠯᠤᠭᠴᠢ᠎ᠪᠠᠷ ᠲᠤᠭᠳᠠᠵᠤ ᠨᠠᠢ᠌ᠷᠠᠭᠤᠯᠬᠤ ᠺᠤᠮᠢᠰ᠎ᠤᠨ ᠸᠢᠴᠡᠲ  ᠴᠣᠭᠯᠠᠷᠠᠯ᠎ᠢ ᠪᠠᠢ᠌ᠭᠤᠯᠪᠡ᠃
    2017 ᠤᠨ᠎ᠤ 6  ᠳ᠋ᠤᠭ᠋ᠠᠷ ᠰᠡᠷ᠎ᠠ ᠵᠢᠨ 27᠎ᠤ ᠡᠳᠤᠷ᠂ ᠠ᠊ · ᠡᠷᠳᠡᠨᠢᠪᠡᠶᠡᠷ ᠪᠠᠭᠰᠢ ᠮᠠᠨ᠎ᠤ 《ᠭᠤᠷᠪᠠᠨ ᠦᠯᠵᠡᠢ》 (ᠦᠯᠵᠡᠢ᠌ᠬᠤᠳᠤᠭ᠂ ᠬᠠᠨ ᠦᠯᠵᠡᠢ᠌ᠳᠤᠭᠳᠠᠬᠤ᠂ ᠦᠯᠵᠡᠢ᠌ᠴᠡᠴᠡᠭ) ᠵᠢ ᠲᠤᠮᠢᠯᠡᠨ ᠦᠪᠤᠷ ᠮᠤᠩᠭᠤᠯ᠎ᠤᠨ ᠠᠷᠡᠳ᠎ᠤᠨ ᠬᠡᠪᠯᠡᠯ᠎ᠤᠨ ᠬᠤᠷᠢᠶ᠎ᠠ᠎ᠳᠤ ᠤᠴᠢᠭᠤᠯᠵᠤ ᠵᠢᠷᠤᠮᠳᠤ ᠬᠤᠷᠢᠶᠠᠨ ᠲᠡᠷᠤᠭ᠎ᠠ᠂ ᠬᠦᠢ ᠿᠤᠢ᠍ᠡᠭ ᠲᠡᠳ᠋ ᠬᠤᠷᠢᠶᠠᠨ ᠲᠡᠷᠤᠭ᠎ᠠ ᠵᠢ ᠡᠷᠢᠬᠦᠯᠵᠤ 《ᠨᠠᠢ᠍ᠮᠠᠨ ᠬᠤᠰᠢᠭᠤᠨ᠎ᠤ ᠲᠡᠤᠭᠡ ᠰᠤᠶᠤᠯ᠎ᠤᠨ ᠴᠤᠪᠤᠷᠡᠯ ᠪᠢᠴᠢᠭ》᠎ᠢ ᠬᠡᠪᠯᠡᠬᠦᠯᠬᠦ ᠶᠠᠪᠤᠳᠡᠯ᠎ᠢ ᠮᠡᠳᠡᠬᠦᠯᠤᠨ᠂ ᠲᠦᠷᠤᠯ ᠵᠤᠢ᠌ᠯ᠂ ᠨᠤᠮ᠎ᠤᠨ ᠳ᠋ᠤᠭ᠋ᠠᠷ ᠭᠤᠶᠤᠴᠢᠯᠠᠪᠡ᠃ ᠵᠢᠷᠤᠮᠳᠤ᠂ ᠬᠦᠢ ᠿᠤᠢ᠍ᠡᠭ ᠬᠤᠶᠡᠷ ᠲᠡᠷᠤᠭ᠎ᠠ ᠮᠠᠨ᠎ᠤ ᠠᠵᠢᠯ᠎ᠢ ᠲᠡᠮᠵᠢᠨ᠎ᠠ ᠬᠡᠵᠤ ᠢᠯᠡᠳᠬᠡᠵᠤ᠂ ᠡᠨᠡ ᠶᠠᠪᠤᠳᠡᠯ᠎ᠢ ᠴᠡᠡᠭ ᠰᠦᠸᠸ ᠡᠷᠬᠢᠯᠡᠭᠴᠢ᠎ᠳᠤ ᠲᠤᠰᠢᠶᠠᠨ ᠦᠭᠴᠡᠢ᠃ ᠠ᠊ · ᠡᠷᠳᠡᠨᠢᠪᠡᠶᠡᠷ ᠪᠠᠭᠰᠢ ᠰᠤᠨᠤᠰᠤᠭ᠋ᠠᠳ ᠲᠤᠢ᠌ᠯ ᠵᠢᠡᠷ ᠪᠠᠶᠡᠷᠯᠠᠵᠤ ᠲᠤᠰᠬᠠᠢ᠌ᠯᠠᠨ ᠰᠢᠷᠡᠭᠡ ᠵᠠᠰᠠᠵᠤ ᠮᠠᠨᠤᠰ᠎ᠢ ᠵᠤᠴᠢᠯᠡᠨ ᠨᠤᠮ ᠵᠢᠨᠨ ᠶᠠᠭ᠋ᠠᠬᠢᠵᠤ ᠬᠡᠪᠯᠡᠬᠦᠯᠬᠦ᠂ ᠶᠠᠮᠡᠷ ᠰᠠᠢ᠌ᠬᠠᠨ ᠴᠢᠨᠡᠷ ᠴᠢᠨᠰᠠᠭ᠎ᠠ᠎ᠲᠠᠢ ᠭᠠᠷᠭ᠋ᠠᠬᠤ ᠲᠤᠬᠠᠢ ᠪᠠᠬᠠᠳᠤᠨ ᠶᠠᠷᠢᠵᠤ ᠪᠠᠢ᠌ᠪᠡ᠃ ᠢᠨᠭᠬᠢᠭᠡᠳ 《ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠠᠵᠢᠯ ᠢᠯᠭᠤᠮ ᠵᠢᠡᠷ ᠵᠠᠮ᠎ᠳᠤ᠎ᠪᠠᠨ ᠤᠷᠤᠵᠡᠢ᠃
   2017 ᠤᠨ᠎ᠤ 10 ᠰᠡᠷ᠎ᠠ ᠵᠢᠨ 21᠎ᠤ ᠡᠳᠤᠷ᠂ ᠵᠤᠬᠢᠶᠠᠯᠴᠢ ᠬᠠᠩᠳᠠᠭᠤᠳ ᠤᠰᠤᠨᠪᠤᠳᠤᠭ ᠪᠢᠳᠡ ᠬᠤᠶᠠᠭᠤᠯᠠ ᠬᠦᠬᠡᠬᠤᠳᠠ᠎ᠳᠤ ᠢᠷᠡᠵᠤ 《ᠴᠤᠪᠤᠷᠡᠯ ᠪᠢᠴᠢᠭ》᠎ᠤᠨ ᠲᠦᠷᠦᠬᠦᠦ ᠪᠦᠯᠦᠭ 8 ᠪᠤᠳᠢ ᠨᠤᠮ᠎ᠤᠨ ᠡᠭᠡ ᠪᠢᠴᠢᠭ᠎ᠢ ᠠᠷᠡᠳ᠎ᠤᠨ ᠬᠡᠪᠯᠡᠯ᠎ᠤᠨ ᠬᠤᠷᠢᠶ᠎ᠠ᠎ᠳᠤ ᠲᠤᠰᠢᠶᠠᠪᠡ᠃ 8 ᠪᠤᠳᠢ ᠨᠤᠮ᠎ᠢ ᠨᠠᠢ᠌ᠷᠠᠭᠤᠯᠤᠨ ᠡᠮᠬᠢᠳᠬᠡᠬᠦ ᠶᠠᠪᠤᠴᠡ᠎ᠳᠤ ᠬᠠᠩᠳᠠᠭᠤᠳ ᠤᠰᠤᠨᠪᠤᠳᠤᠭ ᠲᠤᠡᠭ ᠶᠡᠭᠡ ᠬᠦᠴᠤ ᠬᠦᠯᠤᠰᠤ ᠵᠡᠷᠤᠴᠠᠭᠤᠯᠤᠭᠰᠡᠨ ᠶᠤᠮ᠃ ᠮᠦᠨ ᠪᠤᠰᠤᠳ ᠲᠡᠳ᠋ ᠡᠷᠬᠢᠯᠡᠨ ᠨᠠᠢ᠌ᠷᠠᠭᠤᠯᠤᠭᠴᠢ ᠨᠡᠷ ᠬᠤᠪᠢ ᠬᠤᠪᠢ ᠵᠢᠨ ᠴᠢᠷᠮᠠᠢ᠌ᠯᠭ᠎ᠠ᠎ᠪᠠᠨ ᠭᠠᠷᠭ᠋ᠠᠵᠡᠢ᠃
    ᠠ᠊ · ᠡᠷᠳᠡᠨᠢᠪᠡᠶᠡᠷ ᠪᠠᠭᠰᠢ ᠵᠢᠨ ᠰᠠᠨᠠᠭ᠋ᠠᠴᠢᠯᠠᠭ᠎ᠠ᠎ᠪᠠᠷ 《ᠨᠠᠢ᠍ᠮᠠᠨ᠎ᠤ ᠡᠬᠦᠰᠤᠯ ᠭᠠᠷᠤᠯ ᠬᠢᠭᠡᠳ ᠰᠤᠶᠤᠯ ᠲᠡᠤᠭᠡ ᠵᠢᠨ ᠲᠤᠬᠠᠢ ᠰᠤᠳᠤᠯᠤᠨ ᠶᠠᠷᠢᠯᠴᠠᠬᠤ ᠬᠤᠷᠡᠯ》 2018 ᠤᠨ᠎ᠤ 3 ᠳ᠋ᠤᠭ᠋ᠠᠷ ᠰᠡᠷ᠎ᠠ ᠵᠢᠨ 3᠎ᠤ ᠡᠳᠤᠷ ᠬᠦᠬᠡᠬᠤᠳᠠ᠎ᠳᠤ ᠬᠤᠷᠡᠯᠳᠤᠪᠡ᠃ ᠬᠤᠷᠡᠯ᠎ᠳᠤ ᠪ᠊ · ᠬᠡᠷᠡᠯᠳᠤ ᠪᠠᠭᠰᠢ᠂ ᠪᠤᠤᠰᠢᠶᠠᠡᠭ ᠪᠠᠭᠰᠢ᠂ ᠬᠦᠷᠡᠯᠱ᠌ᠠ ᠪᠠᠭᠰᠢ ᠤᠷᠤᠯᠴᠡᠵᠡᠢ᠃ ᠬᠤᠷᠡᠯ᠎ᠤᠨ ᠬᠤᠭᠤᠴᠠᠭ᠋ᠠᠨ᠎ᠳᠤ ᠡᠷᠳᠡᠨᠢᠪᠠᠶᠡᠷ ᠪᠠᠭᠰᠢ᠂ ᠨᠠ᠊ · ᠰᠠᠢ᠌ᠵᠢᠷᠠᠬᠤ ᠪᠠᠭᠰᠢ ᠪᠢᠳᠡ ᠭᠤᠷᠪᠠᠭᠤᠯᠠ 《ᠴᠤᠪᠤᠷᠡᠯ ᠪᠢᠴᠢᠭ》᠎ᠤᠨ ᠬᠠᠪᠢᠰᠤ ᠤᠷᠡᠯᠡᠯ᠎ᠤᠨ ᠲᠤᠬᠠᠢ ᠶᠠᠷᠢᠯᠴᠡᠨ ᠵᠦᠪᠳᠡᠵᠤ᠂ ᠨᠠ᠊ · ᠰᠠᠢ᠌ᠵᠢᠷᠠᠬᠤ ᠪᠠᠭᠰᠢ ᠬᠡᠳᠤ ᠤᠳᠠᠭ᠎ᠠ ᠪᠠᠰᠤᠳᠢ ᠬᠠᠰᠪᠢᠯᠢᠭ᠌ ᠪᠠᠭᠰᠢ᠂ ᠴᠡᠩᠭᠡᠯᠳᠤ ᠡᠷᠬᠢᠯᠡᠭᠴᠢ᠎ᠲᠠᠢ ᠠᠭᠤᠯᠵᠡᠨ ᠠ᠊ · ᠡᠷᠳᠡᠨᠢᠪᠡᠶᠡᠷ ᠪᠠᠭᠰᠢ ᠪᠢᠳᠡ ᠬᠤᠶᠠᠭᠤᠯᠠ ᠵᠢᠨ ᠰᠠᠨᠠᠯ᠎ᠢ ᠲᠡᠮᠵᠢᠭᠤᠯᠵᠤ ᠪᠠᠢ᠌ᠪᠡ᠃
    2018 ᠤᠨ᠎ᠤ 7 ᠳ᠋ᠤᠭ᠋ᠠᠷ ᠰᠡᠷ᠎ᠠ ᠵᠢᠨ 18᠎ᠤ ᠡᠳᠤᠷ᠂ ᠨᠠᠢ᠍ᠮᠠᠨ ᠬᠤᠰᠢᠭᠤᠨ᠎ᠤ ᠤᠯᠠᠨ ᠨᠠᠢ᠌ᠳᠡ ᠵᠢᠨ ᠠᠷᠠᠯᠵᠢᠶᠠᠨ᠎ᠤ ᠲᠦᠪ᠎ᠲᠤ 《ᠨᠠᠢ᠍ᠮᠠᠨ ᠬᠤᠰᠢᠭᠤᠨ᠎ᠤ ᠲᠡᠤᠭᠡ ᠰᠤᠶᠤᠯ᠎ᠤᠨ ᠴᠤᠪᠤᠷᠡᠯ ᠪᠢᠴᠢᠭ》᠎ᠤᠨ 8 ᠪᠤᠳᠢ ᠨᠤᠮ᠎ᠤᠨ ᠲᠠᠭ᠋ᠠᠭ᠋ᠠᠴᠢᠯᠠᠯᠳᠡ ᠵᠡᠷᠯᠠᠬᠤ ᠬᠤᠷᠡᠯ ᠬᠢᠵᠤ᠂ ᠦᠪᠤᠷ ᠮᠤᠩᠭᠤᠯ᠎ᠤᠨ ᠠᠷᠡᠳ᠎ᠤᠨ ᠬᠡᠪᠯᠡᠯ᠎ᠤᠨ ᠬᠤᠷᠢᠶ᠎ᠠ ᠵᠡᠷᠭᠡ ᠭᠤᠷᠪᠠᠨ ᠬᠡᠪᠯᠡᠯ᠎ᠤᠨ ᠬᠤᠷᠢᠶ᠎ᠠ ᠲᠠᠭ᠋ᠠᠭ᠋ᠠᠴᠢᠯᠠᠯᠳᠡ ᠵᠢᠨ ᠪᠢᠴᠢᠭ ᠲᠤᠰᠢᠶᠠᠵᠤ᠂ ᠠᠷᠡᠳ᠎ᠤᠨ ᠬᠡᠪᠯᠡᠯ᠎ᠤᠨ ᠬᠤᠷᠢᠶ᠎ᠠ ᠵᠢᠨ ᠮᠤᠩᠭᠤᠯ ᠨᠠᠢ᠌ᠷᠠᠭᠤᠯᠬᠤ ᠬᠡᠯᠳᠡᠰ᠎ᠤᠨ ᠲᠡᠳ᠋ ᠡᠷᠬᠢᠯᠡᠭᠴᠢ ᠴᠡᠩᠭᠡᠯᠳᠤ᠂ ᠨᠠᠢ᠌ᠷᠠᠭᠤᠯᠤᠭᠴᠢ ᠬᠦᠭᠵᠢᠯᠳᠤ ᠵᠡᠷᠭᠡ ᠠᠷᠪᠠᠭ᠋ᠠᠳ ᠬᠦᠮᠤᠨ ᠬᠦᠬᠡᠬᠤᠳᠠ᠂ ᠬᠠᠢ᠌ᠯᠡᠷ᠂ ᠲᠦᠨᠭᠯᠢᠶᠤᠤ ᠵᠡᠷᠭᠡ ᠭᠠᠵᠡᠷ᠎ᠠᠴᠠ ᠢᠷᠡᠵᠤ ᠤᠷᠤᠯᠴᠡᠵᠡᠢ᠃ ᠡᠴᠤᠰ ᠎ᠲᠤ᠎ᠪᠠᠨ ᠠᠷᠡᠳ᠎ᠤᠨ ᠬᠡᠪᠯᠡᠯ᠎ᠤᠨ ᠬᠤᠷᠢᠶ᠎ᠠ ᠲᠠᠭ᠋ᠠᠭ᠋ᠠᠴᠢᠯᠠᠯᠳᠡ ᠵᠢ ᠤᠯᠵᠡᠢ᠃ 21᠎ᠤ ᠡᠳᠤᠷ ᠪᠢ ᠬᠦᠬᠡᠬᠤᠳᠠ᠎ᠳᠤ ᠢᠷᠡᠵᠤ ᠠ᠊ · ᠡᠷᠳᠡᠨᠢᠪᠡᠶᠡᠷ ᠪᠠᠭᠰᠢ᠎ᠲᠠᠢ ᠠᠭᠤᠯᠵᠡᠨ ᠡᠭᠡ ᠪᠢᠴᠢᠭ ᠵᠢᠨ ᠪᠡᠷᠯᠠᠭᠤᠯᠬᠤ ᠠᠵᠢᠯ᠎ᠢ ᠡᠬᠢᠯᠡᠬᠦᠯᠪᠡ᠃
    《ᠴᠤᠪᠤᠷᠡᠯ ᠪᠢᠴᠢᠭ》᠎ᠢ ᠨᠠᠢ᠌ᠷᠠᠭᠤᠯᠤᠨ ᠬᠡᠪᠯᠡᠬᠦᠯᠬᠦ ᠠᠵᠢᠯ ᠡᠬᠢᠯᠡᠬᠦ ᠦᠶ᠎ᠠ᠎ᠳᠤ᠎ᠪᠠᠨ ᠲᠤᠡᠭ ᠰᠢᠯᠤᠭᠤᠬᠠᠨ ᠶᠠᠪᠤᠭᠳᠠᠵᠤ ᠪᠠᠢ᠌ᠬᠰᠠᠨ ᠪᠤᠯᠪᠡᠴᠤ 2019 ᠤᠨ᠎ᠠᠴᠠ 2020 ᠤᠨ᠎ᠤ ᠬᠤᠶᠡᠷ ᠵᠢᠯ᠎ᠳᠤ ᠲᠤᠡᠭ ᠤᠷᠤᠭᠰᠢ ᠦᠭᠡᠢ ᠪᠠᠢ᠌ᠪᠡ᠃ ᠰᠢᠯᠳᠠᠭ᠋ᠠᠨ᠎ᠨᠢ ᠤᠯᠠᠨ ᠲᠡᠯ᠎ᠠ᠎ᠲᠠᠢ᠃ ᠡᠬᠦᠨ᠎ᠳᠤ ᠠ᠊ · ᠡᠷᠳᠡᠨᠢᠪᠡᠶᠡᠷ ᠪᠠᠭᠰᠢ ᠲᠤᠡᠭ ᠶᠡᠭᠡ ᠪᠡᠴᠢᠮᠳᠡᠨ ᠰᠠᠨᠳᠤᠷᠴᠤ᠂ ᠡᠯ᠎ᠠ ᠡᠳᠡᠭᠡᠳ᠎ᠤᠨ ᠬᠤᠭᠤᠷᠤᠨᠳᠤ᠎ᠨᠢ ᠵᠤᠬᠢᠴᠠᠭᠤᠯᠬᠤ ᠠᠵᠢᠯ᠎ᠢ ᠤᠯᠠᠨᠳᠡ ᠬᠢᠵᠤ᠂ ᠨᠠᠢ᠍ᠮᠠᠨ ᠬᠤᠰᠢᠭᠤᠨ᠎ᠤ ᠤᠳᠤᠷᠢᠳᠤᠯᠭ᠎ᠠ᠎ᠳᠤ ᠲᠡᠬᠢᠨ ᠲᠡᠪᠳᠡᠨ ᠤᠳᠡᠰᠤᠳᠡᠨ ᠱᠠᠭ᠋ᠠᠷᠳᠠᠵᠤ ᠪᠠᠢ᠌ᠪᠡ᠃ ᠨᠠᠢ᠍ᠮᠠᠨ ᠬᠤᠰᠢᠭᠤᠨ᠎ᠤ ᠲᠦᠷᠦᠬᠦᠦ ᠨᠢᠭᠡ ᠪᠦᠯᠦᠭ 8 ᠪᠤᠳᠢ ᠨᠤᠮ᠎ᠢ ᠨᠠᠢ᠌ᠷᠠᠭᠤᠯᠬᠤ ᠬᠡᠪᠯᠡᠬᠦᠯᠬᠦ᠎ᠳᠤ ᠠ᠊ · ᠡᠷᠳᠡᠨᠢᠪᠡᠶᠡᠷ ᠪᠠᠭᠰᠢ ᠵᠢᠨ ᠬᠠᠢ᠌ᠷ᠎ᠠ ᠰᠡᠳᠬᠢᠯᠭᠡ᠂ ᠤᠶᠤᠨ ᠤᠬᠠᠭ᠋ᠠᠨ᠂ ᠦᠨᠡᠳᠤ ᠬᠦᠳᠡᠯᠮᠤᠷᠢ ᠰᠢᠨᠭᠭᠡᠭᠰᠡᠨ ᠶᠤᠮ᠃
    2022 ᠤᠨ᠎ᠤ 1 ᠰᠡᠷ᠎ᠠ᠎ᠳᠤ 《ᠨᠠᠢ᠍ᠮᠠᠨ ᠬᠤᠰᠢᠭᠤᠨ᠎ᠤ ᠲᠡᠤᠭᠡ ᠰᠤᠶᠤᠯ᠎ᠤᠨ ᠴᠤᠪᠤᠷᠡᠯ ᠪᠢᠴᠢᠭ》 8 ᠪᠤᠳᠢ ᠨᠤᠮ ᠭᠤᠶᠤ ᠰᠠᠢ᠌ᠬᠠᠨ ᠬᠡᠪᠯᠡᠭᠳᠡᠨ ᠭᠠᠷᠴᠤ᠂ ᠠ᠊ · ᠡᠷᠳᠡᠨᠢᠪᠡᠶᠡᠷ ᠪᠠᠭᠰᠢ ᠵᠢᠨ ᠬᠦᠰᠡᠯ ᠡᠷᠡᠮᠡᠯᠵᠡᠯ᠎ᠨᠢ ᠠᠩᠬ᠎ᠠ ᠠᠯᠬᠤᠮ ᠪᠡᠶᠡᠯᠡᠭᠳᠡᠵᠤ ᠲᠡᠬᠦᠨ᠎ᠤ ᠬᠡᠭᠡᠨ ᠰᠦᠨᠡᠰᠤ᠎ᠨᠢ ᠪᠠᠶᠡᠷᠯᠠᠭᠰᠡᠨ ᠪᠠᠢ᠌ᠬ᠎ᠠ᠃ ᠪᠢᠳᠡ ᠡᠷᠳᠡᠨᠢᠪᠠᠶᠡᠷ ᠪᠠᠭᠰᠢ ᠵᠢᠨ ᠨᠤᠳᠤᠭ ᠤᠰᠤᠨ᠎ᠤ᠎ᠪᠠᠨ ᠲᠦᠯᠤᠭᠡ ᠭᠤᠶᠠᠴᠢ ᠦᠭᠡᠢ ᠵᠢᠳᠬᠦᠳᠡᠭ ᠵᠤᠷᠢᠭ ᠰᠠᠨᠠᠭ᠎ᠠ᠂ ᠠᠵᠢᠯ᠎ᠤᠨ ᠡᠷᠴᠢᠮ᠂ ᠶᠠᠭᠤ ᠵᠢ ᠴᠤ᠌ ᠴᠢᠨᠡᠷᠯᠢᠭ᠋ ᠴᠢᠨᠰᠠᠭ᠎ᠠ᠎ᠲᠠᠢ ᠬᠢᠬᠦ ᠤᠢ᠌ᠯᠡᠰ ᠪᠦᠳᠤᠭᠡᠬᠦ ᠪᠡᠷᠢᠮᠳᠡᠯᠡᠯ᠎ᠢ ᠵᠠᠯᠭ᠋ᠠᠮᠵᠢᠯᠡᠨ᠂ ᠡ᠊ ᠪᠠᠭᠰᠢ ᠵᠢᠨ ᠡᠬᠦᠳᠦᠭᠰᠡᠨ ᠠᠵᠢᠯ᠎ᠢ ᠪᠡᠶᠡᠯᠡᠬᠦᠯᠬᠦ ᠵᠢᠨ ᠲᠦᠯᠤᠭᠡ᠂ 《ᠴᠤᠪᠤᠷᠡᠯ ᠪᠢᠴᠢᠭ》᠎ᠢ ᠦᠷᠬᠦᠯᠵᠢᠯᠡᠨ ᠬᠡᠪᠯᠡᠬᠦᠯᠬᠦ᠎ᠪᠠᠷ ᠴᠢᠷᠮᠠᠢ᠌ᠵᠤ᠂ ᠤᠳᠤ 19 ᠪᠤᠳᠢ ᠨᠤᠮ᠎ᠤᠨ ᠡᠭᠡ ᠪᠢᠴᠢᠭ᠎ᠢ ᠪᠡᠯᠡᠨ ᠪᠤᠯᠭ᠋ᠠᠭ᠋ᠠᠳ ᠠᠷᠡᠳ᠎ᠤᠨ ᠬᠡᠪᠯᠡᠯ᠎ᠤᠨ ᠬᠤᠷᠢᠶ᠎ᠠ᠎ᠳᠤ ᠲᠤᠰᠢᠶᠠᠨ ᠦᠭᠴᠤ ᠲᠤᠭ᠋ᠠᠴᠠᠭ᠎ᠠ ᠬᠢᠵᠤ᠂ ᠨᠤᠮ᠎ᠤᠨ ᠳ᠋ᠤᠭ᠋ᠠᠷ ᠭᠤᠶᠤᠴᠢᠯᠠᠵᠤ ᠪᠠᠢ᠌ᠨ᠎ᠠ᠃

  ᠭᠤᠷᠪᠠ᠂ ᠨᠢᠭᠡ 《ᠤᠷᠳᠤᠨ》᠂ ᠬᠤᠶᠡᠷ 《ᠮᠦᠽᠸᠢ》 ᠵᠢ ᠵᠠᠰᠠᠨ ᠰᠢᠨᠡᠳᠬᠡᠵᠤ ᠡᠬᠦᠳᠤᠨ ᠪᠠᠢ᠌ᠭᠤᠯᠬᠤ᠎ᠳᠤ ᠦᠵᠡᠬᠦᠯᠦᠭᠰᠡᠨ ᠭᠠᠪᠢᠶ᠎ᠠ ᠵᠢᠳᠬᠦᠯ

    ᠨᠠᠢ᠍ᠮᠠᠨ ᠬᠤᠰᠢᠭᠤᠨ᠎ᠤ ᠵᠠᠰᠠᠭ᠎ᠤᠨ ᠤᠷᠳᠤᠨ 2015 ᠤᠨ᠎ᠠᠴᠠ 2017 ᠤᠨ᠎ᠤ ᠬᠤᠭᠤᠷᠤᠨᠳᠤ 708 ᠲᠦᠮᠡᠨ ᠲᠦᠬᠦᠷᠢᠭ᠎ᠤᠨ ᠵᠡᠷᠤᠳᠡᠯ ᠮᠦᠨᠭᠬᠦ ᠭᠠᠷᠭ᠋ᠠᠵᠤ ᠨᠠᠢ᠍ᠮᠠᠨ ᠸᠠᠡᠭ᠎ᠤᠨ ᠤᠷᠳᠤᠨ᠎ᠢ ᠶᠡᠭᠡ ᠬᠡᠮᠵᠢᠶ᠎ᠠ᠎ᠪᠠᠷ ᠵᠠᠰᠠᠨ ᠰᠢᠨᠡᠳᠬᠡᠵᠤ ᠦᠷᠭᠡᠳᠬᠡᠨ ᠪᠠᠢ᠌ᠭᠤᠯᠤᠭᠰᠡᠨ ᠶᠤᠮ᠃ ᠨᠠᠢ᠍ᠮᠠᠨ ᠬᠤᠰᠢᠭᠤᠨ᠎ᠤ ᠵᠠᠰᠠᠭ᠎ᠤᠨ ᠤᠷᠳᠤᠨ᠎ᠨᠢ ᠵᠠᠰᠠᠨ ᠰᠢᠨᠡᠳᠬᠡᠵᠤ ᠦᠷᠭᠡᠳᠬᠡᠨ ᠪᠠᠢ᠌ᠭᠤᠯᠬᠤ ᠲᠦᠰᠤᠪ ᠲᠦᠯᠤᠪᠯᠡᠭᠡ᠎ᠪᠠᠨ ᠲᠤᠭᠳᠠᠭ᠋ᠠᠬᠤ᠎ᠳᠤ᠎ᠪᠠᠨ ᠠ᠊ · ᠡᠷᠳᠡᠨᠢᠪᠡᠶᠡᠷ ᠪᠠᠭᠰᠢ ᠵᠢ ᠲᠤᠰᠬᠠᠢ᠌ᠯᠠᠨ ᠤᠷᠢᠵᠤ ᠰᠠᠭᠤᠳᠡᠯ᠎ᠤᠨ ᠬᠤᠷᠡᠯ ᠨᠡᠭᠡᠭᠡᠵᠤ ᠲᠡᠬᠦᠨ᠎ᠤ ᠰᠠᠨᠠᠯ ᠵᠦᠪᠯᠡᠯᠭᠡ ᠵᠢ ᠰᠤᠨᠤᠰᠴᠡᠢ᠃ ᠠ᠊ · ᠡᠷᠳᠡᠨᠢᠪᠡᠶᠡᠷ ᠪᠠᠭᠰᠢ ᠠᠯᠢ ᠡᠷᠳᠡ ᠮᠡᠳᠡᠭᠳᠡᠯ ᠤᠯᠤᠭᠰᠡᠨ ᠪᠤᠯᠬᠤᠷ ᠲᠤᠡᠭ ᠤᠯᠠᠨ ᠮᠠᠲᠸᠷᠢᠶᠡᠯ ᠦᠵᠡᠵᠤ᠂ ᠪᠠᠢ᠌ᠴᠠᠭ᠋ᠠᠨ ᠰᠤᠳᠤᠯᠤᠯᠳᠡ ᠬᠢᠭᠰᠡᠨ ᠪᠠᠢ᠌ᠵᠡᠢ᠃ ᠲᠡᠷᠨ ᠡᠨᠡ ᠰᠠᠭᠤᠷᠢᠨ ᠲᠡᠭᠡᠷ᠎ᠠ᠎ᠪᠠᠨ ᠰᠢᠰᠲᠸᠮ᠎ᠲᠠᠢ ᠪᠡᠯᠡᠳᠬᠡᠨ 《ᠡᠷᠳᠡᠨ᠎ᠤ ᠪᠡᠷᠢᠯᠭ᠎ᠠ ᠵᠢ ᠵᠠᠰᠠᠬᠤ᠎ᠳᠤ ᠬᠠᠭᠤᠴᠢᠨ ᠬᠡᠪ ᠨᠠᠮᠪᠡ ᠵᠢ᠎ᠨᠢ ᠬᠠᠳᠠᠭ᠋ᠠᠯᠠᠵᠤ᠂ ᠤᠤᠯ᠎ᠤᠨ ᠦᠨᠭᠭᠡ ᠲᠦᠷᠰᠤ ᠵᠢ᠎ᠨᠢ ᠰᠡᠷᠬᠦᠭᠡᠬᠦ》 ᠲᠤᠬᠠᠢ 10 ᠵᠤᠷᠪᠤᠰ ᠰᠡᠨᠡᠯ ᠲᠤᠷᠡᠳᠴᠤ᠂ ᠵᠡᠰᠡᠨ ᠰᠢᠨᠡᠳᠬᠡᠨ ᠦᠷᠭᠡᠳᠬᠡᠨ ᠪᠠᠢ᠌ᠭᠤᠯᠬᠤ ᠠᠵᠢᠯ᠎ᠢ ᠰᠢᠰᠲᠸᠮ᠎ᠲᠠᠢ ᠦᠬᠦᠯᠡᠬᠦ ᠵᠢᠨ ᠬᠠᠮᠳᠤ ᠤᠷᠳᠤᠰ ᠬᠤᠳᠠ ᠵᠢᠨ ᠤᠯᠠᠭ᠋ᠠᠨ ᠬᠡᠭᠡᠨ᠎ᠤ ᠤᠷᠳᠤᠨ᠎ᠢ ᠪᠠᠢ᠌ᠭᠤᠯᠤᠭᠰᠡᠨ ᠲᠤᠷᠰᠢᠯᠭ᠎ᠠ ᠵᠢ ᠨᠡᠷᠢᠨ ᠨᠢᠮᠪᠡᠢ ᠲᠡᠨᠢᠯᠴᠠᠭᠤᠯᠤᠨ ᠬᠤᠷᠡᠯ᠎ᠳᠤ ᠤᠷᠤᠯᠴᠠᠭᠰᠡᠳ᠎ᠢ ᠪᠢᠰᠢᠷᠡᠬᠦᠯᠵᠤ ᠬᠠᠯᠠᠭᠤᠨ ᠬᠦᠷᠢᠶᠡᠯᠡᠯ᠎ᠢ ᠤᠯᠵᠡᠢ᠃ ᠬᠤᠵᠢᠮ᠎ᠨᠢ ᠨᠠᠢ᠍ᠮᠠᠨ ᠸᠠᠡᠭ᠎ᠤᠨ ᠤᠷᠳᠤᠨ᠎ᠢ ᠵᠠᠰᠠᠨ ᠰᠢᠨᠡᠳᠬᠡᠵᠤ ᠦᠷᠭᠡᠳᠬᠡᠨ ᠪᠠᠢ᠌ᠭᠤᠯᠬᠤ ᠠᠵᠢᠯ᠎ᠨᠢ ᠶᠡᠷᠤᠩᠭᠡᠢ ᠎ᠳᠤ᠎ᠨᠢ ᠠ᠊ · ᠡᠷᠳᠡᠨᠢᠪᠡᠶᠡᠷ ᠪᠠᠭᠰᠢ ᠵᠢᠨ ᠵᠢᠭ᠋ᠠᠨ ᠵᠢᠯᠤᠭᠤᠳᠤᠭᠰᠡᠨ ᠶᠤᠰᠤᠭ᠋ᠠᠷ ᠬᠢᠭᠳᠡᠵᠤ ᠲᠤᠡᠭ ᠰᠠᠢ᠌ᠨ ᠠᠮᠵᠢᠯᠳᠡ ᠤᠯᠤᠭᠰᠡᠨ ᠶᠤᠮ᠃
    ᠤᠯᠠᠨ᠎ᠤ ᠮᠡᠳᠡᠭᠡᠵᠢ᠎ᠪᠠᠷ᠂ ᠨᠠᠢ᠍ᠮᠠᠨ ᠬᠤᠰᠢᠭᠤ ᠤᠷᠢᠳ ᠬᠤᠵᠢᠳ ᠵᠠᠮᠪᠠᠯᠳᠤᠷᠵᠢ ᠵᠢᠨ ᠮᠦᠽᠸᠢ᠂ ᠲᠡᠳᠡᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ᠎ᠤᠨ ᠮᠦᠽᠸᠢ ᠵᠢ ᠪᠠᠢ᠌ᠭᠤᠯᠤᠭᠰᠡᠨ ᠶᠤᠮ᠃
    ᠵᠠᠮᠪᠠᠯᠳᠤᠷᠵᠢ ᠵᠢᠨ ᠮᠦᠽᠸᠢ ᠵᠢ 2017 ᠤᠨ᠎ᠤ ᠰᠡᠬᠦᠯᠴᠢ᠎ᠳᠤ ᠡᠬᠢᠯᠡᠨ ᠪᠠᠢ᠌ᠭᠤᠯᠵᠤ᠂ 2018 ᠤᠨ᠎ᠤ 7 ᠳ᠋ᠤᠭ᠋ᠠᠷ ᠰᠡᠷ᠎ᠠ᠎ᠳᠤ ᠨᠡᠭᠡᠭᠡᠯᠳᠡ᠎ᠪᠠᠨ ᠬᠢᠵᠡᠢ᠃ ᠵᠠᠮᠪᠠᠯᠳᠤᠷᠵᠢ ᠵᠢᠨ ᠮᠦᠽᠸᠢ᠎ᠨᠢ ᠸᠠᠡᠭ᠎ᠤᠨ ᠤᠷᠳᠤᠨ᠎ᠤ ᠮᠦᠽᠸᠢ ᠵᠢᠨ ᠵᠡᠬᠦᠨ ᠲᠡᠯ᠎ᠠ᠎ᠳᠤ ᠪᠠᠢ᠌ᠷᠢᠯᠡᠵᠤ᠂ 745  ᠺᠦᠸᠠᠳ᠋ ᠮᠸᠲᠷ ᠭᠠᠵᠡᠷ᠎ᠢ ᠡᠵᠡᠯᠡᠵᠡᠢ᠃ ᠡᠨᠡ ᠮᠦᠽᠸᠢ᠎ᠳᠤ ᠵᠠᠮᠪᠠᠯᠳᠤᠷᠵᠢ ᠵᠢᠨ ᠨᠢᠭᠡ ᠨᠠᠰᠤᠨ᠎ᠤ ᠠᠮᠢᠳᠤᠷᠡᠯ ᠤᠢ᠌ᠯᠠ᠂ ᠤᠯᠠᠨ᠎ᠠᠴᠠ ᠴᠤᠯᠭᠤᠷᠠᠭᠰᠡᠨ ᠭᠠᠷᠮᠠᠭ᠋ᠠᠢ ᠠᠮᠵᠢᠯᠳᠡ᠂ ᠪᠡᠯᠡᠷᠡᠰᠢ ᠦᠭᠡᠢ ᠠᠯᠳᠡᠷ ᠴᠤᠯᠠ ᠬᠡᠮᠡᠬᠦ ᠭᠤᠷᠪᠠᠨ ᠪᠦᠯᠦᠭ ᠵᠢᠡᠷ ᠲᠡᠯᠭᠡᠨ ᠦᠵᠡᠬᠦᠯᠵᠤ᠂ ᠦᠵᠡᠭᠴᠢᠳ ᠤᠯᠠᠨ᠎ᠤ ᠵᠠᠮᠪᠠᠯᠳᠤᠷᠵᠢ ᠵᠢᠨ ᠠᠮᠢᠳᠤᠷᠡᠯ ᠤᠢ᠌ᠯᠠ᠂ ᠮᠤᠩᠭᠤᠯ ᠡᠮ ᠡᠮᠨᠡᠯᠭᠡ ᠵᠢᠨ ᠠᠮᠵᠢᠯᠳᠡ ᠪᠦᠳᠤᠮᠵᠢ ᠵᠢᠴᠢ ᠮᠤᠩᠭᠤᠯ ᠠᠨᠠᠭ᠋ᠠᠬᠤ ᠤᠬᠠᠭ᠋ᠠᠨ᠎ᠤ ᠬᠦᠭᠵᠢᠯᠳᠡ᠎ᠳᠤ ᠦᠵᠡᠬᠦᠯᠦᠭᠰᠡᠨ ᠴᠢᠬᠤᠯᠠ ᠶᠡᠭᠡ ᠭᠠᠪᠢᠶ᠎ᠠ ᠵᠢᠳᠬᠦᠯ᠎ᠢ ᠲᠤᠳᠤᠷᠬᠠᠢ ᠰᠠᠢ᠌ᠬᠠᠨ ᠤᠢ᠌ᠯᠠᠭ᠋ᠠᠬᠤ᠎ᠳᠤ ᠲᠤᠰᠠ ᠲᠦᠬᠦᠮ ᠪᠤᠯᠭ᠋ᠠᠭᠰᠡᠨ ᠶᠤᠮ᠃
    ᠵᠠᠮᠪᠠᠯᠳᠤᠷᠵᠢ ᠵᠢᠨ ᠮᠦᠽᠸᠢ ᠵᠢ ᠪᠠᠢ᠌ᠭᠤᠯᠬᠤ ᠶᠠᠪᠤᠴᠡ᠎ᠳᠤ᠂ ᠠ᠊ · ᠡᠷᠳᠡᠨᠢᠪᠡᠶᠡᠷ ᠪᠠᠭᠰᠢ ᠦᠪᠡᠷ᠎ᠤᠨ ᠪᠡᠶ᠎ᠠ᠎ᠪᠠᠷ ᠵᠢᠨᠨ ᠬᠡᠳᠤ ᠤᠳᠠᠭ᠎ᠠ ᠪᠡᠷᠢᠯᠭ᠎ᠠ ᠵᠢᠨ ᠭᠠᠵᠡᠷ᠎ᠲᠤ ᠤᠴᠢᠵᠤ᠂ ᠵᠢᠭ᠋ᠠᠨ ᠵᠢᠯᠤᠭᠤᠳᠤᠭᠰᠡᠨ ᠵᠢᠡᠷ ᠪᠡᠷᠠᠬᠤ ᠦᠭᠡᠢ᠂ ᠤᠯᠠᠩᠬᠢ ᠲᠡᠯᠭᠡᠨ ᠦᠵᠡᠬᠦᠯᠬᠦ ᠮᠠᠲᠸᠷᠢᠶᠡᠯ ᠪᠤᠯᠤᠨ ᠲᠡᠤᠭᠡ ᠵᠢᠨ ᠪᠢᠴᠢᠭ ᠲᠤᠷᠡᠰᠬᠠᠯ᠎ᠤᠨ ᠵᠤᠢ᠌ᠯ᠂ ᠦᠪᠡᠷ᠎ᠤᠨ ᠰᠤᠳᠤᠯᠭ᠋ᠠᠨ᠎ᠤ ᠦᠷ᠎ᠠ ᠪᠦᠳᠤᠭᠡᠯ᠂ ᠵᠢᠷᠤᠭ ᠰᠡᠬᠦᠳᠡᠷ᠎ᠢ ᠬᠠᠩᠭ᠋ᠠᠨ ᠦᠭᠴᠤ᠂ ᠦᠰᠦᠭ ᠪᠢᠴᠢᠭ᠎ᠤᠨ ᠲᠡᠢ᠌ᠯᠪᠤᠷᠢ ᠵᠢ ᠪᠡᠶ᠎ᠠ᠎ᠪᠠᠷ ᠵᠢᠨᠨ ᠬᠢᠨᠠᠨ ᠲᠤᠭᠳᠠᠭ᠋ᠠᠵᠤ ᠦᠭᠴᠡᠢ᠃ ᠡᠭᠦᠨ᠎ᠳᠤ᠂ ᠦᠪᠤᠷ ᠮᠤᠩᠭᠤᠯ᠎ᠤᠨ ᠡᠮᠨᠡᠯᠭᠡ ᠵᠢᠨ ᠰᠢᠨᠵᠢᠯᠡᠬᠦ ᠤᠬᠠᠭ᠋ᠠᠨ᠎ᠤ ᠶᠡᠬᠡ ᠰᠤᠷᠭ᠋ᠠᠭᠤᠯᠢ ᠵᠢᠨ ᠪᠤᠤ ᠬᠠᠰᠤᠨ ᠪᠠᠭᠰᠢ ᠪᠠᠰᠠ ᠲᠤᠩ ᠶᠡᠬᠡ ᠬᠠᠪᠰᠤᠷᠤᠯᠭ᠎ᠠ ᠳᠡᠮᠵᠢᠯᠭᠡ ᠦᠵᠡᠭᠦᠯᠦᠭᠰᠡᠨ ᠶᠤᠮ ᠃ ᠰᠡᠬᠦᠯᠡᠷ᠎ᠨᠢ᠂ ᠨᠠᠢ᠍ᠮᠠᠨ ᠬᠤᠰᠢᠭᠤ ᠰᠢᠨ᠎ᠠ ᠭᠠᠵᠡᠷ ᠰᠤᠩᠭᠤᠵᠤ ᠨᠡᠡᠭ ᠲᠤᠮᠤ ᠨᠢᠬᠡᠨ ᠰᠠᠭᠤᠷᠢ ᠵᠠᠮᠪᠠᠯᠳᠤᠷᠵᠢ ᠵᠢᠨ ᠰᠢᠨ᠎ᠠ ᠮᠦᠽᠸᠢ ᠵᠢ ᠪᠠᠢ᠌ᠭᠤᠯᠬᠤ᠎ᠳᠤ ᠡᠷᠳᠡᠨᠢᠪᠠᠶᠡᠷ ᠪᠠᠭᠰᠢ ᠮᠦᠨ ᠨᠠᠷᠢᠨ ᠨᠢᠮᠪᠠᠢ ᠲᠦᠰᠤᠪᠯᠡᠨ ᠤᠬᠠᠭ᠋ᠠᠠᠯᠠᠵᠤ ᠦᠭᠬᠦᠭᠰᠡᠨ  ᠪᠢᠯᠠ᠃
   ᠲᠡᠳᠠᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ᠎ᠤᠨ ᠮᠦᠽᠸᠢ ᠵᠢ 2018 ᠤᠨ᠎ᠤ 11 ᠳ᠋ᠦ᠍ᠭᠡᠷ ᠰᠡᠷ᠎ᠠ᠎ᠠᠴᠠ ᠡᠬᠢᠯᠡᠨ ᠪᠠᠢ᠌ᠭᠤᠯᠵᠤ᠂ 218 ᠲᠦᠮᠡᠨ ᠲᠦᠬᠦᠷᠢᠭ ᠵᠤᠭᠤᠰ ᠵᠠᠷᠤᠴᠠᠭᠤᠯᠤᠨ᠂ 2019 ᠤᠨ᠎ᠤ 10  ᠳ᠋ᠤᠭ᠋ᠠᠷ ᠰᠡᠷ᠎ᠠ ᠵᠢᠨ 16᠎ᠤ ᠡᠳᠤᠷ᠂ ᠸᠠᠡᠭ᠎ᠤᠨ ᠤᠷᠳᠤᠨ᠎ᠤ ᠮᠦᠽᠸᠢ ᠵᠢᠨ ᠡᠮᠤᠨ᠎ᠠ ᠲᠡᠯᠡᠪᠡᠢ᠎ᠳᠤ ᠦᠪᠡᠳᠡᠭᠰᠢ ᠶᠡᠭᠡ ᠨᠡᠭᠡᠭᠡᠯᠳᠡ ᠵᠢᠨ ᠶᠤᠰᠤᠯᠡᠯ᠎ᠢ ᠬᠢᠵᠡᠢ᠃ ᠬᠤᠷᠡᠯ᠎ᠳᠤ ᠡᠤ ᠶᠢᠡᠭ ᠵᠸ ᠵᠠᠬᠢᠷᠤᠯ᠂ ᠴᠤᠢ᠌ᠵᠤᠩᠵᠡᠪ ᠪᠠᠭᠰᠢ᠂ ᠪ᠊ · ᠬᠡᠷᠡᠯᠳᠤ ᠪᠠᠭᠰᠢ᠂ ᠤᠶᠤᠨ ᠪᠠᠭᠰᠢ᠂ ᠬᠠᠰᠡᠷᠳᠡᠨᠢ ᠪᠠᠭᠰᠢ᠂ ᠪᠠᠳᠮᠠᠡᠤᠳᠰᠡᠷ ᠪᠠᠭᠰᠢ᠂ ᠴᠡᠴᠡᠭ ᠪᠠᠭᠰᠢ᠂ ᠭᠠᠷᠤᠳᠢ ᠪᠠᠭᠰᠢ᠂ ᠬᠦᠷᠡᠯᠪᠠᠭ᠋ᠠᠳᠤᠷ᠂ ᠤᠷᠡᠨᠴᠢᠮᠡᠭ ᠬᠤᠶᠡᠷ ᠪᠠᠭᠰᠢ᠂ ᠪᠤᠤ ᠰᠡᠴᠡᠨ ᠪᠠᠭᠰᠢ ᠵᠡᠷᠭᠡ ᠡᠷᠳᠡᠮᠳᠡᠨ ᠪᠠᠭᠰᠢ ᠨᠡᠷ ᠤᠷᠤᠯᠴᠡᠵᠤ᠂ ᠬᠤᠰᠢᠭᠤᠨ ᠲᠡᠷᠤᠭ᠎ᠠ ᠪᠦᠷᠢᠨ᠂ ᠡᠤ ᠶᠢᠡᠭ ᠵᠸ ᠵᠠᠬᠢᠷᠤᠯ᠂ ᠪ᠊ · ᠬᠡᠷᠡᠯᠳᠤ ᠪᠠᠭᠰᠢ᠂ ᠪᠠᠳᠮᠠᠡᠤᠳᠰᠡᠷ ᠪᠠᠭᠰᠢ ᠵᠡᠷᠭᠡ ᠲᠡᠷᠤᠭ᠎ᠠ᠂ ᠪᠠᠭᠰᠢ ᠨᠡᠷ ᠶᠠᠷᠢᠶ᠎ᠠ ᠲᠡᠯᠪᠢᠵᠡᠢ᠃ ᠪ᠊ · ᠬᠡᠷᠡᠯᠳᠤ᠂ ᠤᠶᠤᠨ ᠬᠤᠶᠡᠷ ᠪᠠᠭᠰᠢ ᠤᠯᠠᠨ ᠵᠢᠯ ᠬᠠᠳᠠᠭ᠋ᠠᠯᠠᠭᠰᠡᠨ 2 ᠲᠦᠮᠡ ᠭᠠᠷᠤᠢ ᠬᠠᠢ᠌ᠷᠡᠳᠡᠢ ᠨᠤᠮ ᠪᠢᠴᠢᠭ ᠵᠢᠨᠨ ᠨᠠᠢ᠍ᠮᠠᠨ ᠬᠤᠰᠢᠭᠤᠨ᠎ᠤ ᠨᠤᠮ᠎ᠤᠨ ᠰᠠᠡᠭ᠎ᠳᠤ ᠬᠠᠨᠳᠢᠪᠯᠠᠪᠡ᠃ ᠪᠡᠭᠡᠵᠢᠡᠭ᠎ᠤᠨ ᠸᠸᠢ ᠰᠢᠶᠠᠡᠭ ᠴᠦᠨ ᠠᠪᠤᠭ᠋ᠠᠢ ᠬᠠᠰᠪᠤ ᠲᠠᠮᠠᠭ᠎ᠠ ᠬᠠᠨᠳᠢᠪᠯᠡᠵᠤ᠂ ᠪ᠊ · ᠰᠦᠭᠡ ᠪᠠᠭᠰᠢ᠂ ᠵᠠᠡᠭ ᠱᠤᠩᠬᠤᠷ ᠪᠠᠭᠰᠢ᠂ ᠴᠸᠨ ᠮᠠᠨᠳᠤᠬᠤ ᠵᠡᠷᠭᠡ  ᠪᠠᠭᠰᠢ ᠨᠠᠷ ᠨᠠᠢ᠍ᠮᠠᠨ ᠬᠤᠰᠢᠭᠤᠨ᠎ᠳᠤ ᠨᠤᠮ ᠪᠢᠴᠢᠭ ᠬᠠᠨᠳᠢᠪᠯᠡᠪᠡ᠃ ᠡᠨᠡ ᠮᠦᠽᠸᠢ ᠵᠢ ᠪᠠᠢ᠌ᠭᠤᠯᠤᠭᠰᠡᠨ᠎ᠨᠢ ᠦᠨᠡᠨ᠎ᠳᠤ᠎ᠪᠠᠨ ᠮᠦᠨ ᠴᠤ᠌ ᠠ᠊ · ᠡᠷᠳᠡᠨᠢᠪᠡᠶᠡᠷ ᠪᠠᠭᠰᠢ ᠵᠢᠨ ᠰᠠᠨᠠᠭ᠋ᠠᠴᠢᠯᠠᠭ᠎ᠠ᠎ᠪᠠᠷ 2018 ᠤᠨ᠎ᠤ 3 ᠳ᠋ᠤᠭ᠋ᠠᠷ ᠰᠡᠷ᠎ᠠ ᠵᠢᠨ 3᠎ᠳᠤ ᠬᠦᠬᠡᠬᠤᠳᠠ᠎ᠳᠤ ᠬᠤᠷᠡᠯᠳᠤᠭᠤᠯᠤᠭᠰᠡᠨ 《ᠨᠠᠢ᠍ᠮᠠᠨ᠎ᠤ ᠡᠬᠦᠰᠤᠯ ᠭᠠᠷᠤᠯ ᠬᠢᠭᠡᠳ ᠰᠤᠶᠤᠯ ᠲᠡᠤᠭᠡ ᠵᠢᠨ ᠰᠤᠳᠤᠯᠤᠨ ᠶᠠᠷᠢᠯᠴᠠᠬᠤ ᠬᠤᠷᠡᠯ》᠎ᠤᠨ ᠦᠷ᠎ᠠ ᠪᠦᠳᠤᠭᠡᠯ ᠪᠣᠯᠬᠤ ᠪᠥᠭᠡᠳ ᠦᠷᠭᠦᠯᠵᠢᠯᠡᠯ ᠶᠤᠮ᠃
 
ᠲᠦᠷᠪᠡ᠂ ᠰᠤᠷᠭ᠋ᠠᠨ ᠬᠦᠮᠤᠵᠢᠯ᠂ ᠡᠮ ᠡᠮᠨᠡᠯᠭᠡ ᠵᠢᠨ ᠤᠢ᠌ᠯᠡᠰ᠎ᠢ ᠬᠠᠯᠠᠮᠵᠢᠯᠠᠭᠰᠡᠨ᠎ᠨᠢ

    ᠠ᠊ · ᠡᠷᠳᠡᠨᠢᠪᠡᠶᠡᠷ ᠪᠠᠭᠰᠢ᠂ ᠨᠠᠢ᠍ᠮᠠᠨ ᠬᠤᠰᠢᠭᠤᠨ᠎ᠤ ᠮᠤᠩᠭᠤᠯ  ᠰᠤᠷᠭ᠋ᠠᠭᠤᠯᠢ ᠵᠢᠨ ᠬᠢᠴᠢᠶᠡᠯ ᠬᠦᠮᠤᠵᠢᠯ᠂ ᠪᠦᠳᠤᠭᠡᠨ ᠪᠠᠢ᠌ᠭᠤᠯᠤᠯᠳᠡ ᠵᠢ ᠲᠤᠡᠭ ᠶᠡᠭᠡ ᠠᠩᠬᠠᠷᠤᠨ ᠬᠠᠯᠠᠮᠵᠢᠯᠠᠭᠰᠠᠭ᠋ᠠᠷ ᠪᠠᠢ᠌ᠪᠡ᠃ ᠮᠤᠩᠭᠤᠯ ᠦᠨᠳᠤᠰᠤᠳᠡᠨ᠎ᠤ ᠲᠤᠮᠳᠠᠳᠤ ᠰᠤᠷᠭ᠋ᠠᠭᠤᠯᠢ ᠪᠤᠯ ᠲᠡᠬᠦᠨ᠎ᠤ ᠡᠭᠡ ᠰᠤᠷᠭ᠋ᠠᠭᠤᠯᠢ᠎ᠨᠢ ᠶᠤᠮ᠃ ᠰᠤᠷᠭ᠋ᠠᠭᠤᠯᠢ ᠵᠢᠨ ᠵᠠᠬᠢᠷᠤᠯ᠎ᠨᠢ ᠯᠢᠶᠠᠡᠭ ᠵᠸᠨ ᠱᠠᠨ ᠪᠤᠯ ᠲᠡᠬᠦᠨ᠎ᠤ ᠯᠤᠤᠬ᠎ᠠ ᠵᠢᠨ ᠭᠤᠤᠯ᠎ᠤᠨ ᠬᠦᠪᠡᠭᠡᠨ ᠎ᠳᠤ᠎ᠬᠢ ᠨᠢᠭᠡ ᠨᠤᠳᠤᠭᠳᠠᠨ ᠵᠢᠡᠷ ᠪᠡᠷᠠᠬᠤ ᠦᠭᠡᠢ ᠬᠠᠮᠳᠤ ᠰᠤᠷᠤᠭᠴᠢ᠎ᠨᠢ ᠶᠤᠮ᠃ 2018 ᠤᠨ᠎ᠳᠤ᠂ ᠮᠤᠩᠭᠤᠯ ᠦᠨᠳᠤᠰᠤᠳᠡᠨ᠎ᠤ ᠲᠤᠮᠳᠠᠳᠤ ᠰᠤᠷᠭ᠋ᠠᠭᠤᠯᠢ᠎ᠨᠢ ᠬᠠᠭᠤᠴᠢᠨ ᠤᠷᠤᠨ᠎ᠠᠴᠠ᠎ᠪᠠᠨ ᠰᠢᠯᠵᠢᠵᠤ᠂ ᠲᠡᠴᠢᠨᠳᠡᠯ᠎ᠠ ᠪᠠᠯᠭ᠋ᠠᠰᠤ ᠵᠢᠨ ᠬᠤᠢ᠌ᠳᠤ ᠵᠠᠬ᠎ᠠ᠎ᠳᠤ ᠰᠢᠨ᠎ᠠ ᠰᠤᠷᠭ᠋ᠠᠭᠤᠯᠢ ᠵᠢ ᠪᠦᠳᠤᠭᠡᠨ ᠪᠠᠢ᠌ᠭᠤᠯᠪᠡ᠃ ᠰᠢᠨ᠎ᠠ ᠰᠤᠷᠭ᠋ᠠᠭᠤᠯᠢ ᠵᠢ ᠪᠦᠳᠤᠭᠡᠨ ᠪᠠᠢ᠌ᠭᠤᠯᠬᠤ ᠶᠠᠪᠤᠴᠡ᠎ᠳᠤ᠂ ᠡᠷᠳᠡᠨᠢᠪᠠᠶᠡᠷ ᠪᠠᠭᠰᠢ ᠬᠤᠰᠢᠭᠤᠨ ᠲᠡᠷᠤᠭ᠎ᠠ ᠪᠦᠷᠢᠨ ᠭᠤᠸᠠᠢ᠂ ᠰᠤᠷᠭ᠋ᠠᠭᠤᠯᠢ ᠵᠢᠨ ᠵᠠᠬᠢᠷᠤᠯ ᠯᠢᠶᠠᠡᠭ ᠵᠸᠨ ᠱᠠᠨ᠎ᠳᠤ ᠤᠯᠠᠨ ᠤᠳᠠᠭ᠎ᠠ ᠦᠨᠡᠨᠴᠢ ᠵᠦᠪᠯᠡᠯᠭᠡ ᠦᠭᠴᠤ᠂ ᠤᠯᠤᠰ᠎ᠤᠨ ᠲᠤᠳᠤᠭ᠋ᠠᠳᠤ ᠵᠢᠨ ᠤᠳᠤᠬᠢᠴᠢᠯᠠᠭᠰᠡᠨ᠂ ᠴᠡᠴᠡᠷᠯᠢᠭᠵᠢᠭᠰᠡᠨ ᠰᠤᠷᠭ᠋ᠠᠭᠤᠯᠢ᠎ᠨᠤᠭᠤᠳ᠎ᠤᠨ ᠪᠦᠳᠤᠭᠡᠨ ᠪᠠᠢ᠌ᠭᠤᠯᠤᠭᠰᠡᠨ ᠲᠤᠷᠰᠢᠯᠭ᠎ᠠ᠂ ᠵᠠᠭᠪᠤᠷ᠎ᠢ ᠲᠡᠨᠢᠯᠴᠠᠭᠤᠯᠵᠤ ᠪᠠᠢ᠌ᠪᠡ᠃ ᠪᠦᠬᠦ ᠲᠡᠯ᠎ᠠ ᠵᠢᠨ ᠴᠢᠷᠮᠠᠢ᠌ᠯᠭ᠎ᠠ᠎ᠪᠠᠷ ᠮᠤᠩᠭᠤᠯ ᠦᠨᠳᠤᠰᠤᠳᠡᠨ᠎ᠤ ᠲᠤᠮᠳᠠᠳᠤ ᠰᠤᠷᠭ᠋ᠠᠭᠤᠯᠢ ᠵᠢᠨ ᠰᠢᠨ᠎ᠠ ᠪᠡᠷᠢᠯᠭ᠎ᠠ᠎ᠨᠢ 2019 ᠤᠨ᠎ᠳᠤ ᠠᠮᠵᠢᠯᠳᠡ᠎ᠲᠠᠢ ᠲᠡᠬᠦᠰᠴᠤ᠂ ᠪᠦᠬᠦ ᠪᠠᠭᠰᠢ ᠰᠤᠷᠤᠭᠴᠢᠳ ᠰᠢᠨ᠎ᠠ ᠰᠤᠷᠤᠯᠭ᠎ᠠ ᠵᠢᠨ ᠬᠤᠭᠤᠴᠠᠭ᠋ᠠᠨ᠎ᠳᠤ᠎ᠪᠠᠨ ᠦᠷᠭᠡᠨ ᠠᠭᠤᠳᠡᠮ᠂ ᠦᠵᠡᠰᠬᠦᠯᠠᠡᠭ ᠰᠠᠢ᠌ᠬᠠᠨ᠂ ᠴᠡᠴᠡᠷᠯᠢᠭ ᠮᠡᠳᠤ ᠰᠢᠨ᠎ᠠ ᠰᠤᠷᠭ᠋ᠠᠭᠤᠯᠢ᠎ᠳᠤ᠎ᠪᠠᠨ ᠰᠢᠯᠵᠢᠨ ᠤᠷᠤᠪᠡ᠃
    2018 ᠤᠨ᠎ᠤ 10 ᠰᠡᠷ᠎ᠠ ᠵᠢᠨ 17᠎ᠤ ᠡᠳᠤᠷ᠂ ᠡᠷᠳᠡᠮᠳᠡᠨ ᠴᠤᠢ᠌ᠵᠤᠩᠵᠡᠪ ᠪᠠᠭᠰᠢ ᠨᠠᠢ᠍ᠮᠠᠨ ᠬᠤᠰᠢᠭᠤᠨ᠎ᠤ ᠮᠤᠩᠭᠤᠯ ᠦᠨᠳᠤᠰᠤᠳᠡᠨ᠎ᠤ ᠲᠤᠮᠳᠠᠳᠤ ᠰᠤᠷᠭ᠋ᠠᠭᠤᠯᠢ ᠵᠢ ᠲᠤᠭᠤᠷᠢᠨ ᠦᠵᠡᠭᠡᠳ᠂ ᠮᠤᠩᠭᠤᠯ ᠰᠤᠷᠤᠭᠴᠢᠳ᠎ᠤᠨ ᠺᠤᠮᠫᠢᠤᠢ᠍ᠲᠸᠷ᠎ᠤᠨ ᠬᠢᠴᠢᠶᠡᠯ᠎ᠢ ᠰᠠᠢ᠌ᠳᠤᠷ ᠤᠷᠤᠵᠤ ᠪᠠᠢ᠌ᠬᠤ ᠪᠠᠢ᠌ᠳᠡᠯ᠎ᠢ ᠤᠢ᠌ᠯᠠᠭ᠋ᠠᠨ ᠲᠤᠡᠭ ᠶᠡᠭᠡ ᠪᠠᠶᠡᠷᠯᠠᠭᠰᠡᠨ ᠪᠦᠭᠡᠳ᠄ 《ᠡᠨᠡ ᠲᠤᠮᠳᠠᠳᠤ ᠰᠤᠷᠭ᠋ᠠᠭᠤᠯᠢ᠎ᠨᠢ ᠮᠠᠨ᠎ᠤ ᠦᠪᠤᠷ ᠮᠤᠩᠭᠤᠯ᠎ᠤᠨ ᠶᠡᠭᠡ ᠰᠤᠷᠭ᠋ᠠᠭᠤᠯᠢ᠎ᠠᠴᠠ ᠪᠠᠰᠠ ᠭᠤᠶᠤ ᠦᠵᠡᠰᠬᠦᠯᠠᠡᠭ ᠪᠠᠢ᠌ᠨ᠎ᠠ ᠰᠢᠳᠡ》 ᠬᠡᠵᠤ ᠮᠠᠭᠳᠠᠨ ᠬᠡᠯᠡᠭᠰᠡᠨ ᠶᠤᠮ᠃
    ᠨᠢᠭᠡ ᠤᠳᠠᠭ᠎ᠠ ᠪᠢᠯᠠ᠃ ᠪᠢ ᠬᠦᠬᠡᠬᠤᠳᠠ᠎ᠳᠤ ᠢᠷᠡᠬᠦ᠎ᠪᠠᠷ ᠲᠦᠨᠭᠯᠢᠶᠤᠤ᠎ᠠᠴᠠ ᠨᠢᠰᠬᠡᠯ᠎ᠳᠤ ᠭᠠᠷᠬᠤ᠎ᠳᠤ ᠮᠦᠨ ᠬᠦᠬᠡᠬᠤᠳᠠ᠎ᠳᠤ ᠢᠷᠡᠬᠦ ᠬᠡᠵᠤ ᠪᠠᠢ᠌ᠭ᠎ᠠ  ᠨᠠᠢ᠍ᠮᠠᠨ ᠬᠣᠰᠢᠭᠤᠨ᠎ᠤ ᠢᠤᠢ ᠵᠢᠡᠭ ᠱᠤ᠌᠂ ᠯᠢ ᠴᠢᠡᠭ ᠬᠤᠸᠨ ᠨᠡᠷ᠎ᠲᠠᠢ ᠨᠢᠰᠬᠡᠯ ᠲᠡᠭᠡᠷ᠎ᠠ ᠲᠠᠭ᠋ᠠᠷᠡᠪᠡ᠃ ᠢᠤᠢ ᠵᠢᠡᠭ ᠱᠤ᠌ ᠨᠦᠬᠦᠷ ᠪᠤᠯ ᠤᠤᠯ᠎ᠨᠢ ᠨᠠᠢ᠍ᠮᠠᠨ ᠬᠤᠰᠢᠭᠤᠨ᠎ᠤ ᠤᠯᠢᠶᠠᠰᠤ ᠰᠢᠶᠠᠡᠭ᠎ᠤᠨ ᠨᠠᠮ᠎ᠤᠨ ᠬᠤᠷᠢᠶ᠎ᠠ ᠵᠢᠨ ᠱᠦᠵᠢ ᠪᠠᠢ᠌ᠵᠡᠢ᠃ ᠤᠳᠤ ᠨᠠᠢ᠍ᠮᠠᠨ ᠬᠤᠰᠢᠭᠤᠨ᠎ᠤ ᠡᠷᠡᠬᠦᠯ ᠬᠠᠮᠠᠭ᠋ᠠᠯᠠᠯ᠎ᠤᠨ ᠲᠤᠪᠴᠢᠶ᠎ᠠ ᠵᠢᠨ ᠲᠤᠪᠴᠢᠶᠠᠨ ᠲᠡᠷᠤᠭ᠎ᠠ᠎ᠪᠠᠷ ᠠᠵᠢᠯᠯᠠᠵᠤ ᠪᠠᠢ᠌ᠨ᠎ᠠ᠃ ᠢᠤᠢ ᠲᠤᠪᠴᠢᠶᠠᠨ ᠲᠡᠷᠤᠭ᠎ᠠ ᠪᠤᠯ ᠡᠷᠳᠡᠨᠢᠪᠠᠶᠡᠷ ᠪᠠᠭᠰᠢ ᠵᠢᠨ ᠰᠠᠢ᠌ᠨ ᠨᠠᠢ᠌ᠵᠡ᠎ᠨᠢ ᠶᠤᠮ᠃ ᠯᠢ ᠴᠢᠡᠭ ᠬᠤᠸᠨ ᠪᠤᠯ ᠬᠤᠰᠢᠭᠤᠨ᠎ᠤ ᠠᠷᠡᠳ᠎ᠤᠨ ᠡᠮᠨᠡᠯᠭᠡ ᠵᠢᠨ ᠬᠤᠷᠢᠶ᠎ᠠ ᠵᠢᠨ ᠬᠤᠷᠢᠶᠠᠨ ᠲᠡᠷᠤᠭ᠎ᠠ ᠶᠤᠮ᠃ ᠨᠢᠳᠤᠨᠤᠨ᠎ᠠᠴᠠ ᠡᠷᠳᠡᠨᠢᠪᠠᠶᠡᠷ ᠪᠠᠭᠰᠢ ᠦᠪᠤᠷ ᠮᠤᠩᠭᠤᠯ᠎ᠤᠨ ᠥᠪᠡᠷᠲᠡᠭᠡᠨ ᠵᠠᠰᠠᠬᠤ ᠤᠷᠤᠨ᠎ᠤ ᠡᠷᠡᠬᠦᠯ ᠬᠠᠮᠠᠭ᠋ᠠᠯᠠᠯ᠎ᠤᠨ ᠲᠢᠨᠭᠬᠢᠮ᠎ᠲᠠᠢ ᠬᠠᠷᠢᠴᠡᠵᠤ  ᠨᠠᠢ᠍ᠮᠠᠨ ᠬᠤᠰᠢᠭᠤᠨ᠎ᠤ ᠠᠷᠡᠳ᠎ᠤᠨ ᠡᠮᠨᠡᠯᠭᠡ ᠵᠢᠨ ᠬᠤᠷᠢᠶᠠᠨ᠎ᠳᠤ ᠨᠢᠭᠡ ᠪᠦᠯᠦᠭ ᠡᠮᠴᠢᠯᠡᠭᠡᠨ᠎ᠤ ᠪᠠᠭ᠋ᠠᠵᠢ ᠬᠡᠷᠡᠭᠰᠡᠯ ᠤᠯᠵᠤ ᠦᠭᠬᠦᠭᠰᠡᠨ ᠪᠠᠢ᠌ᠵᠡᠢ᠃ ᠢᠤᠢ ᠵᠢᠡᠭ ᠱᠤ᠌᠂ ᠯᠢ ᠴᠢᠡᠭ ᠬᠤᠸᠨ᠂ ᠨᠢᠬᠡᠨ ᠵᠠᠯᠠᠭᠤ ᠨᠡᠷᠢᠨ ᠪᠢᠴᠢᠬᠡᠴᠢ᠎ᠲᠠᠢ᠎ᠪᠠᠨ ᠡᠨᠡ ᠤᠳᠠᠭ᠎ᠠ ᠬᠦᠬᠡᠬᠤᠳᠠ᠎ᠳᠤ ᠤᠴᠢᠵᠤ ᠡᠷᠳᠡᠨᠢᠪᠠᠶᠡᠷ ᠪᠠᠭᠰᠢ ᠵᠢ ᠡᠷᠢᠵᠤ ᠲᠡᠳᠡᠭᠡᠷ ᠡᠮᠴᠢᠯᠡᠭᠡᠨ᠎ᠤ ᠪᠠᠭ᠋ᠠᠵᠢ ᠬᠡᠷᠡᠭᠰᠡᠯ ᠵᠢᠨᠨ ᠠᠪᠬᠤ᠎ᠪᠠᠷ ᠶᠠᠪᠤᠵᠤ ᠪᠠᠢ᠌ᠬᠤ᠎ᠨᠢ ᠡᠨᠡ ᠪᠢᠯᠡ᠃ ᠨᠢᠰᠬᠡᠯ ᠬᠦᠬᠡᠬᠤᠳᠠ ᠵᠢᠨ ᠴᠠᠭ᠋ᠠᠨ ᠰᠤᠪᠤᠷᠭ᠎ᠠ ᠪᠠᠭᠤᠳᠡᠯ᠎ᠳᠤ ᠪᠠᠭᠤᠵᠤ ᠪᠢᠳᠡ ᠬᠠᠮᠳᠤ᠎ᠪᠠᠷ ᠨᠢᠰᠬᠡᠯ᠎ᠠᠴᠠ ᠪᠠᠭᠤᠬᠤ᠎ᠳᠤ ᠢᠤᠢ ᠵᠢᠡᠭ ᠱᠤ᠌ ᠨᠦᠬᠦᠷ ᠨᠠᠢ᠌ᠳᠡᠵᠤ ᠲᠡᠭᠡᠭᠡᠪᠤᠷᠢᠯᠡᠬᠦᠯᠦᠭᠰᠡᠨ ᠪᠤᠭᠴᠤ ᠪᠤᠭᠤᠳᠡᠯ ᠵᠢᠨᠨ ᠲᠤᠰᠴᠤ ᠠᠪᠤᠭ᠋ᠠᠳ ᠦᠵᠡᠭᠰᠡᠨ ᠴᠢᠨᠢ ᠠᠶᠠᠨ᠎ᠤ ᠪᠤᠭᠴᠤᠨ᠎ᠳᠤ᠎ᠪᠠᠨ ᠬᠢᠭᠰᠡᠨ ᠪᠦᠬᠦ ᠵᠤᠭᠤᠰ ᠮᠦᠨᠭᠬᠦ᠎ᠨᠢ ᠪᠦᠷ  ᠠᠯᠠᠭ᠎ᠠ ᠪᠤᠯᠵᠡᠢ᠃ ᠢᠤᠢ ᠵᠢᠡᠭ ᠱᠤ᠌ ᠨᠦᠬᠦᠷ ᠲᠤᠢ᠌ᠯ ᠵᠢᠡᠷ ᠰᠠᠨᠳᠤᠷᠤᠨ ᠮᠡᠩᠳᠡᠬᠦᠷᠡᠵᠤ᠂ ᠴᠠᠭᠳᠠᠭ᠎ᠠ᠎ᠳᠤ ᠮᠡᠳᠡᠬᠦᠯᠬᠦ ᠬᠡᠪᠡ᠃ ᠪᠢ ᠲᠡᠬᠦᠨ᠎ᠳᠤ ᠄ 《ᠡᠨᠡ ᠶᠠᠪᠤᠳᠡᠯ᠎ᠢ ᠬᠡᠨ᠎ᠢ ᠡᠷᠢᠭᠰᠡᠨ ᠴᠤ᠌ ᠬᠡᠷᠡᠭ ᠦᠭᠡᠢ᠂ ᠵᠤᠭᠤᠰ ᠮᠦᠨᠭᠬᠦ ᠵᠢ ᠠᠶᠠᠨ᠎ᠤ ᠪᠤᠭᠴᠤᠨ᠎ᠳᠤ ᠬᠢᠵᠤ  ᠨᠠᠢ᠌ᠳᠠᠨ  ᠲᠡᠭᠡᠭᠡᠪᠦᠷᠢᠯᠡᠭᠦᠯᠵᠦ ᠪᠤᠯᠬᠤ ᠦᠭᠡᠢ ᠶᠤᠮ》 ᠬᠡᠪᠡ᠃ ᠡᠬᠦᠨ᠎ᠢ ᠯᠠᠪᠳᠡᠢ ᠪᠤᠭᠴᠤ ᠪᠤᠭᠤᠳᠡᠯ᠎ᠢ ᠠᠴᠢᠶᠠᠯᠠᠵᠤ ᠪᠠᠭᠤᠯᠭ᠋ᠠᠬᠤ ᠠᠵᠢᠯᠳᠡᠨ ᠤᠢ᠌ᠯᠡᠳᠦᠭᠰᠡᠨ ᠬᠡᠷᠡᠭ ᠡ᠃ ᠪᠢᠳᠡ ᠦᠪᠤᠷ ᠮᠤᠩᠭᠤᠯ ᠪᠠᠭᠤᠳᠡᠯ᠎ᠳᠤ ᠬᠦᠷᠤᠭᠡᠳ ᠪᠢ ᠲᠡᠳᠡᠨ᠎ᠳᠤ ᠬᠤᠨᠤᠬᠤ ᠬᠡᠷ ᠠᠪᠴᠤ ᠦᠭᠪᠡ᠃ ᠤᠳᠡᠯ ᠦᠭᠡᠢ ᠢᠤᠢ ᠵᠢᠡᠭ ᠱᠤ᠌ ᠨᠦᠬᠦᠷ ᠠ᠊ · ᠡᠷᠳᠡᠨᠢᠪᠡᠶᠡᠷ ᠪᠠᠭᠰᠢ᠎ᠳᠤ ᠤᠳᠡᠰᠤᠳᠠᠬᠤ᠎ᠳᠤ ᠡ᠊ ᠪᠠᠭᠰᠢ ᠲᠤᠤᠷ᠎ᠠ᠎ᠪᠠᠨ ᠮᠠᠰᠢᠨ ᠵᠢᠨᠨ ᠪᠡᠷᠢᠵᠤ ᠢᠷᠡᠭᠡᠳ ᠲᠡᠳᠡᠨ᠎ᠳᠤ ᠵᠤᠭᠤᠰ  ᠠᠪᠴᠢᠷᠠᠨ ᠦᠭᠴᠤ ᠤᠷᠤᠢ᠎ᠨᠢ ᠲᠡᠳᠡᠨ᠎ᠢ ᠲᠡᠢ᠌ᠯᠠᠬᠤ᠎ᠳᠤ ᠪᠢ ᠰᠠᠶᠢ ᠲᠡᠳᠡᠨ᠎ᠤ ᠶᠠᠭᠤᠨ᠎ᠳᠤ ᠬᠦᠬᠡᠬᠤᠳᠠ᠎ᠳᠤ ᠢᠷᠡᠭᠰᠡᠨ᠎ᠢ ᠮᠡᠳᠡᠵᠡᠢ᠃
    ᠠ᠊ · ᠡᠷᠳᠡᠨᠢᠪᠡᠶᠡᠷ ᠪᠠᠭᠰᠢ ᠮᠡᠷᠭ᠋ᠠᠰᠢ᠎ᠨᠢ ᠲᠡᠳᠡᠨ᠎ᠢ ᠲᠠᠭ᠋ᠠᠭᠤᠯᠤᠨ  ᠦᠪᠡᠷᠲᠡᠭᠡᠨ ᠵᠠᠰᠠᠬᠤ  ᠣᠷᠤᠨ᠎ᠤ ᠡᠷᠡᠬᠦᠯ ᠬᠠᠮᠠᠭ᠋ᠠᠯᠠᠯ᠎ᠤᠨ ᠲᠢᠨᠭᠬᠢᠮ᠎ᠳᠤ ᠤᠴᠢᠵᠤ ᠡᠮᠴᠢᠯᠡᠭᠡᠨ᠎ᠤ ᠪᠠᠭ᠋ᠠᠵᠢ ᠬᠡᠷᠡᠭᠰᠡᠯ ᠎ᠤᠳ᠎ᠢ ᠤᠯᠵᠤ ᠦᠭᠬᠦᠭᠡᠳ᠂ ᠭᠠᠯᠳᠤ ᠲᠡᠷᠭᠡᠨ᠎ᠳᠤ ᠠᠴᠢᠶᠠᠯᠠᠨ ᠨᠠᠢ᠍ᠮᠠᠨ ᠵᠦᠭ ᠶᠠᠪᠤᠭᠤᠯᠵᠤ ᠲᠡᠳᠡᠨ᠎ᠢ ᠬᠤᠶᠡᠷ  ᠬᠣᠨᠣᠭ ᠰᠠᠢ᠌ᠨ ᠲᠡᠢ᠌ᠯᠠᠭ᠋ᠠᠳ ᠮᠤᠷᠳᠠᠭᠤᠯᠤᠭᠰᠡᠨ ᠶᠤᠮ᠃
    ᠨᠤᠳᠤᠭ ᠤᠰᠤ᠎ᠪᠠᠨ ᠬᠡᠵᠤ ᠢᠮᠠᠭᠳᠠ ᠲᠡᠮᠡᠤᠯᠳᠡᠭ ᠵᠢᠷᠤᠭᠡ ᠰᠡᠳᠬᠢᠯ᠎ᠨᠢ ᠲᠡᠬᠦᠨ᠎ᠢ ᠤᠯᠠᠨ ᠤᠳᠠᠭ᠎ᠠ ᠵᠡᠬᠦᠨ ᠵᠦᠭ᠎ᠲᠤ ᠠᠶᠠᠯᠠᠭᠤᠯᠵᠤ᠂ ᠨᠤᠳᠤᠭ᠎ᠤᠨ᠎ᠬᠢ᠎ᠨᠢ ᠬᠠᠯᠠᠭᠤᠨ ᠰᠢᠷᠤᠢ ᠲᠡᠬᠦᠨ᠎ᠤ᠎ᠪᠠᠨ ᠤᠯᠠ ᠮᠦᠷ᠎ᠢ ᠲᠡᠷᠨ ᠬᠡᠪ ᠵᠢᠡᠷ᠎ᠨᠢ ᠲᠤᠷᠠᠢ᠌ᠯᠭ᠋ᠠᠭᠰᠠᠭ᠋ᠠᠷ᠃ ᠨᠤᠳᠤᠭ᠎ᠤᠨ᠎ᠬᠢ᠎ᠨᠢ ᠠᠷᠡᠳ ᠲᠦᠮᠡᠨ ᠰᠤᠤ ᠪᠢᠯᠢᠭᠳᠦ ᠬᠦᠪᠡᠬᠦᠨ᠎ᠤ᠎ᠪᠠᠨ ᠬᠡᠪ ᠲᠠᠭᠤᠷᠢᠶᠠᠯᠳᠤ ᠤᠢ᠌ᠯᠠ ᠠᠵᠢᠯᠯᠠᠭ᠎ᠠ ᠪᠦᠬᠦᠨ᠎ᠢ ᠲᠡᠷᠨ ᠴᠢᠭ ᠵᠢᠡᠷ᠎ᠨᠢ ᠲᠡᠮᠳᠡᠭᠯᠡᠨ  ᠴᠠᠳᠢᠭᠯᠠᠭᠰᠠᠭ᠋ᠠᠷ ᠁

                                                                                2023 ᠤᠨ᠎ᠤ 7 ᠳ᠋ᠤᠭ᠋ᠠᠷ ᠰᠡᠷ᠎ᠠ ᠵᠢᠨ 1᠎ᠤ ᠡᠳᠤᠷ ᠲᠦᠩᠯᠢᠶᠤᠤ ᠬᠣᠲᠠᠨ᠎ᠠ
     ᠵᠣᠬᠢᠶᠠᠭᠴᠢ ᠵᠢᠨ ᠬᠠᠶᠢᠭ᠄ ᠲᠦᠩᠯᠢᠶᠤᠤ ᠬᠤᠲᠠ ᠵᠢᠨ ᠮᠦᠽᠸᠢ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠤᠮᠠᠷᠠᠲᠤ ᠵᠢᠨ ᠰᠢᠨ᠎ᠡ ᠰᠣᠨᠢᠨ᠎ᠤ ᠰᠤᠷᠪᠤᠯᠵᠢᠯᠠᠭᠴᠢ ᠵᠢᠨ ᠠᠰᠠᠭᠤᠯᠳᠠ᠄
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠬᠠᠤᠯᠢ ᠴᠠᠭ᠋ᠠᠵᠨ ᠵᠢᠨ ᠰᠣᠨᠢᠨ᠎ᠤ ᠰᠤᠷᠪᠤᠯᠵᠢᠯᠠᠭᠴᠢ ᠵᠢᠨ ᠠᠰᠠᠭᠤᠯᠳᠠ᠄
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠥᠪᠥᠷ ᠮᠣᠩᠭᠣᠯ᠎ᠤᠨ ᠲᠧᠯᠸᠢᠰ ᠬᠣᠷᠢᠶᠠᠨ᠎ᠤ ᠰᠤᠷᠪᠤᠯᠵᠢᠯᠠᠭᠴᠢ ᠵᠢᠨ ᠠᠰᠠᠭᠤᠯᠳᠠ᠄
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠰᠢᠨᠬᠤᠸᠠ ᠰᠦᠯᠵᠢᠶᠡᠨ᠎ᠤ ᠰᠤᠷᠪᠤᠯᠵᠢᠯᠠᠭᠴᠢ ᠵᠢᠨ ᠠᠰᠠᠭᠤᠯᠳᠠ᠄
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠥᠪᠥᠷ ᠮᠣᠩᠭᠣᠯ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ ᠵᠢᠨ ᠠᠰᠠᠭᠤᠯᠲᠠ᠄
 
            