ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠠᠮᠢ ᠨᠠᠰᠣᠨ᠎ᠤ ᠢᠯᠠᠭᠤᠭᠰᠠᠨ ᠲᠠᠭᠣᠯᠠᠯ᠎ᠢ ᠴᠢᠪᠬᠠᠳᠠᠭᠰᠠᠨ ᠡᠷᠡᠭᠦᠯ ᠡᠩᠬᠡ ᠵᠢᠨ ᠡᠯᠴᠢ
ᠨᠡᠶᠢᠲᠡᠯᠡᠭᠰᠡᠨ ᠴᠠᠭ᠄ 2023-09-27

            —  ᠬᠣᠸᠠᠩ ᠣᠶᠣᠩᠭᠣᠸ᠎ᠠ ᠵᠢᠨ ᠵᠢᠱ᠌ᠢᠶᠡᠴᠢ ᠦᠢ᠍ᠯᠡ ᠠᠵᠢᠯᠯᠠᠭ᠎ᠠ ᠵᠢ ᠲᠡᠮᠳᠡᠭᠯᠡᠪᠡ
                                      ᠬᠣᠣᠰᠪᠣᠯᠠᠭ ᠵᠣᠬᠢᠶᠠᠪᠠ

  ᠪᠢ ᠪᠣᠯ ᠡᠪ ᠬᠠᠮᠳᠣ ᠨᠠᠮ᠎ᠤᠨ ᠬᠡᠰᠢᠬᠦᠨ᠂ ᠡᠪᠡᠳᠴᠢᠨ ᠡᠮᠬᠡᠭ᠎ᠲᠠᠢ ᠬᠦᠮᠦᠰ᠎ᠢ ᠡᠷᠡᠬᠦᠯᠵᠢᠬᠦᠯᠬᠦ᠎ᠳᠤ ᠭᠠᠪᠰᠢᠭ᠋ᠠᠢ᠌ᠯᠠᠨ ᠠᠵᠢᠯᠯᠠᠬᠣ ᠲᠠᠷᠬᠠᠨ ᠡᠬᠦᠷᠬᠡ᠎ᠲᠠᠢ ᠰᠣᠪᠢᠯᠠᠭᠴᠢ ᠬᠦᠮᠦᠨ᠂ ᠠᠷᠠᠳ ᠲᠦᠮᠡᠨ ᠭᠠᠰᠠᠯᠠᠩ᠎ᠤᠨ ᠲᠠᠯᠠᠢ᠎ᠳᠤ ᠲᠡᠯᠴᠢᠯᠡᠬᠦ ᠦᠶᠡᠰ ᠦᠴᠦᠬᠡᠨ ᠴᠦ᠍  ᠬᠤᠢ᠌ᠷᠭᠤᠰᠢᠯ ᠦᠬᠡᠢ ᠡᠷᠡᠮᠡᠬᠡᠢ᠌ᠯᠡᠨ ᠵᠢᠳᠬᠦᠬᠦ ᠴᠢᠬᠣᠯᠠᠳᠠᠢ᠃ ᠶᠠᠮᠠᠷ ᠬᠦᠴᠢᠷ ᠪᠡᠷᠬᠡ ᠲᠠᠭ᠋ᠠᠷᠠᠭᠰᠠᠨ ᠴᠦ᠍  ᠤᠬᠤᠷᠢᠰᠢ ᠦᠬᠡᠢ᠂ ᠲᠣᠬᠠᠢ᠌ᠯᠠᠭᠰᠠᠨ ᠠᠵᠢᠯ᠎ᠤᠨ ᠣᠷ᠎ᠠ ᠴᠢᠳᠠᠪᠣᠷᠢ᠎ᠪᠠᠨ ᠦᠢ᠍ᠯᠡᠰ᠎ᠲᠤ᠎ᠪᠠᠨ ᠵᠣᠷᠢᠭᠣᠯᠵᠣ᠂ ᠬᠦᠴᠦᠨ ᠴᠢᠳᠠᠯ ᠪᠦᠬᠦᠨ ᠵᠶ᠋ᠠᠨ ᠣᠯᠣᠰ  ᠭᠦᠷᠦᠨ᠎ᠳᠤ᠎ᠪᠠᠨ ᠡᠷᠬᠦᠬᠦ᠎ᠳᠤ ᠴᠠᠭ ᠢᠮᠠᠭᠳᠠ ᠪᠡᠯᠡᠬᠡᠨ᠃
                                       — ᠬᠣᠸᠠᠩ ᠣᠶᠣᠩᠭᠣᠸ᠎ᠠ

   ᠪᠣᠷᠣᠭ᠋ᠠᠨ  ᠰᠢᠪᠡᠷᠡᠵᠦ ᠯᠡ ᠪᠠᠢ᠌ᠯ᠎ᠠ᠃  2022 ᠣᠨ᠎ᠤ ᠲᠣᠯᠣᠳᠣᠭ᠋ᠠᠷ ᠰᠠᠷ᠎ᠠ ᠬᠣᠷ᠎ᠠ  ᠲᠤᠨᠳᠠᠰᠤ  ᠪᠠᠡᠷ ᠡᠯᠪᠡᠭ᠂ ᠣᠨ ᠵᠢᠯ᠎ᠢ ᠦᠩᠬᠡᠯᠡᠴᠢᠬᠡᠮᠡᠷ ᠰᠠᠢ᠌ᠬᠠᠨ ᠴᠠᠭ ᠣᠯᠠᠷᠢᠯ ᠪᠣᠯᠵᠣ᠂ ᠡᠬᠡᠬᠡ ᠯᠡ ᠦᠨᠦ ᠦᠬᠦᠯ ᠲᠠᠭ᠋ᠠᠷᠢᠭᠰᠠᠨ   ᠬᠢᠵᠢᠭ᠎ᠤᠨ ᠸᠢᠷᠦ᠋ᠰ᠎ᠢ ᠦᠨᠳᠦᠰᠦ ᠦᠬᠡᠢ ᠣᠬᠢᠶᠠᠨ ᠠᠷᠢᠯᠭ᠋ᠠᠴᠢᠬᠠᠶ᠎ᠠ ᠬᠡᠰᠡᠨ ᠰᠢᠭ  ᠪᠣᠷᠣᠭ᠋ᠠᠨ  ᠰᠢᠪᠡᠷᠡᠵᠦ ᠯᠡ ᠪᠠᠢ᠌ᠯ᠎ᠠ᠃ ᠡᠬᠡ ᠲᠡᠯᠡᠬᠡᠢ ᠵᠢ ᠬᠣᠷ᠎ᠠ ᠪᠣᠷᠣᠭ᠋ᠠᠨ ᠵᠶ᠋ᠠᠷ ᠣᠶᠠᠷᠠᠭᠣᠯᠣᠭᠰᠠᠨ ᠡᠢ᠌ᠮᠦ ᠨᠢᠬᠡᠨ ᠡᠳᠦᠷ ᠪᠢ ᠦᠬᠠᠨ ᠪᠠ ᠴᠠᠩ ᠴᠦᠨ ᠬᠣᠳᠠ᠎ᠳᠤ  ᠬᠦᠷᠴᠦ  ᠬᠢᠵᠢᠭ᠎ᠤᠨ ᠸᠢᠷᠦ᠋ᠰ᠎ᠲᠠᠢ ᠡᠷᠡᠯᠬᠡᠭᠯᠡᠨ ᠲᠡᠮᠡᠴᠡᠭᠰᠡᠨ ᠬᠣᠸᠠᠩ ᠣᠶᠣᠩᠭᠣᠸ᠎ᠠ ᠵᠢᠨ ᠪᠠᠭ᠋ᠠᠳᠣᠷᠯᠢᠭ ᠦᠢ᠍ᠯᠡ ᠠᠵᠢᠯᠯᠠᠭ᠎ᠠ ᠵᠢ ᠰᠣᠷᠪᠣᠯᠵᠢᠬᠣ᠎ᠪᠠᠷ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ᠎ᠤ ᠠᠷᠠᠳ᠎ᠤᠨ ᠡᠮᠨᠡᠯᠬᠡ ᠵᠢᠨ ᠬᠣᠷᠢᠶ᠎ᠠ᠎ᠳᠤ ᠬᠦᠷᠴᠦ ᠪᠢᠯᠡ᠃ ᠡᠮᠨᠡᠯᠬᠡ ᠵᠢᠨ ᠦᠢ᠍ᠯᠡᠴᠢᠯᠡᠬᠡᠨ᠎ᠤ ᠲᠠᠰᠣᠭ᠎ᠤᠨ ᠡᠷᠬᠢᠯᠡᠭᠴᠢ ᠰᠣ᠌ ᠭᠣᠸᠠᠩ ᠾᠦᠢ ᠵᠢ ᠡᠷᠢᠵᠦ ᠰᠣᠷᠪᠣᠯᠵᠢᠯᠠᠬᠣ ᠣᠴᠢᠷ ᠵᠶ᠋ᠠᠨ ᠶᠠᠷᠢᠵᠣ ᠬᠣᠸᠠᠩ ᠣᠶᠣᠩᠭᠣᠸ᠎ᠠ ᠵᠢ ᠰᠣᠷᠠᠯ᠎ᠠ᠃ ᠰᠣ᠌ ᠭᠤᠸᠠᠩ ᠾᠦᠢ ᠲᠦᠢ᠍ᠯ᠎ᠤᠨ ᠬᠠᠯᠭᠣᠮᠰᠣᠭ ᠵᠶ᠋ᠠᠷ ᠣᠭᠳᠣᠨ ᠠᠪᠣᠭᠰᠠᠨ ᠪᠦᠬᠡᠳ᠂ ᠲᠡᠷᠡ ᠲᠠᠷᠣᠢ ᠬᠣᠷᠢᠶᠠᠨ ᠲᠠᠷᠣᠭ᠎ᠠ᠎ᠳᠤ᠎ᠪᠠᠨ ᠬᠠᠷᠢᠭᠣ ᠮᠡᠳᠡᠬᠦᠯᠬᠦ᠎ᠪᠠᠷ ᠨᠠᠮ᠎ᠠ ᠵᠢ ᠲᠠᠭ᠋ᠠᠭᠣᠯᠣᠨ ᠠᠯᠪᠠᠨ ᠬᠡᠷ᠎ᠲᠤ᠎ᠨᠢ ᠬᠦᠷᠦᠭᠰᠡᠨ ᠶᠣᠮ᠃
   ᠬᠣᠷᠢᠶᠠᠨ ᠲᠠᠷᠣᠭ᠎ᠠ᠎ᠠᠴᠠ ᠣᠷᠣᠨ ᠨᠣᠳᠣᠭ ᠵᠶ᠋ᠠᠨ ᠲᠦᠯᠦᠬᠡᠯᠡᠨ ᠬᠢᠵᠢᠭ ᠎ᠲᠠᠢ ᠲᠡᠮᠡᠴᠡᠬᠦ ᠲᠠᠢ᠌ᠨ᠎ᠳᠤ ᠮᠣᠷᠳᠠᠵᠣ ᠠᠮᠵᠢᠯᠳᠠ᠎ᠲᠠᠢ ᠪᠣᠴᠠᠵᠣ ᠢᠷᠡᠭᠰᠡᠨ ᠪᠠᠭ᠋ᠠᠳᠣᠷ ᠠᠵᠢᠯᠳᠠᠨ ᠵᠶ᠋ᠠᠨ ᠣᠬᠠᠭᠣᠯᠣᠨ ᠰᠣᠷᠳᠠᠯᠴᠢᠯᠠᠭᠣᠯᠬᠣ᠎ᠪᠠᠷ ᠶᠠᠭ᠋ᠠᠷᠠᠵᠣ ᠪᠠᠢ᠌ᠭᠰᠠᠨ  ᠵᠶ᠋ᠠᠨ ᠨᠢᠭᠣᠯᠳᠠ ᠦᠬᠡᠢ ᠢᠯᠡᠷᠬᠡᠢ᠌ᠯᠡᠵᠦ ᠪᠠᠢ᠌ᠯ᠎ᠠ᠃ ᠰᠣᠷᠪᠣᠯᠵᠢᠬᠣ ᠶᠠᠪᠣᠴᠠ ᠵᠢᠨ ᠲᠣᠬᠠᠢ ᠲᠦᠬᠦᠮ ᠶᠠᠷᠢᠯᠴᠠᠭᠰᠠᠨ᠎ᠤ ᠲᠠᠷᠠᠭ᠎ᠠ ᠬᠣᠷᠢᠶᠠᠨ ᠲᠠᠷᠣᠭ᠎ᠠ ᠪᠡ ᠰᠣ᠌ ᠭᠣᠸᠠᠩ ᠾᠦᠢ ᠵᠢᠨ ᠪᠠᠷᠠᠳᠠᠯᠭ᠎ᠠ᠎ᠪᠠᠷ ᠬᠣᠸᠠᠩ ᠣᠶᠣᠩᠭᠣᠸ᠎ᠠ ᠵᠢᠨ ᠠᠵᠢᠯᠯᠠᠵᠣ ᠪᠠᠢ᠌ᠭ᠎ᠠ ᠲᠠᠰᠣᠭ ᠣᠷᠣᠭᠣ ᠴᠢᠭᠯᠡᠵᠡᠢ᠃ ᠲᠠᠰᠣᠭ᠎ᠲᠤ᠎ᠨᠢ ᠬᠦᠷᠬᠦ᠎ᠳᠤ ᠬᠣᠸᠠᠩ ᠣᠶᠣᠩᠭᠣᠸ᠎ᠠ ᠠᠯᠠᠭ᠎ᠠ᠂ ᠣᠳᠠᠰᠣ ᠵᠢ᠎ᠨᠢ ᠵᠠᠯᠭ᠋ᠠᠬᠣ᠎ᠳᠤ ᠬᠣᠪᠴᠠᠰᠣᠨ ᠡᠯᠬᠦᠬᠦᠷ᠎ᠲᠤ ᠲᠡᠭᠦᠵᠢᠯᠡᠭᠳᠡᠬᠡ ᠵᠢᠵᠢᠭ ᠪᠣᠭᠴᠣ᠎ᠠᠴᠠ ᠭᠠᠷ ᠣᠳᠠᠰᠣᠨ᠎ᠤ ᠲᠣᠬᠢᠶ᠎ᠠ ᠬᠦᠯᠢᠶᠡᠭᠰᠡᠨ ᠲᠠᠭᠣ ᠬᠠᠩᠬᠢᠨᠠᠨ᠎ᠠ ᠪᠢᠯᠡ᠃
  — ᠲᠡᠷᠡ  ᠪᠠᠰᠠ ᠯᠡ ᠣᠳᠠᠰᠣ᠎ᠪᠠᠨ ᠣᠷᠬᠢᠭ᠋ᠠᠳ ᠡᠪᠡᠳᠴᠢᠳᠡᠨ᠎ᠤ ᠦᠷᠦᠬᠡ ᠵᠢ ᠪᠠᠢ᠌ᠴᠠᠭ᠋ᠠᠬᠣ᠎ᠪᠠᠷ ᠶᠠᠪᠣᠴᠢᠬᠠᠵᠠᠢ ᠬᠡᠵᠦ ᠰᠣ᠌ ᠭᠣᠸᠠᠩ ᠾᠦᠢ ᠶᠠᠷᠢᠭᠰᠠᠨ ᠵᠶ᠋ᠠᠨ᠄ 《ᠲᠠ ᠨᠠᠷ ᠡᠨᠳᠡ ᠵᠢᠭ᠋ᠠᠬᠠᠨ ᠬᠦᠯᠢᠶᠡᠵᠦ ᠪᠠᠢ᠌ᠭ᠋ᠠᠷᠠᠢ᠂ ᠪᠢ ᠲᠡᠬᠦᠨ᠎ᠢ ᠲᠠᠭᠣᠳᠠᠭ᠋ᠠᠳ ᠢᠷᠡᠶ᠎ᠡ》 ᠬᠡᠪᠡ᠃
  — ᠲᠡᠬᠡᠵᠦ ᠶᠠᠷᠰᠢᠭᠯᠠᠬᠣ ᠵᠢᠨ ᠣᠷᠣᠨ᠎ᠳᠤ ᠴᠢᠮ᠎ᠠ ᠵᠢ ᠲᠠᠭ᠋ᠠᠭ᠋ᠠᠳ ᠣᠴᠢᠴᠢᠬᠠᠶ᠎ᠠ ᠬᠡᠵᠦ ᠪᠢ ᠬᠠᠰᠢᠷ ᠲᠣᠷᠰᠢᠯᠭ᠎ᠠ᠎ᠲᠠᠢ ᠰᠣᠷᠪᠣᠯᠵᠢᠯᠠᠭᠴᠢ ᠵᠢᠨ ᠪᠠᠢ᠌ᠷᠢ᠎ᠲᠠᠢ  ᠶᠠᠷᠢᠬᠤ᠎ᠪᠠᠷ ᠬᠣᠷᠢᠶᠠᠨ ᠲᠠᠷᠣᠭ᠎ᠠ ᠯᠢᠦ ᠬᠠᠢ ᠴᠢᠣᠸᠠᠨ᠄ 《  ᠪᠣᠯᠤᠯ ᠦᠬᠡᠢ ᠳ᠋ᠡ᠂ ᠪᠣᠯᠣᠯᠬᠦᠢ᠃ ᠰᠣ᠌ ᠡᠷᠬᠢᠯᠡᠭᠴᠢ ᠲᠠ ᠰᠣᠷᠪᠣᠯᠵᠢᠯᠠᠭᠴᠢ ᠵᠢ ᠲᠠᠭ᠋ᠠᠭᠣᠯᠣᠭ᠋ᠠᠳ ᠶᠠᠪᠣᠭ᠋ᠠᠴᠢ》 ᠬᠡᠮᠡᠨ ᠪᠠᠷᠢᠨ ᠲᠣᠯᠭ᠋ᠠᠴᠢᠬᠠᠪᠠ᠃ ᠪᠢᠳᠡ ᠡᠪᠡᠳᠴᠢᠳᠡᠨ᠎ᠤ ᠰᠠᠭᠣᠭ᠎ᠠ ᠠᠰᠠᠷ᠎ᠲᠤ ᠬᠦᠷᠴᠦ  ᠲᠠᠪᠬᠤᠷᠯᠢᠭ ᠪᠣᠯᠭ᠋ᠠᠨ ᠵᠶ᠋ᠠᠷ ᠰᠣᠷᠠᠵᠣ ᠶᠠᠪᠣᠭᠰᠠᠭ᠋ᠠᠷ ᠠᠷᠠᠢ ᠬᠡᠵᠦ ᠪᠠᠴᠢᠮ ᠠᠪᠣᠷᠠᠯᠳᠠ ᠵᠢᠨ ᠰᠠᠯᠠᠭ᠎ᠠ ᠵᠢᠨ ᠰᠣᠪᠢᠯᠠᠭᠴᠢᠳ᠎ᠤᠨ ᠲᠠᠷᠣᠭ᠎ᠠ ᠬᠣᠸᠠᠩ ᠣᠶᠠᠩᠭᠣᠸ᠎ᠠ᠎ᠲᠠᠢ ᠠᠭᠣᠯᠵᠠᠵᠠᠢ᠃ ᠲᠡᠷᠡ ᠨᠢᠬᠡ ᠰᠣᠪᠢᠯᠠᠭᠴᠢ ᠪᠠ ᠨᠢᠬᠡ ᠲᠠᠳᠣᠯᠭ᠎ᠠ ᠵᠢᠨ ᠰᠣᠷᠣᠭᠴᠢ ᠲᠠᠭ᠋ᠠᠭᠣᠯᠵᠣ ᠪᠠᠴᠢᠮ ᠠᠪᠣᠷᠠᠯᠳᠠ ᠵᠢᠨ ᠰᠠᠯᠠᠭ᠋ᠠᠨ᠎ᠤ ᠡᠪᠡᠳᠴᠢᠳᠡᠨ᠎ᠤ ᠦᠷᠦᠬᠡ ᠪᠦᠷᠢ᠎ᠪᠠᠷ ᠣᠷᠣᠵᠣ ᠡᠪᠡᠳᠴᠢᠳᠡᠨ᠎ᠤ ᠡᠪᠡᠳᠴᠢᠨ᠎ᠤ ᠪᠠᠢ᠌ᠳᠠᠯ᠎ᠢ ᠨᠠᠷᠢᠯᠢᠭ ᠠᠰᠠᠭᠣᠨ ᠨᠢᠭᠳᠠ ᠲᠡᠮᠳᠡᠭᠯᠡᠵᠦ ᠪᠠᠢ᠌ᠯ᠎ᠠ᠃ ᠡᠨᠡ᠎ᠨᠢ ᠦᠷᠯᠦᠬᠡ ᠵᠢᠨ ᠪᠠᠢ᠌ᠴᠠᠭ᠋ᠠᠯᠳᠠ ᠶᠣᠮ ᠬᠡᠨ᠎ᠡ᠂ ᠣᠷᠣᠢ ᠡᠪᠡᠳᠴᠢᠳᠡᠨ ᠣᠨᠳᠠᠵᠣ ᠠᠮᠠᠷᠠᠬᠣ᠎ᠠᠴᠠ ᠡᠮᠦᠨ᠎ᠡ ᠪᠠᠰᠠ ᠨᠢᠬᠡ ᠣᠳᠠᠭ᠎ᠠ ᠠᠰᠠᠭᠣᠵᠣ ᠲᠡᠮᠳᠡᠭᠯᠡᠳᠡᠭ ᠬᠡᠨ᠎ᠡ᠃ ᠡᠨᠡ ᠪᠣᠯ ᠬᠣᠸᠠᠩ ᠣᠶᠣᠩᠭᠣᠸ᠎ᠠ ᠵᠢᠨ ᠡᠳᠦᠷ ᠪᠦᠷᠢ ᠵᠢᠨ ᠪᠠᠷᠢᠮᠳᠠᠯᠠᠳᠠᠭ ᠠᠵᠢᠯ᠎ᠤᠨ ᠵᠣᠷᠰᠢᠯ᠎ᠤᠨ ᠨᠢᠬᠡ ᠎ᠨᠢ ᠲᠡᠳᠦᠢ᠃
   ᠪᠢ ᠬᠣᠸᠠᠩ ᠣᠶᠣᠩᠭᠣᠸ᠎ᠠ᠎ᠲᠠᠢ ᠠᠩᠬ᠎ᠠ ᠢᠩᠬᠢᠵᠦ ᠲᠠᠨᠢᠯᠴᠠᠭᠰᠠᠨ ᠶᠣᠮ᠃ ᠲᠡᠷᠡ  ᠡᠭᠡᠯ ᠳᠠᠷᠤᠤᠬᠠᠨ ᠠᠳᠠᠯ᠎ᠠ ᠦᠬᠡᠳᠡᠷᠬᠡᠭ ᠪᠠᠶᠠᠰᠣᠩᠭᠣᠢ᠂ ᠲᠣᠬᠠᠢ᠌ᠯᠠᠭᠰᠠᠨ ᠠᠵᠢᠯ ᠮᠡᠷᠬᠡᠰᠢᠯ᠎ᠳᠤ᠎ᠪᠠᠨ ᠪᠣᠯᠪᠠᠰᠣᠷᠠᠵᠣ ᠴᠠᠭ᠋ᠠᠷᠠᠭᠰᠠᠨ᠂ ᠭᠣᠴᠢ ᠡᠷᠬᠢᠮ᠎ᠡ ᠨᠠᠰᠣᠨ᠎ᠤ ᠴᠡᠮᠴᠡᠬᠡᠷ ᠭᠣᠪᠠᠢ ᠮᠣᠩᠭᠣᠯ ᠪᠦᠰᠡᠬᠦᠢ᠃ 1989 ᠣᠨ᠎ᠳᠤ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ᠎ᠤ ᠲᠠᠢ᠌ᠴᠢᠨᠳᠠᠯ᠎ᠠ ᠰᠣᠮᠣ ᠵᠢᠨ ᠮᠠᠩᠯᠠᠢ ᠭᠠᠴᠠᠭ᠎ᠠ ᠵᠢᠨ ᠬᠦᠪᠡᠬᠡ ᠵᠢᠨ ᠠᠢ᠌ᠯ᠎ᠳᠤ ᠲᠦᠷᠦᠵᠦ ᠦᠰᠴᠡᠢ᠃ ᠬᠢᠩᠭ᠋ᠠᠨ ᠠᠢ᠌ᠮᠠᠭ᠎ᠤᠨ ᠠᠵᠢᠯ ᠮᠡᠷᠬᠡᠵᠢᠯ᠎ᠤᠨ ᠰᠣᠷᠭ᠋ᠠᠭᠣᠯᠢ᠎ᠠᠴᠠ ᠰᠣᠪᠢᠯᠠᠭᠴᠢ ᠵᠢᠨ ᠲᠣᠰᠬᠠᠢ ᠮᠡᠷᠬᠡᠵᠢᠯ ᠵᠶ᠋ᠠᠷ ᠲᠡᠬᠦᠰᠴᠤ᠂ 2010 ᠣᠨ᠎ᠳᠤ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ᠎ᠤ ᠠᠷᠠᠳ᠎ᠤᠨ ᠡᠮᠨᠡᠯᠬᠡ ᠵᠢᠨ ᠬᠣᠷᠢᠶᠠᠨ᠎ᠳᠤ ᠠᠵᠢᠯ᠎ᠤᠨ ᠭᠠᠷᠣᠭ᠎ᠠ᠎ᠪᠠᠨ ᠠᠪᠣᠪᠠ᠃ 2019 ᠣᠨ᠎ᠳᠤ ᠬᠢᠩᠭ᠋ᠠᠨ ᠠᠢ᠌ᠮᠠᠭ᠎ᠤᠨ ᠡᠷᠡᠬᠦᠯ ᠬᠠᠮᠠᠭ᠋ᠠᠯᠠᠯ᠎ᠤᠨ ᠰᠢᠰᠲᠸᠮ᠎ᠠᠴᠠ ᠵᠣᠬᠢᠶᠠᠨ ᠪᠠᠢ᠌ᠭᠣᠯᠵᠣ ᠶᠠᠪᠣᠭᠳᠠᠭᠣᠯᠣᠭᠰᠠᠨ 《ᠭᠠᠢ᠌ᠶᠠ ᠬᠢᠩᠭ᠋ᠠᠨ ᠲᠠᠬᠢᠨᠢ ᠬᠣᠨᠳᠠᠭ᠋ᠠᠳᠣ》 ᠬᠢᠵᠢᠭ᠎ᠠᠴᠠ ᠰᠡᠷᠬᠡᠢ᠌ᠯᠡᠨ ᠬᠠᠮᠠᠭ᠋ᠠᠯᠠᠵᠣ ᠲᠣᠰᠬᠠᠷᠯᠠᠬᠣ ᠬᠣᠪᠴᠠᠰᠣ ᠵᠢ ᠬᠡᠷᠬᠢᠨ ᠬᠡᠷᠡᠭᠯᠡᠬᠦ ᠭᠣᠷᠪᠠᠨ ᠲᠡᠰ᠎ᠤᠨ ᠰᠡᠷᠬᠡᠢ᠌ᠯᠡᠨ ᠬᠠᠮᠠᠭ᠋ᠠᠯᠠᠬᠣ ᠣᠷ᠎ᠠ ᠴᠢᠳᠠᠪᠣᠷᠢ ᠵᠢᠨ ᠣᠷᠣᠯᠳᠣᠭ᠋ᠠᠨ᠎ᠳᠤ ᠪᠠᠢ᠌ᠭᠣᠯᠭ᠎ᠠ ᠨᠢᠬᠡᠴᠢ᠎ᠪᠠᠨ ᠲᠦᠯᠦᠬᠡᠯᠡᠨ ᠣᠷᠣᠯᠴᠠᠭ᠋ᠠᠳ ᠰᠢᠯᠢᠳᠡᠭ ᠱᠠᠩᠨᠠᠯ ᠵᠶ᠋ᠠᠷ ᠡᠩᠬᠡᠷ ᠵᠶ᠋ᠠᠨ ᠮᠢᠯᠢᠶᠡᠯᠭ᠋ᠠᠪᠠ᠃ 2019 ᠣᠨ᠎ᠤ ᠡᠪᠦᠯ᠂ ᠰᠢᠯᠢ ᠵᠢᠨ ᠭᠣᠣᠯ᠎ᠳᠤ ᠬᠣᠯᠣᠭ᠋ᠠᠨ᠎ᠠ ᠵᠢᠨ ᠬᠢᠵᠢᠭ ᠶᠡᠬᠡ᠎ᠪᠠᠷ ᠲᠡᠯᠬᠡᠷᠡᠭᠰᠡᠨ ᠦᠶ᠎ᠡ᠎ᠳᠤ᠂ 40 ᠭ᠋ᠷᠡᠳᠦ᠋ᠰ ᠪᠣᠯᠳᠠᠯ᠎ᠠ ᠬᠠᠯᠠᠭᠣᠷᠠᠭᠰᠠᠨ ᠰᠡᠵᠢᠭᠯᠡᠯᠳᠡᠢ ᠡᠪᠡᠪᠴᠢᠳᠡᠨ᠎ᠤ ᠵᠢᠱ᠌ᠢᠶ᠎ᠡ ᠢᠯᠡᠷᠡᠭᠰᠡᠨ᠎ᠳᠤ ᠲᠡᠷᠡ ᠬᠠᠮᠳᠣ ᠠᠵᠢᠯᠯᠠᠭᠴᠢ᠎ᠲᠠᠢ ᠬᠣᠶᠠᠭᠣᠯᠠ᠎ᠪᠠᠨ ᠲᠣᠰ ᠡᠪᠡᠳᠴᠢᠳᠡᠨ᠎ᠢ 9 ᠴᠠᠭ ᠭᠠᠷᠣᠢ  ᠲᠤᠰᠠᠭ᠋ᠠᠷᠯᠠᠨ ᠪᠠᠢ᠌ᠴᠠᠭ᠋ᠠᠭ᠋ᠠᠳ᠂ ᠴᠢᠰᠣᠨ᠎ᠤ ᠪᠠᠢ᠌ᠴᠠᠭ᠋ᠠᠯᠳᠠ ᠵᠢᠨ ᠦᠯᠢᠬᠡᠷ ᠬᠡᠪ ᠵᠶ᠋ᠠᠷ᠎ᠨᠢ ᠲᠣᠰ ᠡᠪᠡᠪᠴᠢᠳᠡᠨ ᠬᠣᠯᠣᠭ᠋ᠠᠨ᠎ᠠ ᠵᠢᠨ ᠬᠢᠵᠢᠭ᠎ᠲᠤ ᠨᠡᠷᠪᠡᠭᠳᠡᠭᠰᠡᠨ ᠦᠬᠡᠢ᠂ ᠬᠢᠮᠣᠷᠠᠭ᠎ᠠ ᠵᠢᠨ ᠬᠠᠯᠠᠭᠣᠷᠠᠯ ᠬᠡᠵᠦ ᠲᠣᠳᠣᠯᠠᠭ᠋ᠠᠳ ᠡᠬᠦᠷᠭᠡ᠎ᠪᠠᠨ ᠠᠮᠵᠢᠯᠳᠠ᠎ᠲᠠᠢ ᠪᠡᠶᠡᠯᠡᠬᠦᠯᠪᠠ ᠁ ᠡᠨᠡ ᠪᠣᠯ ᠲᠠᠷᠣᠢ ᠨᠠᠰᠣ ᠵᠠᠯᠠᠭᠣ ᠪᠣᠯᠪᠠᠴᠣ ᠲᠣᠷᠰᠢᠯᠭ᠎ᠠ ᠦᠯᠡᠮᠵᠢ ᠰᠣᠪᠢᠯᠠᠭᠴᠢ ᠬᠣᠸᠠᠩ ᠣᠶᠣᠩᠭᠣᠸ᠎ᠠ ᠪᠣᠯᠣᠨ᠎ᠠ᠃
   ᠪᠢ ᠬᠣᠸᠠᠩ ᠣᠶᠣᠩᠭᠣᠸ᠎ᠠ ᠵᠢᠨ ᠲᠣᠬᠠᠢ ᠠᠩᠬᠠᠨ᠎ᠤ ᠰᠣᠷᠪᠣᠯᠵᠢᠯᠠᠭ᠎ᠠ᠎ᠪᠠᠨ ᠠᠪᠣᠭ᠋ᠠᠳ ᠬᠣᠰᠢᠭᠣᠨ᠎ᠤ ᠠᠷᠠᠳ᠎ᠤᠨ ᠡᠮᠨᠡᠯᠬᠡ ᠵᠢᠨ ᠬᠣᠷᠢᠶ᠎ᠠ᠎ᠠᠴᠠ ᠭᠠᠷᠴᠣ ᠢᠷᠡᠬᠦ᠎ᠳᠤ ᠡᠪᠡᠳᠴᠢᠳᠡᠨ᠎ᠤ ᠠᠰᠠᠷ ᠨᠠᠮ ᠵᠢᠮ᠂ ᠭᠠᠳᠠᠨ᠎ᠠ  ᠪᠣᠷᠣᠭ᠋ᠠᠨ  ᠰᠢᠪᠡᠷᠡᠭᠰᠡᠭᠡᠷ ᠪᠠᠢ᠌ᠯ᠎ᠠ ᠁

   

   ᠬᠦᠮᠦᠯᠢᠭ  ᠠᠷᠠᠨᠰᠢᠨ᠎ᠤ ᠬᠡᠷᠡᠯ ᠬᠢᠯᠪᠠᠭ᠎ᠠ ᠬᠦᠴᠢᠷ ᠲᠦᠪᠡᠭ᠎ᠤᠨ ᠡᠮᠦᠨ᠎ᠡ ᠨᠡᠩ ᠶᠡᠬᠡ ᠰᠠᠴᠣᠷᠠᠠᠳᠠᠭ

   

2020 ᠣᠨ᠎ᠤ ᠴᠠᠭ᠋ᠠᠨ ᠰᠠᠷ᠎ᠠ ᠪᠣᠯ ᠣᠷᠢᠳ ᠡᠮᠦᠨ᠎ᠡ ᠭᠠᠷᠣᠭ᠎ᠠ ᠦᠬᠡᠢ ᠣᠨᠴᠠᠭ᠋ᠠᠢ ᠨᠢᠬᠡᠨ ᠡᠬᠢᠯᠡᠯᠳᠡ᠃ ᠰᠢᠨ᠎ᠡ ᠵᠢᠯ᠎ᠢ ᠣᠭᠳᠣᠮᠠᠷ ᠯᠡ ᠪᠣᠯᠴᠢᠬᠠᠭᠰᠠᠨ ᠨᠢᠬᠡ ᠯᠡ ᠰᠦᠨᠢ ᠵᠢᠨ ᠬᠣᠭᠣᠷᠣᠨᠳᠣ ᠦᠬᠠᠨ ᠬᠣᠳᠠ ᠲᠦᠭᠰᠢᠬᠦᠷᠢ ᠵᠢᠨ ᠲᠠᠯᠠᠢ᠎ᠳᠤ ᠵᠢᠪᠴᠢᠬᠡᠨ᠎ᠡ ᠬᠡᠵᠦ ᠬᠡᠨ ᠴᠦ᠍ ᠵᠡᠬᠦᠳᠦᠯᠡᠬᠡ ᠦᠬᠡᠢ᠃ ᠬᠡᠳᠡᠯ᠎ᠡ ᠠᠶᠣᠯ ᠡᠮᠢᠶᠡᠯ  ᠬᠠᠰᠢ ᠯᠡ ᠢᠷᠡᠬᠦ᠎ᠪᠠᠷ ᠵᠶ᠋ᠠᠨ ᠢᠷᠡᠵᠡᠢ᠂  ᠡᠨᠡ ᠬᠦ᠌ ᠲᠣᠮᠳᠠᠳᠣ ᠣᠯᠣᠰ᠎ᠤᠨ ᠣᠰᠣ ᠬᠠᠭᠣᠷᠠᠢ ᠠᠭ᠋ᠠᠷ᠎ᠤᠨ ᠵᠠᠮ᠎ᠤᠨ ᠭᠣᠣᠯ ᠬᠦᠢ᠍ᠰᠦ ᠵᠢᠨ ᠨᠢᠬᠡ ᠪᠣᠯᠣᠭᠰᠠᠨ᠂ ᠮᠢᠩᠭ᠎ᠠ ᠲᠦᠷᠪᠡᠨ ᠵᠠᠭᠣ ᠰᠢᠬᠠᠮ ᠲᠦᠮᠡᠨ ᠬᠦᠮᠦᠨ ᠠᠮᠠ᠎ᠲᠠᠢ ᠠᠵᠣ   ᠠᠬᠤᠢ ᠵᠢᠨ ᠲᠣᠮᠣ ᠬᠣᠳᠠ ᠬᠢᠵᠢᠭ᠎ᠤᠨ ᠸᠢᠷᠦ᠋ᠰ᠎ᠤᠨ ᠰᠢᠷᠦᠬᠦᠨ ᠲᠠᠭ᠋ᠠᠷᠢᠯᠳᠠ᠎ᠳᠤ ᠶᠠᠭ᠋ᠠᠬᠢᠬᠣ ᠵᠢᠨ ᠠᠷᠭ᠎ᠠ ᠦᠬᠡᠢ ᠲᠣᠯᠭ᠋ᠠᠷᠠᠴᠢᠬᠠᠭᠰᠠᠨ ᠠᠵᠢ᠃ ᠰᠢᠨ᠎ᠡ ᠬᠡᠯᠪᠡᠷᠢ ᠵᠢᠨ ᠲᠢᠲᠢᠮᠯᠢᠭ ᠠᠭᠣᠰᠬᠢᠨ ᠦᠷᠪᠢᠰᠦᠯ᠎ᠤᠨ ᠬᠢᠵᠢᠭ ᠦᠬᠠᠨ ᠬᠣᠳᠠ ᠵᠢᠨ ᠵᠡᠬᠡᠯᠢ ᠪᠦᠬᠦᠨ ᠵᠶ᠋ᠠᠷ ᠬᠡᠰᠦᠬᠦᠴᠢᠯᠡᠵᠦ᠂ ᠠᠰᠠᠷ ᠪᠣᠯᠭ᠋ᠠᠨ ᠵᠶ᠋ᠠᠷ ᠦᠩᠬᠡᠢ᠌ᠯᠴᠡᠵᠦ᠂ ᠡᠷᠦᠬᠡ ᠪᠣᠯᠭ᠋ᠠᠨ ᠵᠶ᠋ᠠᠷ ᠲᠠᠭ᠋ᠠᠷᠢᠵᠣ ᠪᠠᠢ᠌ᠯ᠎ᠠ᠃ ᠬᠢᠵᠢᠭ᠎ᠤᠨ ᠲᠠᠷᠬᠠᠬᠣ ᠬᠣᠷᠳᠣᠴᠠ ᠰᠠᠨᠠᠭ᠋ᠠᠨ᠎ᠠᠴᠠ ᠭᠠᠳᠠᠭᠣᠷ ᠬᠣᠷᠳᠣᠨ᠂ ᠲᠠᠷᠢᠬᠣ ᠬᠣᠣᠷ᠎ᠨᠢ ᠲᠠᠭ᠋ᠠᠭ᠋ᠠᠮᠠᠭᠯᠠᠭᠰᠠᠨ᠎ᠠᠴᠠ  ᠴᠠᠭ᠋ᠠᠰᠢ ᠠᠶᠣᠮᠠᠷ᠂ ᠴᠠᠭ ᠲᠣᠬᠠᠢ᠎ᠳᠤ᠎ᠨᠢ ᠰᠡᠷᠬᠡᠢ᠌ᠯᠡᠨ ᠵᠠᠰᠠᠵᠣ ᠠᠮᠵᠢᠬᠣ ᠦᠬᠡᠢ ᠪᠣᠯ ᠬᠡᠳᠦᠬᠡᠨ ᠡᠳᠦᠷ᠎ᠤᠨ ᠬᠣᠭᠣᠷᠣᠨᠳᠣ ᠠᠮᠢ ᠨᠠᠰᠣ᠎ᠪᠠᠨ ᠴᠦ᠍ ᠠᠯᠳᠠᠨ᠎ᠠ᠃
   ᠠᠷᠠᠢ ᠪᠢᠳᠡᠬᠦᠯᠡᠵᠦ ᠪᠠᠷᠠᠮᠠᠭᠴᠠ ᠬᠢᠵᠢᠭ᠎ᠲᠤ ᠲᠠᠭ᠋ᠠᠷᠢᠭᠳᠠᠭᠰᠠᠨ ᠡᠪᠡᠳᠴᠢᠳᠡᠨ ᠪᠠ  ᠬᠣᠰᠢᠭᠣᠴᠢᠯᠠᠨ ᠪᠠᠢ᠌ᠯᠳᠣᠭ᠎ᠠ ᠡᠮᠴᠢ ᠰᠣᠪᠢᠯᠠᠭᠴᠢᠳ᠎ᠠᠴᠠ ᠪᠣᠰᠣᠳ ᠠᠢ᠌ᠯ ᠬᠣᠳᠠ ᠪᠦᠬᠦᠨ ᠬᠠᠭ᠋ᠠᠯᠭ᠎ᠠ ᠡᠬᠦᠳᠡ᠎ᠪᠠᠨ ᠲᠦᠭᠵᠢᠵᠦ᠂ ᠬᠦᠮᠦᠨ ᠵᠣᠨ ᠪᠦᠬᠦᠨ ᠬᠦᠯ ᠭᠠᠷ ᠵᠶ᠋ᠠᠨ ᠬᠣᠷᠢᠶᠠᠵᠠᠢ᠃ ᠴᠠᠭ᠋ᠠᠨ ᠰᠠᠷ᠎ᠠ ᠵᠢᠨ ᠰᠢᠨ᠎ᠡ ᠵᠢᠨ ᠨᠢᠬᠡᠨ᠎ᠠᠴᠠ  ᠨᠠᠭ᠋ᠠᠰᠢ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ᠎ᠳᠤ ᠦᠬᠠᠨ᠎ᠠᠴᠠ ᠪᠣᠴᠠᠵᠣ ᠢᠷᠡᠭᠰᠡᠨ ᠬᠦᠮᠦᠨ᠎ᠤ ᠲᠣᠭ᠎ᠠ ᠨᠢᠬᠡᠨᠳᠡ 200 ᠵᠢ ᠬᠡᠳᠦᠷᠡᠴᠢᠬᠡᠭᠰᠡᠨ ᠪᠠᠢ᠌ᠵᠠᠢ᠃ ᠬᠣᠰᠢᠭᠣᠨ᠎ᠤ ᠠᠷᠠᠳ᠎ᠤᠨ ᠡᠮᠨᠡᠯᠬᠡ ᠵᠢᠨ ᠬᠣᠷᠢᠶ᠎ᠠ  ᠡᠨᠡ ᠬᠦ᠌ ᠪᠠᠢ᠌ᠳᠠᠯ᠎ᠳᠤ ᠴᠢᠭᠯᠡᠬᠦᠯᠦᠨ ᠬᠢᠵᠢᠭ ᠡᠪᠡᠳᠴᠢᠨ᠎ᠢ ᠴᠠᠭ ᠲᠣᠬᠠᠢ᠎ᠳᠤ᠎ᠨᠢ ᠡᠵᠡᠮᠳᠡᠬᠦ᠎ᠪᠠᠷ ᠬᠠᠯᠠᠭᠣᠷᠠᠯ᠎ᠢ ᠵᠠᠰᠠᠬᠣ ᠡᠬᠦᠳᠡᠨ ᠡᠮᠨᠡᠯᠬᠡ᠎ᠳᠤ᠎ᠪᠠᠨ ᠡᠮᠴᠢ ᠰᠣᠪᠢᠯᠠᠭᠴᠢ᠎ᠪᠠᠨ ᠲᠠᠪᠣᠨ ᠲᠣᠭᠣᠢ᠌ᠯᠠᠩ ᠬᠣᠪᠢᠶᠠᠨ ᠠᠵᠢᠯᠯᠠᠭᠣᠯᠵᠣ ᠪᠠᠢ᠌ᠯ᠎ᠠ᠃ ᠬᠣᠸᠠᠩ ᠣᠶᠣᠩᠭᠣᠸ᠎ᠠ ᠪᠢᠳᠡᠬᠦᠨ᠎ᠤ ᠡᠳᠦᠷ᠎ᠠᠴᠠ ᠪᠦᠬᠦᠯᠢ 48 ᠴᠠᠭ ᠵᠢᠵᠢᠬᠦᠷᠯᠡᠬᠡᠳ ᠠᠷᠠᠢ ᠬᠡᠵᠦ ᠬᠡᠷ᠎ᠲᠤ᠎ᠪᠠᠨ ᠬᠠᠷᠢᠬᠣ ᠬᠡᠵᠦ ᠪᠠᠢ᠌ᠳᠠᠯ᠎ᠠ ᠲᠡᠳᠡᠨ᠎ᠤ ᠲᠣᠭᠣᠢ᠌ᠯᠠᠩ᠎ᠳᠤ ᠪᠠᠭᠣᠯᠭ᠋ᠠᠭᠰᠠᠨ ᠪᠠᠴᠢᠮ ᠮᠡᠳᠡᠭᠳᠡᠯ᠎ᠢ ᠲᠣᠰᠴᠣ ᠦᠷᠬᠦᠯᠵᠢᠯᠡᠨ ᠠᠵᠢᠯᠯᠠᠭᠰᠠᠨ ᠶᠣᠮ᠃ ᠲᠡᠬᠦᠨ᠎ᠤ ᠡᠬᠦᠷᠬᠡ ᠪᠣᠯ ᠲᠠᠷᠣᠢ ᠬᠠᠮᠳᠣ ᠠᠵᠢᠯᠯᠠᠭᠰᠠᠳ᠎ᠲᠠᠢ᠎ᠪᠠᠨ ᠦᠬᠠᠨ ᠬᠣᠳᠠ᠎ᠠᠴᠠ ᠨᠣᠳᠣᠭ᠎ᠲᠤ᠎ᠪᠠᠨ ᠪᠣᠴᠠᠭᠰᠠᠨ ᠬᠦᠮᠦᠰ᠎ᠲᠤ ᠪᠦᠬᠡᠮ ᠬᠦᠴᠢᠯ᠎ᠤᠨ ᠪᠠᠢ᠌ᠴᠠᠭ᠋ᠠᠯᠳᠠ ᠬᠢᠵᠦ ᠬᠢᠵᠢᠭ᠎ᠤᠨ ᠪᠠᠢ᠌ᠳᠠᠯ᠎ᠢ  ᠲᠣᠳᠤᠯᠠᠨ᠎ᠠ᠃ ᠬᠡᠷ ᠎ᠲᠤ᠎ᠪᠠᠨ ᠬᠠᠷᠢᠵᠣ ᠰᠢᠨᠡᠯᠡᠬᠦ ᠰᠠᠢ᠌ᠬᠠᠨ ᠪᠣᠳᠣᠯ᠎ᠨᠢ  ᠠᠭᠰᠠᠨ ᠵᠠᠭᠤᠷ᠎ᠠ  ᠵᠠᠮᠬᠠᠷᠠᠴᠢᠬᠠᠪᠠ᠃
   2 ᠳ᠋ᠤᠭ᠋ᠠᠷ  ᠰᠠᠷ᠎ᠠ ᠵᠢᠨ 4᠎ᠤ ᠡᠳᠦᠷ᠂ ᠴᠠᠭ᠋ᠠᠨ ᠰᠠᠷ᠎ᠠ ᠵᠢᠨ ᠠᠷᠪᠠᠨ ᠰᠢᠨ᠎ᠡ᠂ 7 ᠴᠠᠭ 13 ᠮᠢᠨᠦ᠋ᠲ᠎ᠲᠤ ᠃  ᠰᠦᠨᠢ ᠵᠢᠨ ᠡᠬᠡᠯᠵᠢ᠎ᠪᠠᠷ ᠠᠵᠢᠯᠯᠠᠵᠣ ᠪᠠᠢ᠌ᠭᠰᠠᠨ ᠬᠣᠸᠠᠩ ᠣᠶᠣᠩᠭᠣᠸ᠎ᠠ ᠭᠠᠷ ᠴᠠᠭ ᠵᠶ᠋ᠠᠨ ᠰᠢᠷᠪᠢᠭᠰᠡᠨ ᠵᠶ᠋ᠠᠨ ᠴᠣᠩᠬᠣ᠎ᠪᠠᠷ ᠭᠠᠳᠠᠭᠰᠢ ᠬᠠᠷᠠᠬᠣ᠎ᠳᠤ ᠨᠡᠳᠦᠢ᠌ᠭᠰᠡᠨ ᠲᠡᠭᠷᠢ᠎ᠠᠴᠠ ᠬᠠᠶᠠᠯᠠᠬᠣ ᠴᠠᠰᠣ ᠰᠠᠯᠬᠢ᠎ᠲᠠᠭᠠᠨ ᠬᠣᠢ᠌ᠯᠠᠷᠠᠵᠣ ᠪᠠᠢ᠌ᠯ᠎ᠠ᠃ ᠡᠨᠡ ᠦᠶ᠎ᠡ᠎ᠪᠠᠷ ᠶᠡᠷᠦ᠎ᠳᠤ᠎ᠪᠠᠨ ᠨᠠᠮ ᠵᠢᠮ ᠪᠠᠢ᠌ᠳᠠᠭ ᠠᠰᠠᠷ᠎ᠤᠨ ᠬᠣᠩᠬᠢᠯ ᠵᠶ᠋ᠠᠷ ᠣᠯᠠᠨ ᠬᠦᠮᠦᠨ᠎ᠤ ᠶᠠᠭ᠋ᠠᠷᠠᠯᠳᠣᠨ ᠠᠯᠬᠣᠬᠣ ᠬᠦᠯ᠎ᠤᠨ ᠴᠢᠮᠡᠬᠡ ᠲᠣᠭᠣᠯᠳᠠᠨ᠎ᠠ᠃  ᠪᠠᠰᠠ ᠯᠡ ᠠᠯᠢ ᠨᠢᠬᠡ᠎ᠨᠢ ᠬᠦᠨᠳᠦ ᠡᠪᠡᠳᠴᠢᠨ ᠲᠣᠰᠴᠣ ᠪᠠᠴᠢᠮ ᠠᠪᠣᠷᠠᠯᠳᠠ᠎ᠪᠠᠷ ᠡᠮᠨᠡᠯᠬᠡ ᠵᠢᠨ ᠬᠣᠷᠢᠶᠠᠨ᠎ᠳᠤ ᠢᠷᠡᠭᠰᠡᠨ ᠪᠠᠢ᠌ᠯᠬᠦᠢ ᠬᠡᠵᠦ ᠪᠣᠳᠣᠭᠰᠠᠨ ᠬᠣᠸᠠᠩ ᠣᠶᠣᠩᠭᠣᠸ᠎ᠠ ᠲᠣᠰᠣᠨ ᠭᠠᠷᠬᠣ᠎ᠳᠤ ᠡᠮᠴᠢ ᠰᠣᠪᠢᠯᠠᠭᠴᠢᠳ ᠬᠣᠷᠢᠶᠠᠨ ᠲᠠᠷᠣᠭ᠎ᠠ ᠵᠢᠨ ᠠᠯᠪᠠᠨ ᠬᠡᠷ ᠣᠷᠣᠭᠣ  ᠶᠠᠭ᠋ᠠᠷᠠᠪᠴᠢᠯᠠᠨ ᠴᠢᠭᠯᠡᠵᠡᠬᠡᠵᠦ ᠪᠠᠢ᠌ᠯ᠎ᠠ᠃ ᠣᠣᠯ᠎ᠨᠢ ᠬᠣᠰᠢᠭᠣᠨ᠎ᠤ ᠠᠷᠠᠳ᠎ᠤᠨ ᠡᠮᠨᠡᠯᠬᠡ ᠵᠢᠨ ᠬᠣᠷᠢᠶ᠎ᠠ ᠦᠬᠠᠨ᠎ᠢ ᠲᠣᠰᠠᠯᠠᠷ᠎ᠠ ᠣᠴᠢᠬᠣ ᠰᠠᠢ᠌ᠨ ᠲᠣᠷ᠎ᠠ ᠵᠢᠨ ᠰᠣᠪᠢᠯᠠᠭᠴᠢ ᠡᠯᠰᠡᠬᠦ ᠪᠠᠴᠢᠮ ᠮᠡᠳᠡᠭᠳᠡᠯ ᠲᠣᠰᠣᠮᠠᠭᠴᠠ ᠰᠦᠨᠢ ᠵᠢᠨ ᠡᠬᠡᠯᠵᠢ᠎ᠪᠠᠷ ᠵᠢᠵᠢᠬᠦᠷᠯᠡᠵᠦ ᠪᠠᠢ᠌ᠭᠰᠠᠨ ᠡᠮᠴᠢ ᠰᠣᠪᠢᠯᠠᠭᠴᠢᠳ᠎ᠲᠤ ᠵᠠᠬ᠎ᠠ ᠲᠠᠷᠠᠭ᠋ᠠᠯᠠᠨ ᠴᠢᠮᠡᠬᠡ ᠬᠦᠷᠬᠡᠵᠦ ᠪᠠᠢ᠌ᠭᠰᠠᠨ ᠠᠵᠢ᠃ ᠲᠡᠷᠡ  ᠡᠨᠡ ᠬᠦ᠌ ᠴᠢᠮᠡᠬᠡ ᠵᠢ ᠰᠣᠨᠣᠰᠮᠠᠭᠴᠠ ᠪᠣᠰᠣᠳ ᠡᠮᠴᠢ ᠰᠣᠪᠢᠯᠠᠭᠴᠢᠳ᠎ᠤᠨ ᠠᠷᠣ᠎ᠠᠴᠠ ᠲᠠᠭ᠋ᠠᠭ᠋ᠠᠳ ᠠᠯᠬᠣᠴᠢᠬᠠᠪᠠ᠃
   ᠪᠠᠴᠢᠮ ᠮᠡᠳᠡᠭᠳᠡᠯ᠎ᠢ ᠣᠯᠠᠮᠵᠢᠯᠠᠭᠰᠠᠨ ᠬᠠᠭ᠋ᠠᠰᠬᠠᠨ ᠴᠠᠭ᠎ᠤᠨ ᠬᠣᠭᠣᠷᠣᠨᠳᠣ ᠨᠡᠷ᠎ᠡ ᠮᠡᠳᠡᠬᠦᠯᠦᠭᠰᠡᠨ ᠡᠮᠴᠢ ᠰᠣᠪᠢᠯᠠᠭᠴᠢᠳ᠎ᠤᠨ ᠲᠣᠭ᠎ᠠ 120 ᠵᠢ ᠲᠠᠪᠠᠵᠠᠢ᠃ ᠬᠣᠸᠠᠩ ᠣᠶᠣᠩᠭᠣᠸ᠎ᠠ ᠬᠣᠷᠢᠶᠠᠨ ᠲᠠᠷᠣᠭ᠎ᠠ ᠵᠢᠨ ᠠᠯᠪᠠᠨ ᠬᠡᠷ᠎ᠲᠤ ᠣᠷᠣᠮᠠᠭᠴᠠ᠄ 《ᠬᠣᠷᠢᠶᠠᠨ ᠲᠠᠷᠣᠭ᠎ᠠ ᠡ᠂ ᠲᠣᠰ ᠣᠳᠠᠭ᠋ᠠᠨ᠎ᠤ ᠰᠠᠢ᠌ᠨ ᠲᠣᠷ᠎ᠠ ᠵᠢᠨ ᠰᠣᠪᠢᠯᠠᠭᠴᠢ᠎ᠪᠠᠷ ᠦᠬᠠᠨ ᠬᠣᠳᠠ ᠎ᠢ ᠲᠣᠰᠠᠯᠠᠵᠣ ᠬᠢᠵᠢᠭ᠎ᠲᠠᠢ ᠲᠡᠮᠡᠴᠡᠬᠦ ᠡᠬᠦᠷᠬᠡ ᠵᠢ ᠨᠠᠮ᠎ᠠ᠎ᠳᠤ ᠲᠠᠭ᠋ᠠᠭ᠋ᠠᠯᠭ᠋ᠠᠴᠢᠬ᠎ᠠ᠃ ᠣᠴᠢᠷ᠎ᠨᠢ ᠪᠢ ᠪᠣᠯ ᠡᠪ ᠬᠠᠮᠳᠣ ᠨᠠᠮ᠎ᠤᠨ ᠬᠡᠰᠢᠬᠦᠨ᠂ ᠡᠮᠨᠡᠯᠬᠡ ᠵᠢᠨ ᠬᠣᠷᠢᠶ᠎ᠠ᠎ᠠᠴᠠ ᠨᠠᠮ᠎ᠠ ᠵᠢ  ᠡᠴᠢᠨᠡᠬᠡᠨ ᠵᠢᠯ ᠴᠢᠬᠣᠯᠠ ᠠᠵᠢᠯ᠎ᠤᠨ ᠪᠠᠢ᠌ᠷᠢ᠎ᠳᠤ ᠲᠡᠪᠰᠢᠬᠦᠯᠦᠨ ᠬᠡᠷᠡᠭᠯᠡᠭᠰᠡᠬᠡᠷ ᠢᠷᠡᠯ᠎ᠡ᠃ ᠣᠳᠣ ᠦᠬᠠᠨ ᠬᠣᠳᠠ ᠡᠪᠡᠳᠴᠢᠨ ᠭᠠᠰᠠᠯᠠᠩ ᠵᠶ᠋ᠠᠷ ᠲᠦᠬᠦᠷᠴᠦ᠂  ᠨᠠᠮ᠎ᠠᠴᠠ ᠨᠠᠮ᠎ᠠ ᠵᠢ ᠬᠡᠷᠡᠭᠰᠡᠬᠦ ᠴᠢᠬᠣᠯᠠᠳᠠᠢ ᠪᠣᠯᠵᠠᠢ᠂ ᠪᠢ ᠬᠣᠰᠢᠭᠣᠨ᠎ᠤ ᠠᠷᠠᠳ᠎ᠤᠨ ᠡᠮᠨᠡᠯᠬᠡ ᠵᠢᠨ ᠬᠣᠷᠢᠶᠠᠨ᠎ᠤ ᠪᠠᠴᠢᠮ ᠠᠪᠣᠷᠠᠯᠳᠠ ᠵᠢᠨ ᠰᠠᠯᠠᠭ᠋ᠠᠨ᠎ᠤ ᠰᠣᠪᠢᠯᠠᠭᠴᠢᠳ᠎ᠤᠨ ᠲᠠᠷᠣᠭ᠎ᠠ ᠪᠣᠯᠣᠭᠰᠠᠨ᠎ᠤ ᠬᠣᠪᠢ ᠎ᠳᠤ ᠴᠢᠩ ᠰᠡᠳᠬᠢᠯ᠎ᠠᠴᠠ᠎ᠪᠠᠨ ᠭᠣᠶᠣᠴᠢᠯᠠᠵᠣ ᠪᠠᠢ᠌ᠨ᠎ᠠ》 ᠬᠡᠵᠦ  ᠢᠷᠡᠭᠰᠡᠨ ᠣᠴᠢᠷ ᠵᠶ᠋ᠠᠨ ᠲᠣᠳᠣ  ᠰᠢᠯᠤᠭᠤᠨ ᠢᠯᠡᠷᠬᠡᠢ᠌ᠯᠡᠵᠠᠢ᠃ ᠬᠣᠷᠢᠶᠠᠨ ᠲᠠᠷᠣᠭ᠎ᠠ ᠯᠢᠦ ᠬᠠᠢ ᠴᠢᠣᠸᠠᠨ  ᠡᠨᠡ ᠬᠦ᠌ ᠡᠴᠡᠩᠬᠡᠢ᠌ᠪᠳᠦᠷ ᠴᠡᠮᠴᠡᠬᠡᠷ ᠪᠡᠶ᠎ᠡ᠎ᠲᠠᠢ ᠴᠦ᠍ ᠡᠷᠡᠰ ᠲᠠᠰᠣᠷᠬᠠᠢ ᠵᠠᠩ ᠴᠢᠨᠠᠷ ᠵᠶ᠋ᠠᠨ ᠢᠯᠡᠷᠡᠬᠦᠯᠦᠭᠰᠡᠨ ᠰᠢᠭᠣᠳ  ᠰᠢᠯᠤᠭᠤᠨ ᠦᠬᠡ ᠶᠠᠷᠢᠶ᠎ᠠ᠎ᠲᠠᠢ᠂ ᠪᠠᠴᠢᠮ ᠠᠪᠣᠷᠠᠯᠳᠠ ᠵᠢᠨ ᠰᠠᠯᠠᠭ᠋ᠠᠨ᠎ᠤ ᠰᠣᠪᠢᠯᠠᠭᠴᠢᠳ᠎ᠤᠨ ᠲᠠᠷᠣᠭ᠎ᠠ ᠬᠣᠸᠠᠩ ᠣᠶᠣᠩᠭᠣᠸ᠎ᠠ ᠵᠢ ᠪᠢᠰᠢᠷᠡᠵᠦ ᠪᠠᠬᠠᠳᠣᠭᠰᠠᠨ ᠬᠠᠷᠠᠴᠠ᠎ᠪᠠᠷ ᠰᠢᠷᠳᠡᠭᠰᠡᠬᠡᠷ᠄ 《ᠲᠠᠨ᠎ᠤ ᠡᠷᠡᠰ ᠰᠢᠯᠣᠭᠣᠨ ᠶᠠᠷᠢᠶᠠᠨ᠎ᠳᠤ ᠴᠢᠨᠢ ᠮᠠᠰᠢ ᠲᠣᠭᠳᠣᠯᠣᠯ᠎ᠠ᠂ ᠬᠡᠳᠡᠯ᠎ᠡ ᠲᠣᠰ ᠣᠳᠠᠭ᠋ᠠᠨ᠎ᠤ ᠡᠬᠦᠷᠬᠡ ᠪᠣᠯ ᠬᠦᠨᠳᠦ᠎ᠠᠴᠠ ᠬᠦᠨᠳᠦ᠂ ᠴᠢᠬᠣᠯᠠ᠎ᠠᠴᠠ ᠴᠢᠬᠣᠯᠠ ᠰᠢᠣ ᠳ᠋ᠠ᠃ ᠨᠡᠷ᠎ᠡ ᠮᠡᠳᠡᠬᠦᠯᠦᠭᠰᠡᠨ ᠬᠦᠮᠦᠨ᠎ᠤ ᠲᠣᠭ᠎ᠠ ᠬᠡᠳᠦᠢ ᠣᠯᠠᠨ ᠴᠦ᠍ ᠮᠠᠨ᠎ᠤ ᠬᠣᠰᠢᠭᠣ᠎ᠠᠴᠠ ᠰᠠᠶᠢ  ᠨᠢᠭᠡ ᠯᠡ ᠬᠦᠮᠦᠨ᠎ᠢ ᠯᠡ ᠰᠣᠩᠭᠣᠵᠣ ᠲᠡᠪᠰᠢᠬᠦᠯᠦᠨ᠎ᠡ᠃ ᠡᠬᠦᠷᠬᠡ ᠬᠠᠷᠢᠭᠣᠴᠠᠯᠭ᠎ᠠ᠎ᠪᠠᠨ ᠰᠠᠢ᠌ᠬᠠᠨ ᠪᠡᠶᠡᠯᠡᠬᠦᠯᠬᠦ  ᠴᠢᠬᠤᠯᠠᠲᠠᠢ ᠪᠦᠬᠡᠳ ᠦᠪᠡᠷ᠎ᠤᠨ ᠪᠡᠶ᠎ᠡ ᠵᠢᠨ ᠡᠷᠡᠬᠦᠯ ᠮᠡᠨᠳᠦ᠎ᠪᠠᠨ ᠴᠦ᠍ ᠪᠠᠳᠣᠯᠠᠬᠣ ᠬᠡᠷᠡᠭᠳᠡᠢ᠃ ᠲᠠ  ᠬᠠᠰᠢ ᠯᠡ ᠰᠠᠢ᠌ᠳᠣᠷ ᠪᠣᠳᠣᠯᠬᠢᠯᠠᠵᠣ ᠦᠵᠡᠬᠡᠷᠡᠢ᠃ ᠬᠣᠷᠢᠶᠠᠨ᠎ᠤ ᠲᠠᠯ᠎ᠠ᠎ᠠᠴᠠ ᠴᠦ᠍ ᠶᠡᠷᠦᠩᠬᠡᠢ  ᠵᠦᠪᠳᠡᠯᠬᠡ ᠬᠢᠭᠰᠡᠨ᠎ᠤ ᠲᠠᠷᠠᠭ᠎ᠠ ᠰᠠᠶᠢ ᠰᠢᠢ᠍ᠳᠪᠦᠷᠢ ᠭᠠᠷᠭ᠋ᠠᠨ᠎ᠠ ᠰᠢᠣ᠂ ᠲᠠ ᠬᠠᠷᠢᠭ᠋ᠠᠳ ᠲᠠᠬᠢᠨᠳᠠ ᠲᠣᠩᠭ᠋ᠠᠨ ᠪᠣᠳᠣᠯᠬᠢᠯᠠᠵᠣ᠂ ᠬᠡᠷ᠎ᠤᠨ  ᠬᠦᠮᠦᠰ᠎ᠲᠠᠢ᠎ᠪᠠᠨ ᠵᠦᠪᠳᠡᠵᠦ  ᠦᠵᠡᠭᠡᠷᠡᠢ》 ᠬᠡᠵᠦ ᠡᠶᠡᠷᠡᠬᠦᠯᠦᠨ ᠬᠡᠯᠡᠵᠡᠢ᠃
   ᠬᠣᠸᠠᠩ ᠣᠶᠣᠩᠭᠣᠸ᠎ᠠ ᠬᠠᠭ᠋ᠠᠯᠭ᠎ᠠ ᠲᠦᠯᠬᠢᠨ ᠭᠠᠷᠬᠣ ᠬᠡᠰᠡᠨ ᠵᠶ᠋ᠠᠨ ᠲᠠᠬᠢᠨ ᠬᠣᠢ᠌ᠰᠢ ᠡᠷᠬᠢᠵᠦ᠄ 《ᠬᠣᠷᠢᠶᠠᠨ ᠲᠠᠷᠣᠭ᠎ᠠ ᠡ! ᠦᠬᠠᠨ᠎ᠢ ᠲᠡᠮᠵᠢᠵᠦ᠂ ᠬᠢᠵᠢᠭ᠎ᠤᠨ ᠸᠢᠷᠦ᠋ᠰ᠎ᠲᠠᠢ ᠲᠡᠮᠡᠴᠡᠨ᠂ ᠬᠢᠵᠢᠭ ᠎ᠲᠤ ᠬᠠᠯᠳᠠᠪᠤᠷᠢᠯᠠᠭᠳᠠᠭᠰᠠᠳ᠎ᠢ  ᠡᠷᠡᠭᠦᠯᠵᠢᠭᠦᠯᠬᠦ᠊ ᠦᠩᠬᠡ ᠬᠡᠷᠡᠯᠳᠦ ᠡᠬᠦᠷᠬᠡ ᠵᠢ  ᠬᠠᠰᠢ ᠯᠡ  ᠨᠠᠳᠠ᠎ᠳᠤ ᠲᠣᠰᠢᠶᠠᠴᠢᠬ᠎ᠠ᠃ ᠲᠠᠨ᠎ᠤ ᠬᠠᠭ᠋ᠠᠯᠭ᠎ᠠ ᠵᠢ ᠲᠣᠭᠰᠢᠬᠣ ᠦᠶ᠎ᠡ᠎ᠳᠤ ᠨᠢᠬᠡᠨᠳᠡ ᠰᠢᠢ᠍ᠳᠴᠢᠬᠡᠭᠰᠡᠨ᠃ ᠪᠢ ᠬᠢᠩᠭ᠋ᠠᠨ ᠠᠢ᠌ᠮᠠᠭ᠎ᠤᠨ ᠠᠵᠢᠯ ᠮᠡᠷᠬᠡᠵᠢᠯ᠎ᠤᠨ ᠰᠣᠷᠭ᠋ᠠᠭᠣᠯᠢ᠎ᠳᠤ ᠲᠣᠰᠬᠠᠢ ᠰᠣᠪᠢᠯᠠᠭᠴᠢ ᠵᠢᠨ ᠮᠡᠷᠬᠡᠵᠢᠯ ᠬᠦᠷᠳᠡᠭᠰᠡᠨ ᠪᠦᠬᠡᠳ᠂ ᠦᠪᠦᠷ ᠮᠣᠩᠭᠣᠯ᠎ᠤᠨ ᠡᠮᠨᠡᠯᠬᠡ ᠵᠢᠨ ᠲᠣᠳᠣᠷ ᠡᠮᠨᠡᠯᠬᠡ ᠵᠢᠨ ᠰᠠᠯᠠᠭ᠋ᠠᠨ᠎ᠳᠤ ᠰᠣᠷᠣᠯᠴᠠᠵᠣ ᠮᠡᠷᠬᠡᠵᠢᠯ ᠵᠶ᠋ᠠᠨ ᠲᠡᠬᠡᠭᠰᠢᠯᠡᠬᠦᠯᠵᠡᠢ᠃ ᠠᠷᠪᠠᠨ ᠵᠢᠯ ᠰᠣᠪᠢᠯᠠᠭᠴᠢ ᠵᠢᠨ ᠠᠵᠢᠯ ᠬᠢᠭᠰᠡᠨ ᠲᠣᠷᠰᠢᠯᠭ᠎ᠠ᠎ᠲᠠᠢ ᠪᠦᠬᠡᠳ ᠬᠢᠵᠢᠭ ᠡᠪᠡᠳᠴᠢᠨ᠎ᠠᠴᠠ ᠰᠡᠷᠬᠡᠢ᠌ᠯᠡᠬᠦ ᠮᠡᠳᠡᠯᠬᠡ ᠵᠢ ᠣᠯᠠᠨ ᠵᠢᠯ ᠬᠣᠷᠠᠮᠳᠠᠭᠣᠯᠣᠭᠰᠠᠭ᠋ᠠᠷ ᠢᠷᠡᠵᠡᠢ᠃ ᠲᠠᠬᠢᠭ᠋ᠠᠳ ᠬᠡᠯᠡᠪᠡᠯ ᠪᠢ ᠪᠣᠯ ᠨᠢᠬᠡᠨ ᠡᠪ ᠬᠠᠮᠳᠣ ᠨᠠᠮ᠎ᠤᠨ ᠬᠡᠰᠢᠬᠦᠨ᠂ ᠣᠷᠬᠢᠯᠣᠮ᠎ᠠ ᠬᠠᠯᠠᠭᠣᠨ ᠰᠡᠳᠬᠢᠯᠬᠡ᠎ᠪᠠᠷ ᠣᠯᠣᠰ ᠠᠷᠠᠳ᠎ᠲᠤ᠎ᠪᠠᠨ ᠦᠢ᠍ᠯᠡᠴᠢᠯᠡᠬᠦ᠎ᠳᠤ ᠴᠠᠭ ᠢᠮᠠᠭᠳᠠ ᠪᠡᠯᠡᠬᠡᠨ ᠁》 ᠡᠳᠡᠬᠡᠷ ᠦᠬᠡ᠎ᠪᠠᠨ ᠶᠠᠮᠠᠷ ᠶᠡᠬᠡ ᠵᠣᠷᠢᠭ ᠵᠶ᠋ᠠᠷ ᠬᠡᠯᠡᠵᠦ ᠭᠠᠷᠭ᠋ᠠᠭᠰᠠᠨ᠎ᠢ ᠪᠣᠣ ᠮᠡᠳᠡ᠂ ᠲᠡᠬᠦᠨ᠎ᠤ ᠨᠢᠳᠣ᠎ᠨᠢ ᠵᠠᠢ᠌ᠷᠳᠣᠴᠢᠬᠠᠭᠰᠠᠨ᠂ ᠨᠢᠳᠣᠷᠭ᠎ᠠ᠎ᠪᠠᠨ ᠵᠠᠩᠬᠢᠳᠣᠴᠢᠬᠠᠭᠰᠠᠨ ᠪᠠᠢ᠌ᠯ᠎ᠠ᠃
   — ᠲᠠ ᠬᠠᠷᠢᠭ᠋ᠠᠳ ᠡᠷ᠎ᠡ ᠨᠦᠬᠦᠷ᠎ᠲᠠᠢ᠎ᠪᠠᠨ ᠴᠦ᠍ ᠬᠡᠰᠡᠨ ᠵᠦᠪᠳᠡᠬᠦ ᠴᠢᠬᠣᠯᠠᠳᠠᠢ ᠰᠢᠣ ᠳ᠋ᠠ᠂ ᠡᠷᠦᠬᠡ ᠬᠡᠷ᠎ᠠᠴᠠ᠎ᠪᠠᠨ ᠠᠶᠠᠷᠯᠠᠵᠣ᠂ ᠡᠪᠡᠳᠴᠢᠨ ᠬᠢᠵᠢᠭ᠎ᠲᠠᠢ ᠲᠡᠮᠡᠴᠡᠬᠦ᠎ᠳᠤ ᠵᠠᠪᠠᠯ ᠬᠡᠷ᠎ᠤᠨ ᠬᠦᠮᠦᠰ᠎ᠤᠨ ᠲᠡᠮᠵᠢᠯᠬᠡ ᠵᠢ ᠣᠯᠬᠣ ᠬᠡᠷᠡᠭᠳᠡᠢ᠃ ᠰᠣᠨᠣᠰᠣᠯᠳᠠ᠎ᠪᠠᠷ ᠡᠪᠡᠳᠴᠢᠳᠡᠨ᠎ᠢ ᠪᠠᠢ᠌ᠴᠠᠭ᠋ᠠᠨ ᠠᠰᠠᠷᠠᠵᠣ ᠪᠠᠢ᠌ᠭ᠎ᠠ ᠡᠮᠴᠢ ᠰᠣᠪᠢᠯᠠᠭᠴᠢ ᠴᠦ᠍ ᠬᠢᠵᠢᠭ᠎ᠲᠤ ᠬᠠᠯᠳ᠋ᠨᠪᠣᠷᠢᠯᠠᠭᠳᠠᠭ᠋ᠠᠳ ᠦᠬᠦᠵᠦ ᠡᠨᠳᠡᠵᠦ ᠪᠠᠢ᠌ᠨ᠎ᠠ ᠬᠡᠨ᠎ᠡ ᠬᠡᠵᠦ ᠬᠣᠷᠢᠶᠠᠨ ᠲᠠᠷᠣᠭ᠎ᠠ᠎ᠠᠴᠠ ᠰᠢᠭᠣᠳ ᠵᠦᠪᠰᠢᠶᠡᠷᠡᠭᠰᠡᠨ ᠪᠠᠢ᠌ᠳᠠᠯ ᠦᠬᠡᠢ ᠲᠣᠭᠣᠷᠢᠭᠣᠯᠵᠣ ᠲᠣᠭᠰᠢᠭᠣᠯᠣᠨ ᠶᠠᠷᠢᠬᠣ᠎ᠪᠠᠷ ᠲᠠᠬᠢᠭ᠋ᠠᠳ ᠶᠠᠭᠣ ᠬᠡᠯᠡᠬᠦ᠎ᠪᠠᠨ ᠣᠯᠣᠭᠰᠠᠨ ᠦᠬᠡᠢ ᠣᠶᠣᠩᠭᠣᠸ᠎ᠠ ᠠᠷᠭ᠎ᠠ ᠪᠣᠰᠣ ᠠᠯᠪᠠᠨ ᠬᠡᠷ᠎ᠲᠤ᠎ᠪᠠᠨ ᠪᠣᠴᠠᠯ᠎ᠠ᠃
   ᠨᠢᠬᠡ ᠴᠠᠭ᠎ᠤᠨ ᠲᠠᠷᠠᠭ᠎ᠠ ᠬᠣᠸᠠᠩ ᠣᠶᠣᠩᠭᠣᠸ᠎ᠠ ᠬᠣᠷᠢᠶᠠᠨ ᠲᠠᠷᠣᠭ᠎ᠠ ᠵᠢᠨ ᠣᠳᠠᠰᠣ ᠵᠢ ᠲᠣᠰᠪᠠ᠄ 《ᠲᠣᠬᠠᠢ᠌ᠯᠠᠭᠰᠠᠨ ᠠᠵᠢᠯ ᠵᠶ᠋ᠠᠨ ᠦᠬᠡᠷ᠎ᠡ ᠰᠣᠪᠢᠯᠠᠭᠴᠢ᠎ᠳᠤ ᠰᠠᠢ᠌ᠳᠣᠷ ᠲᠣᠰᠢᠶᠠᠭ᠋ᠠᠳ ᠲᠠᠷᠣᠢ ᠬᠡᠷ᠎ᠲᠤ᠎ᠪᠠᠨ ᠬᠠᠷᠢᠵᠣ᠂ ᠮᠠᠷᠭ᠋ᠠᠰᠢ ᠦᠬᠠᠨ ᠬᠣᠳᠠ᠎ᠳᠤ ᠮᠣᠷᠳᠠᠬᠣ᠎ᠪᠠᠷ ᠪᠡᠯᠡᠳᠬᠡᠭᠳᠦᠨ᠃ ᠡᠮᠨᠡᠯᠬᠡ ᠵᠢᠨ ᠬᠣᠷᠢᠶᠠᠨ᠎ᠤ ᠣᠳᠣᠷᠢᠳᠬᠣ ᠪᠠᠭ᠎ᠤᠨ᠎ᠬᠢᠨ ᠵᠦᠪᠳᠡᠭᠰᠡᠨ᠎ᠤ ᠳ᠋ᠦᠩ᠎ᠳᠤ ᠴᠢᠮ᠎ᠠ ᠵᠢ ᠰᠣᠩᠭᠣᠵᠣ᠂ ᠦᠬᠠᠨ᠎ᠢ  ᠲᠣᠰᠠᠯᠠᠬᠣ ᠰᠠᠢ᠌ᠨ ᠲᠣᠷ᠎ᠠ ᠵᠢᠨ ᠰᠣᠪᠢᠯᠠᠭᠴᠢ᠎ᠪᠠᠷ ᠲᠡᠪᠰᠢᠬᠦᠯᠦᠯ᠎ᠡ》᠃ ᠬᠡᠨᠡᠳᠳᠡ ᠢᠷᠡᠭᠰᠡᠨ ᠰᠢᠢ᠍ᠳᠪᠦᠷᠢ ᠵᠠᠬᠢᠶ᠎ᠠ ᠵᠢ ᠲᠣᠭᠣᠯᠣᠭ᠋ᠠᠳ ᠰᠣᠴᠢᠨ ᠪᠠᠶᠠᠷᠯᠠᠭᠰᠠᠨ᠎ᠢ ᠶᠠᠭᠣ ᠬᠡᠯᠡᠯᠳᠡᠢ ᠪᠢᠯᠡ᠃ ᠪᠠᠶᠠᠷᠯᠠᠬᠣ ᠵᠢᠨ ᠵᠡᠷᠬᠡ᠎ᠪᠠᠷ ᠦᠯᠦ ᠮᠡᠳᠡᠭ  ᠠᠢ᠌ᠳᠠᠰ ᠲᠡᠬᠦᠨ᠎ᠢ  ᠲᠦᠷᠢᠨ ᠢᠷᠡᠵᠦ ᠦᠪᠡᠷ᠎ᠤᠨ ᠡᠷᠬᠡ ᠦᠬᠡᠢ ᠲᠠᠭᠵᠢᠭᠣᠯᠣᠭ᠋ᠠᠳ ᠠᠪᠣᠪᠠ᠃ ᠵᠡᠬᠡᠯᠢ ᠭᠣᠳᠣᠮᠵᠢ᠎ᠪᠠᠷ ᠬᠦᠮᠦᠨ᠎ᠤ ᠪᠠᠷ᠎ᠠ ᠠᠯᠠᠭ᠎ᠠ᠂ ᠲᠡᠭᠷᠢ ᠲᠦᠬᠦᠷᠡᠩ ᠴᠠᠰᠣ ᠪᠣᠳᠠᠷᠠᠨ᠂ 《  ᠰᠢᠨ᠎ᠡ ᠬᠡᠯᠪᠡᠷᠢ ᠵᠢᠨ ᠲᠢᠳᠢᠮᠯᠢᠭ ᠠᠭᠣᠰᠬᠢᠨ ᠦᠷᠪᠢᠰᠦᠯ᠎ᠤᠨ ᠬᠢᠵᠢᠭ᠎ᠢ ᠴᠢᠩᠳᠠᠯᠠᠨ ᠰᠡᠷᠬᠡᠢ᠌ᠯᠡᠬᠦ ᠬᠡᠷᠡᠭᠳᠡᠢ ᠁ ᠬᠦᠮᠦᠨ ᠪᠦᠬᠦᠨ᠎ᠤ ᠡᠷᠡᠬᠦᠯ ᠮᠡᠨᠳᠦ ᠵᠢᠨ ᠲᠦᠯᠦᠬᠡ ᠡᠷᠦᠬᠡ ᠬᠡᠷ᠎ᠠᠴᠠ᠎ᠪᠠᠨ ᠲᠣᠷ᠎ᠠ᠎ᠪᠠᠷ ᠭᠠᠷᠴᠣ᠂ ᠠᠢ᠌ᠯ ᠬᠡᠰᠦᠬᠦ ᠵᠢ ᠴᠡᠬᠡᠷᠯᠡᠬᠦ ᠬᠡᠷᠡᠭᠳᠡᠢ ᠁ ᠠᠷᠢᠭᠣᠨ ᠴᠡᠪᠡᠷ᠂ ᠡᠷᠡᠬᠦᠯ ᠬᠠᠮᠠᠭ᠋ᠠᠯᠠᠯ᠎ᠢ ᠠᠩᠬᠠᠷᠬᠣ ᠬᠡᠷᠡᠭᠳᠡᠢ ᠁》 ᠬᠡᠬᠦ ᠬᠢᠵᠢᠭ᠎ᠢ ᠰᠡᠷᠬᠡᠢ᠌ᠯᠡᠬᠦ ᠣᠬᠠᠭᠣᠯᠭ᠎ᠠ ᠵᠢᠨ ᠦᠬᠡ ᠴᠢᠬᠢ ᠲᠦᠵᠢᠷᠡᠳᠡᠯ᠎ᠡ ᠲᠣᠭᠣᠯᠳᠠᠨ᠎ᠠ ᠪᠢᠯᠡ᠃

   

   ᠠᠶᠠᠷᠯᠠᠯᠳᠠ᠎ᠳᠤ ᠰᠢᠨᠠᠯᠣᠯ ᠪᠣᠢ᠂ ᠰᠡᠳᠬᠢᠯ᠎ᠤᠨ  ᠲᠠᠮᠢᠷ ᠲᠡᠬᠦᠨ᠎ᠢ ᠲᠣᠭᠣᠯᠭ᠋ᠠᠵᠣ ᠴᠢᠳᠠᠨ᠎ᠠ


   2020 ᠣᠨ᠎ᠤ 2 ᠰᠠᠷ᠎ᠠ ᠵᠢᠨ 5᠎ᠤ ᠦᠷᠯᠦᠬᠡ᠃ ᠬᠣᠸᠠᠩ ᠣᠶᠣᠩᠭᠣᠸ᠎ᠠ ᠡᠷᠳᠡᠯᠡᠵᠦ ᠪᠣᠰᠣᠭ᠋ᠠᠳ ᠭᠣᠷᠪᠠᠨ ᠨᠠᠰᠣᠳᠠᠢ ᠬᠦᠣ ᠵᠢᠨ ᠵᠶ᠋ᠠᠨ ᠦᠷᠪᠦᠬᠡ ᠵᠢ᠎ᠨᠢ ᠦᠨᠦᠷᠯᠡᠵᠦ ᠬᠠᠴᠠᠷ᠎ᠢ᠎ᠨᠢ ᠦᠨᠦᠰᠬᠦ᠎ᠪᠠᠷ ᠬᠦᠣ᠎ᠨᠢ  ᠰᠡᠷᠡᠴᠢᠬᠡᠪᠡ᠃ ᠡᠵᠢ ᠵᠢᠨ ᠵᠶ᠋ᠠᠨ ᠪᠣᠭᠴᠣ ᠰᠠᠯᠳᠠ᠎ᠪᠠᠨ ᠲᠦᠪᠬᠢᠬᠦᠨᠦᠬᠦᠯᠦᠨ ᠮᠣᠩᠬᠢᠨᠠᠬᠣ ᠵᠢ ᠬᠠᠷᠠᠭ᠋ᠠᠳ ᠰᠠᠶᠢ ᠬᠡᠯᠡ᠎ᠳᠤ ᠣᠷᠣᠵᠣ ᠪᠠᠢ᠌ᠭ᠎ᠠ ᠬᠠᠢ᠌ᠷᠠᠳᠣ ᠬᠦᠣ᠎ᠨᠢ᠄ 《ᠮᠦᠮᠦ ᠡ᠂ ᠬᠠᠮᠢᠭ᠎ᠠ ᠁ ᠣᠴᠢᠨ᠎ᠠ ᠪᠣᠢ? ᠨᠠᠮ᠎ᠠ ᠵᠢ ᠁ ᠪᠣᠣ ᠁ ᠬᠠᠶᠠ ᠁ ᠮᠦᠮᠦ ᠡ》 ᠬᠡᠵᠦ ᠲᠣᠯ ᠲᠠᠯ ᠶᠠᠷᠢᠬᠣ᠎ᠳᠤ ᠡᠯᠢᠬᠡ ᠵᠢᠷᠦᠬᠡ᠎ᠨᠢ  ᠨᠢᠭᠡ ᠯᠡ ᠡᠮᠵᠡᠭᠯᠡᠵᠦ ᠰᠠᠳᠠᠷᠠᠨ ᠣᠷᠣᠰᠬᠣ ᠨᠢᠯᠪᠣᠰᠣ᠎ᠪᠠᠨ ᠪᠣᠷᠣᠭᠣ ᠬᠠᠨᠳᠣᠭ᠋ᠠᠳ ᠵᠦᠯᠬᠦᠨ᠎ᠡ᠃ ᠡᠬᠦᠨ᠎ᠢ ᠬᠠᠷᠠᠭᠰᠠᠨ ᠡᠷ᠎ᠡ ᠨᠦᠬᠦᠷ᠎ᠨᠢ ᠬᠣᠸᠠᠩ ᠣᠶᠣᠩᠭᠣᠸ᠎ᠠ ᠵᠢᠨ ᠭᠠᠷ᠎ᠠᠴᠠ ᠠᠳᠬᠣᠨ ᠮᠦᠷᠦ ᠵᠢ᠎ᠨᠢ ᠬᠦᠩᠬᠡᠨ ᠲᠡᠪᠰᠢᠭᠰᠡᠬᠡᠷ᠄ 《ᠰᠡᠳᠬᠢᠯ ᠵᠶ᠋ᠠᠨ ᠬᠠᠳᠠᠭᠣᠵᠢᠯᠠᠭ᠋ᠠᠷᠠᠢ᠂ ᠭᠣᠸ᠎ᠠ᠃ ᠨᠢᠬᠡᠨᠳᠡ ᠶᠠᠪᠣᠬᠣ᠎ᠪᠠᠷ ᠰᠢᠢ᠍ᠳᠴᠢᠬᠡᠭᠰᠡᠨ ᠲᠣᠯᠠ ᠠᠷᠣ ᠬᠡᠷ᠎ᠤᠨ ᠵᠶ᠋ᠠᠨ ᠲᠦᠯᠦᠭᠡ ᠰᠡᠳᠬᠢᠯ ᠵᠶ᠋ᠠᠨ ᠴᠢᠯᠡᠬᠡᠭᠰᠡᠨ᠎ᠤ ᠬᠡᠷᠡᠭ ᠦᠬᠡᠢ᠂ ᠠᠷᠣ ᠲᠠᠯ᠎ᠠ᠎ᠳᠤ ᠴᠢᠨᠢ ᠪᠢ ᠪᠠᠢ᠌ᠨ᠎ᠠ᠂ ᠦᠷ᠎ᠡ ᠪᠠᠭ᠎ᠠ ᠬᠦᠣ ᠴᠢᠨᠢ ᠪᠠᠢ᠌ᠨ᠎ᠠ᠃ ᠪᠢᠳᠡ ᠴᠢᠮ᠎ᠠ᠎ᠪᠠᠨ ᠵᠣᠷᠢᠭᠵᠢᠭᠣᠯᠣᠶ᠎ᠠ᠃ ᠡᠳᠦᠷ ᠪᠦᠷᠢ ᠸᠢᠴᠠᠲ  ᠳᠡᠭᠡᠷ᠎ᠡ ᠠᠭᠣᠯᠵᠠᠶ᠎ᠠ᠃ ᠬᠡᠳᠦᠨ ᠨᠠᠰᠣᠳᠠᠨ᠎ᠢ ᠪᠢ ᠴᠢᠳᠠᠬᠣ ᠵᠢᠨ ᠬᠢᠷᠢ᠎ᠪᠠᠷ ᠬᠠᠷᠠᠭ᠋ᠠᠯᠵᠠᠵᠣ ᠪᠠᠢ᠌ᠶ᠎ᠠ᠂ ᠬᠦᠣ᠎ᠪᠠᠨ ᠪᠢ ᠰᠠᠢ᠌ᠬᠠᠨ ᠲᠣᠳᠣᠮᠳᠠᠶ᠎ᠠ᠂ ᠰᠠᠨᠠᠭ᠎ᠠ  ᠠᠮᠤᠷ ᠪᠠᠢ᠌ᠭ᠋ᠠᠷᠠᠢ!》 ᠬᠡᠵᠦ ᠲᠠᠢ᠌ᠪᠣᠰᠢᠷᠠᠭᠣᠯᠣᠨ ᠶᠠᠷᠢᠪᠠ᠃
   ᠪᠣᠷᠣᠭᠣ ᠬᠠᠨᠳᠣᠨ ᠣᠬᠢᠯᠠᠨ ᠵᠦᠪ ᠬᠠᠨᠳᠣᠨ ᠢᠨᠢᠶᠡᠭᠰᠡᠨ ᠬᠣᠸᠠᠩ ᠣᠶᠣᠩᠭᠣᠸ᠎ᠠ ᠬᠦᠣ᠎ᠪᠠᠨ ᠲᠡᠪᠡᠷᠢᠨ ᠠᠪᠴᠣ ᠬᠠᠴᠠᠷ᠎ᠢ᠎ᠨᠢ ᠫᠣᠭ ᠬᠢᠳᠡᠯ᠎ᠡ ᠦᠨᠦᠰᠦᠬᠡᠳ᠄ 《ᠮᠦᠮᠦ᠎ᠨᠢ ᠬᠡᠣᠬᠡᠯᠳᠡᠢ ᠵᠦᠴᠦᠬᠡ᠎ᠳᠤ ᠭᠠᠷᠳᠠᠭ ᠲᠡᠷᠡ ᠪᠢᠴᠢᠬᠠᠨ ᠰᠢᠮᠨᠣᠰ᠎ᠲᠠᠢ ᠪᠠᠢ᠌ᠯᠳᠣᠬᠣ᠎ᠪᠠᠷ ᠣᠴᠢᠬᠣ ᠬᠡᠵᠦ ᠪᠠᠢ᠌ᠨ᠎ᠠ ᠰᠢᠣ᠃ ᠰᠢᠮᠨᠣᠰ᠎ᠢ ᠪᠠᠷᠢᠵᠣ ᠲᠠᠷᠣᠩᠭᠣᠢ᠌ᠯᠠᠭᠰᠠᠨ᠎ᠤ ᠰᠡᠬᠦᠯᠡᠷ ᠬᠦᠣ᠎ᠲᠠᠢ᠎ᠪᠠᠨ ᠠᠭᠣᠯᠵᠠᠬᠣ᠎ᠪᠠᠷ ᠢᠷᠡᠨ᠎ᠡ᠃ ᠡᠵᠢ᠎ᠪᠠᠨ ᠰᠠᠨᠠᠪᠠᠯ ᠠᠪᠣ ᠵᠢᠨ ᠵᠶ᠋ᠠᠨ ᠭᠠᠷ ᠣᠳᠠᠰᠣ᠎ᠪᠠᠷ   ᠶᠠᠷᠢᠭ᠋ᠠᠷᠠᠢ!》 ᠬᠡᠵᠦ ᠬᠡᠯᠡᠵᠦ ᠪᠠᠷᠠᠮᠠᠭᠴᠠ ᠪᠣᠭᠴᠣ᠎ᠪᠠᠨ ᠴᠢᠷᠦᠬᠡᠳ ᠭᠠᠷᠴᠠᠢ᠃ ᠬᠦᠯ ᠬᠣᠷᠢᠭ᠎ᠠ᠎ᠲᠠᠢ ᠲᠣᠯᠠ ᠡᠷ᠎ᠡ ᠨᠦᠬᠦᠷ᠎ᠨᠢ ᠪᠠ ᠡᠩᠬᠦᠷᠡᠢ ᠬᠦᠣ᠎ᠨᠢ ᠠᠰᠠᠷ᠎ᠠᠴᠠ ᠴᠦ᠍ ᠬᠦᠷᠬᠡᠨ ᠪᠠᠭᠣᠵᠣ ᠴᠢᠳᠠᠭᠰᠠᠨ ᠦᠬᠡᠢ ᠡᠬᠦᠳᠡ᠎ᠪᠠᠨ ᠬᠠᠭ᠋ᠠᠵᠠᠢ᠃ ᠡᠮᠨᠡᠯᠬᠡ ᠵᠢᠨ ᠬᠣᠷᠢᠶᠠᠨ᠎ᠤ ᠣᠳᠣᠷᠢᠳᠣᠯᠭ᠎ᠠ ᠨᠠᠷ ᠵᠢᠴᠢ ᠬᠠᠮᠳᠣ ᠠᠵᠢᠯᠯᠠᠭᠰᠠᠳ᠎ᠨᠢ ᠲᠡᠬᠦᠨ᠎ᠢ ᠦᠳᠡᠨ ᠮᠣᠷᠳᠠᠭᠣᠯᠬᠣ᠎ᠪᠠᠷ ᠠᠯᠢ  ᠬᠡᠳᠦᠢ᠌ᠨ᠎ᠤ ᠢᠷᠡᠴᠢᠬᠡᠬᠡᠳ ᠠᠰᠠᠷ᠎ᠤᠨ ᠡᠬᠦᠳᠡᠨ᠎ᠳᠤ ᠬᠦᠯᠢᠶᠡᠨ ᠵᠣᠭᠰᠣᠵᠣ ᠪᠠᠢ᠌ᠯ᠎ᠠ᠃
   《ᠬᠣᠸᠠᠩ ᠣᠶᠣᠩᠭᠣᠸ᠎ᠠ ᠴᠢᠷᠮᠠᠢ!》
   《ᠬᠣᠸᠠᠩ ᠣᠶᠣᠩᠭᠣᠸ᠎ᠠ᠂ ᠬᠢᠵᠢᠭ᠎ᠲᠠᠢ ᠲᠡᠮᠡᠴᠡᠬᠦ᠎ᠳᠤ᠎ᠪᠠᠨ ᠪᠠᠶ᠎ᠠ᠎ᠪᠠᠨ ᠭᠠᠮᠨᠠᠭ᠋ᠠᠷᠠᠢ!》
   《ᠬᠣᠣᠷᠳᠣ ᠬᠢᠵᠢᠭ᠎ᠢ ᠲᠠᠷᠣᠩᠭᠣᠢ᠌ᠯᠠᠭ᠋ᠠᠳ᠂ ᠬᠣᠷᠳᠣᠨ ᠪᠣᠴᠠᠵᠣ ᠢᠷᠡᠬᠡᠷᠡᠢ!》
   《ᠬᠣᠰᠢᠭᠣ ᠨᠣᠳᠣᠭ᠎ᠤᠨ ᠴᠢᠨᠢ ᠬᠦᠮᠦᠨ ᠪᠦᠬᠦᠨ ᠲᠠᠨ᠎ᠤ ᠢᠯᠠᠯᠳᠠ᠎ᠲᠠᠢ᠎ᠪᠠᠷ ᠪᠣᠴᠠᠵᠣ ᠢᠷᠡᠬᠦ ᠵᠢ ᠬᠦᠰᠡᠨ ᠬᠦᠯᠢᠶᠡᠵᠦ ᠪᠣᠢ ᠰᠢᠣ!》
   《ᠴᠢᠷᠮᠠᠢ᠌ᠭᠳᠣᠨ! ᠬᠣᠸᠠᠩ ᠣᠶᠣᠩᠭᠣᠸ᠎ᠠ᠃》
 ᠁  ᠁  ᠁
   ᠣᠳᠣᠷᠢᠳᠣᠯᠭ᠎ᠠ ᠨᠠᠷ ᠵᠢᠴᠢ ᠬᠠᠮᠳᠣ ᠠᠵᠢᠯᠯᠠᠭᠰᠠᠳ᠎ᠨᠢ ᠬᠠᠯᠠᠭᠣᠨ ᠲᠣᠯᠠᠭ᠋ᠠᠨ ᠦᠬᠡ ᠪᠠ ᠬᠠᠷᠠᠴᠠ᠎ᠪᠠᠷ ᠵᠶ᠋ᠠᠨ ᠦᠳᠡᠨ ᠮᠣᠷᠳᠠᠭᠣᠯᠵᠣ ᠪᠠᠢ᠌ᠯ᠎ᠠ᠃
   2   ᠳ᠋ᠤᠭ᠋ᠠᠷ ᠰᠠᠷ᠎ᠠ ᠵᠢᠨ 5᠎ᠤ ᠦᠷᠯᠦᠬᠡ ᠵᠢᠨ ᠨᠠᠢ᠍ᠮᠠᠨ ᠴᠠᠭ ᠭᠣᠴᠢᠨ ᠮᠢᠨᠦ᠋ᠲ᠎ᠲᠤ᠂ ᠬᠣᠸᠠᠩ ᠣᠶᠣᠩᠭᠣᠸ᠎ᠠ ᠲᠣᠭᠳᠠᠭᠰᠠᠨ  ᠴᠡᠭ᠎ᠲᠤ ᠢᠷᠡᠵᠦ᠂ ᠦᠪᠦᠷ ᠮᠣᠩᠭᠣᠯ᠎ᠤᠨ ᠬᠣᠶᠠᠳᠡᠬᠢ ᠣᠳᠠᠭ᠋ᠠᠨ᠎ᠤ ᠦᠬᠠᠨ ᠬᠣᠳᠠ ᠵᠢ ᠠᠪᠣᠷᠠᠨ ᠲᠣᠰᠠᠯᠠᠬᠣ ᠠᠩᠬᠢ ᠵᠢᠨ ᠲᠣᠰᠬᠠᠢ ᠲᠡᠷᠬᠡᠨ᠎ᠳᠤ ᠭᠠᠷᠴᠣ ᠣᠯᠠᠭ᠋ᠠᠨᠬᠣᠳᠠ ᠵᠢᠨ ᠨᠢᠰᠬᠡᠯ᠎ᠤᠨ ᠪᠠᠭᠣᠳᠠᠯ ᠣᠷᠣᠭᠣ ᠲᠠᠪᠬᠢᠭᠣᠯᠵᠣ ᠪᠢᠯᠡ᠃ ᠲᠡᠷᠡ ᠲᠡᠷᠬᠡᠨ᠎ᠳᠤ ᠭᠠᠷᠣᠭ᠋ᠠᠳ ᠰᠠᠶᠢ  ᠠᠢ᠌ᠳᠠᠰ ᠬᠦᠷᠴᠦ ᠡᠬᠢᠯᠡᠭᠰᠡᠨ ᠵᠶ᠋ᠠᠨ ᠰᠡᠷᠡᠵᠦ ᠮᠡᠳᠡᠯ᠎ᠡ ᠬᠡᠨ᠎ᠡ᠃ ᠭᠣᠷᠪᠠᠬᠠᠨ ᠨᠠᠰᠣᠳᠠᠢ ᠬᠦᠣ᠎ᠪᠠᠨ ᠬᠠᠶᠠᠭ᠋ᠠᠳ ᠡᠷᠬᠢᠵᠦ ᠬᠠᠷᠠᠯ ᠦᠬᠡᠢ ᠭᠠᠷᠣᠭ᠋ᠠᠳ ᠢᠷᠡᠴᠢᠬᠡᠪᠡ᠃ ᠦᠨᠦᠰᠬᠦ ᠬᠠᠮᠠᠷ᠎ᠤᠨ ᠵᠠᠭ᠋ᠠᠷ ᠰᠢᠣᠬᠠᠨ ᠡᠩᠬᠦᠷᠡᠢ ᠬᠦᠣ ᠵᠢᠨ ᠬᠢᠨᠢ ᠠᠯᠢᠶᠠᠷᠬᠠᠨ ᠲᠣᠭᠯᠠᠵᠣ ᠪᠠᠢ᠌ᠭ᠎ᠠ ᠲᠦᠷᠢ ᠎ᠨᠢ ᠬᠠᠷᠠᠭᠳᠠᠭ᠋ᠠᠳ ᠠᠪᠣᠨ᠎ᠠ᠂ ᠨᠢᠯᠬ᠎ᠠ ᠵᠢᠨ ᠦᠨᠦᠷ᠎ᠨᠢ ᠰᠡᠷᠡᠭᠳᠡᠭᠡᠳ ᠢᠷᠡᠨ᠎ᠡ᠃ ᠦᠷ᠎ᠡ ᠳ᠋ᠦᠩ ᠶᠠᠮᠠᠷ ᠪᠣᠯᠬᠣ ᠵᠢ ᠶᠡᠷᠦ ᠮᠡᠳᠡᠬᠦ ᠦᠬᠡᠢ ᠰᠢᠣ ᠳ᠋ᠠ᠃ ᠦᠬᠠᠨ ᠬᠣᠳᠠ ᠵᠢᠨ ᠡᠳᠦᠷ ᠪᠦᠷᠢ  ᠬᠢᠵᠢᠭ᠎ᠤᠨ ᠸᠢᠷᠦ᠋ᠰ᠎ᠲᠤ ᠨᠡᠷᠪᠡᠭᠳᠡᠵᠦ ᠪᠠᠢ᠌ᠭ᠎ᠠ ᠡᠪᠡᠳᠴᠢᠳᠡᠨ᠎ᠤ ᠲᠣᠭ᠎ᠠ ᠮᠢᠩᠭ᠎ᠠ ᠮᠢᠩᠭ᠎ᠠ᠎ᠪᠠᠷ ᠨᠡᠮᠡᠭᠳᠡᠵᠦ ᠯᠡ ᠪᠠᠢ᠌ᠨ᠎ᠠ᠂ ᠦᠬᠦᠵᠦ ᠡᠨᠳᠡᠵᠦ ᠪᠠᠢ᠌ᠭ᠎ᠠ ᠲᠣᠭ᠎ᠠ ᠴᠦ᠍ ᠵᠠᠭᠣ ᠵᠠᠭᠣ᠎ᠪᠠᠷ ᠣᠯᠠᠰᠢᠷᠠᠵᠣ ᠯᠡ ᠪᠠᠢ᠌ᠨ᠎ᠠ᠃ ᠨᠡᠩ ᠠᠶᠣᠮᠰᠢᠭ᠎ᠲᠠᠢ᠎ᠨᠢ ᠬᠡᠪᠡᠯ ᠡᠪᠡᠳᠴᠢᠳᠡᠨ᠎ᠢ ᠠᠰᠠᠷᠠᠵᠣ ᠪᠠᠢ᠌ᠭ᠎ᠠ ᠡᠮᠴᠢ ᠰᠣᠪᠢᠯᠠᠭᠴᠢᠳ ᠴᠦ᠍ ᠬᠢᠵᠢᠭ᠎ᠲᠤ ᠬᠠᠯᠳᠠᠪᠣᠷᠢᠯᠠᠭᠳᠠᠭ᠋ᠠᠳ ᠡᠨᠳᠡᠵᠦ ᠪᠣᠢ ᠭᠡᠨ᠎ᠡ᠃ ᠬᠢᠵᠢᠭ᠎ᠤᠨ ᠲᠠᠢ᠌ᠨ᠎ᠤ ᠡᠮᠦᠨ᠎ᠡ ᠹᠷᠣᠨᠲ᠎ᠲᠤ ᠡᠷᠡᠯᠬᠡᠭᠯᠡᠨ ᠪᠠᠢ᠌ᠯᠳᠣᠵᠣ ᠪᠠᠢ᠌ᠭᠰᠠᠨ ᠯᠢ ᠸᠧᠨ ᠯᠢᠶᠠᠩ ᠴᠦ᠍ ᠬᠢᠵᠢᠭ ᠡᠪᠡᠳᠴᠢᠨ᠎ᠳᠤ ᠲᠠᠭ᠋ᠠᠷᠢᠭᠳᠠᠴᠢᠬᠠᠭ᠋ᠠᠳ ᠪᠣᠢ ᠬᠡᠨ᠎ᠡ ᠁ ᠡᠳᠡᠬᠡᠷ᠎ᠢ ᠪᠣᠳᠣᠬᠣ ᠲᠣᠳᠣᠮ ᠠᠢ᠌ᠳᠠᠰ  ᠬᠦᠷᠴᠦ ᠪᠦᠬᠦ ᠪᠡᠶ᠎ᠡ ᠵᠢ᠎ᠨᠢ ᠡᠷᠬᠡ ᠦᠬᠡᠢ ᠵᠢᠬᠡᠬᠦᠴᠡᠬᠦᠯᠦᠨ ᠲᠠᠭᠵᠢᠭᠣᠯᠣᠭ᠋ᠠᠳ ᠠᠪᠣᠨ᠎ᠠ᠃
ᠡᠬᠦᠨ᠎ᠤ ᠲᠣᠬᠠᠢ ᠬᠣᠸᠠᠩ ᠣᠶᠣᠩᠭᠣᠸ᠎ᠠ ᠵᠢᠨ ᠡᠷᠬᠢᠴᠡᠬᠦᠯᠦᠨ ᠶᠠᠷᠢᠭᠰᠠᠨ᠎ᠢ ᠡᠨᠳᠡ ᠴᠣᠬᠣᠰ ᠲᠡᠯᠬᠡᠶ᠎ᠡ᠄ 《ᠬᠦᠨᠳᠦ ᠡᠬᠦᠷᠬᠡ ᠵᠢ ᠬᠦᠯᠢᠶᠡᠨ ᠪᠠᠴᠢᠮ ᠮᠣᠷᠳᠠᠭᠰᠠᠨ ᠪᠣᠯᠬᠣᠷ ᠠᠪᠣ ᠡᠵᠢ᠂ ᠵᠢᠴᠢ ᠪᠣᠰᠣᠳ ᠰᠠᠳᠣᠨ ᠲᠦᠷᠦᠯ᠎ᠳᠤ ᠴᠢᠮᠡᠬᠡ ᠲᠣᠭᠣᠯᠭ᠋ᠠᠵᠣ ᠠᠮᠵᠢᠭᠰᠠᠨ ᠦᠬᠡᠢ᠃ ᠠᠶᠠᠨ ᠵᠠᠮ᠎ᠳᠤ ᠮᠣᠷᠳᠠᠭ᠋ᠠᠳ ᠪᠠᠢ᠌ᠳᠠᠯ᠎ᠠ ᠬᠣᠰᠢᠭᠣᠨ᠎ᠤ ᠣᠳᠣᠷᠢᠳᠣᠯᠭ᠎ᠠ᠎ᠠᠴᠠ ᠣᠳᠠᠰᠣ ᠢᠷᠡᠬᠦᠯᠵᠦ ᠦᠳᠡᠨ ᠮᠣᠷᠳᠠᠭᠣᠯᠵᠣ ᠪᠠᠢ᠌ᠭ᠎ᠠ ᠰᠡᠳᠬᠢᠯᠬᠡ᠎ᠪᠠᠨ ᠢᠯᠡᠷᠬᠡᠢ᠌ᠯᠡᠭᠰᠡᠨ ᠪᠦᠬᠡᠳ ᠠᠮᠣᠷ ᠮᠡᠨᠳᠦ ᠪᠣᠴᠠᠨ ᠢᠷᠡᠬᠦ ᠵᠢ ᠠᠬᠢᠨ ᠲᠠᠬᠢᠨ ᠵᠠᠬᠢᠬᠣ᠎ᠪᠠᠷ  ᠬᠠᠯᠠᠭᠣᠨ ᠨᠢᠯᠪᠣᠰᠣ ᠡᠩᠬᠡᠷ ᠣᠷᠣᠭᠣ ᠣᠷᠣᠰᠴᠣ ᠪᠠᠢ᠌ᠯ᠎ᠠ᠃ ᠣᠯᠠᠭ᠋ᠠᠨᠬᠣᠳᠠ ᠬᠦᠷᠬᠦ᠎ᠠᠴᠠ ᠡᠮᠦᠨ᠎ᠡ ᠪᠢ ᠠᠬ᠎ᠠ᠎ᠲᠠᠢ᠎ᠪᠠᠨ ᠬᠠᠷᠢᠴᠠᠵᠣ ᠦᠬᠠᠨ ᠬᠣᠳᠠ᠎ᠳᠤ ᠬᠦᠷᠴᠦ ᠠᠪᠣᠷᠠᠨ ᠲᠣᠰᠠᠯᠠᠬᠣ ᠡᠬᠦᠷᠬᠡ ᠬᠠᠷᠢᠭᠣᠴᠠᠭᠰᠠᠨ ᠵᠶ᠋ᠠᠨ ᠶᠠᠷᠢᠬᠣ᠎ᠳᠤ ᠠᠬ᠎ᠠ ᠮᠢᠨᠢ ᠮᠢᠨᠦ ᠠᠵᠢᠯᠯᠠᠭ᠎ᠠ ᠵᠢ ᠪᠦᠬᠦ ᠰᠡᠳᠬᠢᠯ ᠵᠶ᠋ᠠᠷ ᠵᠶ᠋ᠠᠨ ᠲᠡᠮᠵᠢᠵᠦ ᠪᠠᠢ᠌ᠬᠣ᠎ᠪᠠᠨ ᠢᠯᠡᠷᠬᠡᠢ᠌ᠯᠡᠭᠰᠡᠨ ᠶᠣᠮ᠃ ᠪᠢ ᠠᠪᠣ ᠡᠵᠢ᠎ᠳᠤ᠎ᠪᠠᠨ ᠣᠳᠠᠰᠣᠳᠠᠬᠣ ᠵᠣᠷᠢᠭ ᠬᠦᠷᠦᠭᠰᠡᠨ ᠦᠬᠡᠢ᠃ ᠬᠦᠬᠡᠬᠣᠳᠠ ᠵᠢᠨ ᠨᠢᠰᠬᠡᠯ᠎ᠤᠨ ᠪᠠᠭᠣᠳᠠᠯ᠎ᠳᠤ ᠬᠦᠷᠴᠣ ᠭᠠᠷ ᠣᠳᠠᠰᠣ᠎ᠪᠠᠨ ᠨᠡᠬᠡᠬᠡᠭᠰᠡᠨ ᠴᠢᠨᠢ᠂ ᠬᠠᠷᠠᠯᠠ! ᠸᠢᠴᠠᠲ᠂ ᠨᠠᠢ᠌ᠵᠠ ᠵᠢᠨ ᠵᠢᠷᠬᠢᠶ᠎ᠡ᠂ ᠡᠯ᠎ᠡ ᠰᠦᠯᠵᠢᠶ᠎ᠡ ᠲᠠᠪᠴᠠᠩ ᠵᠶ᠋ᠠᠷ ᠮᠢᠨᠦ ᠲᠣᠬᠠᠢ ᠰᠢᠯᠦᠭ ᠬᠣᠯᠪᠣᠭ᠎ᠠ᠂ ᠵᠢᠷᠣᠭ ᠲᠦᠷᠰᠦ ᠎ᠪᠠᠷ ᠲᠦᠬᠦᠷᠴᠢᠬᠡᠭᠰᠡᠨ ᠪᠠᠢ᠌ᠯ᠎ᠠ᠃ ᠠᠪᠣ ᠡᠵᠢ ᠵᠢᠴᠢ ᠲᠦᠷᠦᠯ ᠰᠠᠳᠣᠨ᠎ᠨᠤᠭᠤᠳ ᠴᠦ᠍ ᠸᠢᠴᠠᠲ᠎ᠲᠤ ᠣᠯᠠᠨ ᠣᠯᠠᠨ ᠵᠣᠷᠢᠭᠵᠢᠭᠣᠯᠣᠯ᠎ᠤᠨ ᠦᠬᠡ ᠦᠯᠡᠳᠡᠬᠡᠵᠡᠢ᠃ ᠰᠠᠳᠣᠨ ᠲᠦᠷᠦᠯ ᠪᠠ ᠲᠠᠨᠢᠯ ᠪᠣᠰᠣ ᠨᠣᠳᠣᠭ᠎ᠤᠨ ᠬᠦᠮᠦᠰ᠎ᠤᠨ ᠵᠣᠷᠢᠭᠵᠢᠭᠣᠯᠣᠯ ᠲᠡᠮᠵᠢᠯᠬᠡ᠎ᠨᠢ  ᠨᠠᠳᠠ᠎ᠳᠤ ᠬᠢᠵᠠᠭ᠋ᠠᠯᠠᠰᠢ ᠦᠬᠡᠢ ᠬᠦᠴᠦᠨ ᠵᠣᠷᠢᠭ ᠣᠯᠭᠣᠵᠣ ᠪᠢᠯᠡ ᠁》 ᠬᠡᠵᠦ ᠬᠣᠸᠠᠩ ᠣᠶᠩᠭᠣᠸ᠎ᠠ ᠠᠶᠠᠷᠯᠠᠯᠳᠠ ᠵᠢᠨ ᠲᠣᠬᠠᠢ᠎ᠪᠠᠨ ᠡᠷᠬᠢᠴᠡᠬᠦᠯᠦᠨ ᠶᠠᠷᠢᠯ᠎ᠠ᠃
   ᠦᠵᠡᠭᠳᠡᠰᠢ ᠦᠬᠡᠢ ᠠᠶᠣᠮᠰᠢᠭ ᠪᠣᠯ ᠰᠠᠶᠢ ᠵᠢᠩᠬᠢᠨᠢ ᠠᠶᠣᠮᠰᠢᠭ᠃ ᠣᠴᠢᠷ᠎ᠨᠢ ᠠᠶᠣᠵᠣ ᠡᠮᠢᠶᠡᠬᠦ᠎ᠠᠴᠠ ᠪᠣᠰᠣᠳ᠎ᠢ᠎ᠨᠢ ᠪᠦᠷ ᠲᠦᠰᠦᠬᠡᠯᠡᠬᠦ ᠵᠢᠨ ᠠᠷᠭ᠎ᠠ ᠦᠬᠡᠢ ᠰᠢᠣ ᠳ᠋ᠠ᠃ ᠡᠪ ᠡᠷᠡᠬᠦᠯ ᠪᠠᠢ᠌ᠭᠰᠠᠨ ᠬᠦᠮᠦᠨ ᠴᠢᠨᠢ ᠮᠠᠷᠭ᠋ᠠᠰᠢ᠎ᠨᠢ ᠪᠣᠯᠬᠣ᠎ᠳᠤ ᠡᠪᠡᠳᠴᠢᠳᠡᠨ᠎ᠤ ᠣᠷᠣ ᠲᠡᠬᠡᠷ᠎ᠡ ᠬᠡᠪᠳᠡᠴᠢᠬᠡᠭᠰᠡᠨ᠂ ᠬᠠᠶᠠ ᠵᠠᠷᠢᠮ᠎ᠨᠢ ᠡᠮᠨᠡᠯᠬᠡ᠎ᠳᠤ ᠬᠦᠷᠴᠦ ᠠᠮᠵᠢᠬᠣ᠎ᠠᠴᠠ ᠡᠮᠦᠨ᠎ᠡ ᠡᠷᠡᠰᠴᠢᠬᠡᠳᠡᠭ᠃ ᠡᠮᠦᠨ᠎ᠡ ᠬᠡᠳᠦᠨ ᠡᠳᠦᠷ ᠠᠭᠣᠯᠵᠠᠵᠣ ᠣᠴᠠᠷᠠᠭ᠋ᠠᠳ ᠢᠨᠢᠶᠡᠵᠦ  ᠨᠠᠷᠭᠢᠵᠤ ᠪᠠᠢ᠌ᠭᠰᠠᠨ ᠨᠢᠬᠡ᠎ᠨᠢ ᠦᠨᠦᠳᠦᠷ ᠬᠠᠷᠢᠨ ᠲᠠᠭ  ᠴᠢᠭ᠋ ᠰᠣᠷᠠᠭ ᠲᠠᠰᠣᠷᠠᠴᠢᠬᠠᠭᠰᠠᠨ ᠪᠠᠢ᠌ᠳᠠᠭ᠃ ᠡᠨᠡ ᠪᠣᠯ ᠰᠠᠶᠢ ᠬᠦᠮᠦᠰ᠎ᠤᠨ ᠪᠡᠶ᠎ᠡ ᠴᠣᠭᠴᠠᠰ ᠪᠡ ᠣᠶᠣᠨ ᠰᠠᠨᠠᠭ᠎ᠠ ᠵᠢ ᠬᠠᠮᠳᠣ᠎ᠨᠢ  ᠳᠠᠷᠴᠢᠯᠠᠭ᠋ᠠᠬᠤ ᠬᠠᠷ᠎ᠠ ᠠᠶᠣᠯ ᠶᠣᠮ᠃ ᠨᠡᠩ ᠴᠢᠨᠠᠭᠰᠢᠯᠠᠨ ᠴᠢ ᠬᠢᠵᠢᠭ᠎ᠲᠤ ᠨᠡᠷᠪᠡᠭᠳᠡᠭᠡᠳ ᠪᠠᠢ᠌ᠬᠣ ᠦᠶ᠎ᠡ᠎ᠳᠤ ᠴᠢᠮ᠎ᠠ ᠵᠢ ᠠᠰᠠᠷᠠᠨ ᠰᠣᠪᠢᠯᠠᠵᠣ ᠪᠠᠢ᠌ᠭᠰᠠᠨ ᠡᠮᠴᠢ ᠰᠣᠪᠢᠯᠠᠭᠴᠢ ᠴᠢᠨᠢ ᠮᠦᠨ ᠬᠢᠵᠢᠭ᠎ᠲᠤ ᠬᠠᠯᠳᠠᠪᠣᠷᠢᠯᠠᠭᠳᠠᠴᠢᠬᠠᠭᠰᠠᠨ᠂ ᠨᠡᠩ ᠴᠢᠨᠠᠭᠰᠢᠯᠠᠨ ᠠᠮᠢ ᠨᠠᠰᠣ᠎ᠪᠠᠨ ᠠᠯᠳᠠᠴᠢᠬᠠᠭᠰᠠᠨ ᠴᠦ᠍ ᠪᠠᠢ᠌ᠵᠣ ᠮᠡᠳᠡᠨ᠎ᠡ᠃  ᠡᠨᠡ ᠬᠡᠦ ᠠᠶᠣᠯ᠎ᠤᠨ ᠡᠮᠦᠨ᠎ᠡ  ᠬᠡᠨ ᠰᠦᠷᠴᠦ ᠵᠣᠭᠰᠣᠭᠰᠠᠨ ᠪᠣᠢ? ᠲᠣᠮᠳᠠᠳᠣ ᠣᠯᠣᠰ᠎ᠤᠨ ᠡᠮᠴᠢ ᠰᠣᠪᠢᠯᠠᠭᠴᠢᠳ᠃ ᠬᠠᠷ᠎ᠠ ᠠᠶᠣᠯ᠎ᠤᠨ ᠡᠬᠦᠷ ᠣᠷᠣᠭᠣ ᠬᠡᠨ  ᠰᠢᠷᠭᠤᠯᠠᠭᠰᠠᠨ ᠪᠣᠢ? ᠬᠣᠸᠠᠩ ᠣᠶᠣᠩᠭᠣᠸ᠎ᠠ ᠮᠡᠳᠦ ᠵᠢᠨ ᠠᠷᠠᠳ ᠲᠦᠮᠡᠨ᠎ᠤ ᠠᠮᠢ ᠨᠠᠰᠣ ᠵᠢ ᠬᠠᠮᠠᠭ᠋ᠠᠯᠠᠬᠣ ᠵᠢᠨ ᠲᠦᠯᠦᠬᠡ ᠠᠷᠣ ᠬᠡᠷ᠂ ᠠᠮᠢ ᠬᠣᠪᠢ᠎ᠪᠠᠨ ᠣᠭᠣᠷᠴᠣ ᠦᠬᠠᠨ ᠬᠣᠳᠠ ᠵᠢᠨ  ᠤᠲᠤᠭ᠎ᠠ ᠦᠬᠡᠢ  ᠪᠠᠢ᠌ᠯᠳᠣᠭ᠋ᠠᠨ᠎ᠳᠤ ᠮᠣᠷᠳᠠᠭᠰᠠᠨ ᠲᠦᠭ ᠲᠦᠮᠡᠨ ᠰᠠᠢ᠌ᠨ ᠲᠣᠷᠠᠴᠣᠣᠯ᠃

   ᠰᠢᠢ᠍ᠳᠦᠭᠰᠡᠨ ᠵᠦᠢ᠍ᠯ᠎ᠳᠤ᠎ᠪᠠᠨ ᠬᠦᠷᠬᠦ᠎ᠳᠤ ᠵᠠᠭᠣᠨ ᠪᠡᠷᠬᠡ ᠮᠢᠩᠭ᠋ᠠᠨ ᠲᠠᠪᠠᠭ᠎ᠠ ᠵᠢ ᠲᠣᠭᠣᠯᠬᠣ ᠰᠢᠨᠳᠠᠰᠣ ᠱᠠᠭ᠋ᠠᠷᠳᠠᠭᠳᠠᠨ᠎ᠠ ᠣᠳᠣᠭ᠎ᠠ ᠦᠬᠡᠢ ᠲᠠᠢ᠌ᠨ᠎ᠳᠤ ᠦᠵᠦᠬᠦᠷᠯᠡᠨ ᠪᠠᠢ᠌ᠯᠳᠣᠵᠣ᠂ ᠡᠬᠦᠷᠬᠡ ᠬᠠᠷᠢᠭᠣᠴᠠᠯᠭ᠎ᠠ᠎ᠪᠠᠨ ᠠᠮᠵᠢᠯᠳᠠ᠎ᠲᠠᠢ ᠪᠡᠶᠡᠯᠡᠬᠦᠯᠦᠨ᠎ᠡ᠃ ᠬᠣᠸᠠᠩ ᠣᠶᠣᠩᠭᠣᠸ᠎ᠠ ᠢᠩᠬᠢᠵᠦ  ᠦᠪᠡᠷ᠎ᠲᠤ᠎ᠪᠠᠨ ᠵᠠᠮ ᠲᠣᠵᠢ ᠲᠠᠬᠢᠨ ᠲᠠᠪᠳᠠᠨ ᠶᠠᠷᠢᠭᠰᠠᠭ᠋ᠠᠷ ᠪᠠᠢ᠌ᠯ᠎ᠠ᠃ 2020 ᠣᠨ᠎ᠤ 2 ᠰᠠᠷ᠎ᠠ ᠵᠢᠨ 6᠎ᠤ ᠦᠷᠯᠦᠬᠡ᠂ ᠦᠪᠦᠷ ᠮᠣᠩᠭᠣᠯ᠎ᠤᠨ ᠬᠣᠶᠠᠳᠡᠬᠢ ᠣᠳᠠᠭ᠋ᠠᠨ᠎ᠤ ᠦᠬᠠᠨ ᠬᠣᠳᠠ ᠵᠢ ᠠᠪᠣᠷᠠᠨ ᠲᠣᠰᠠᠯᠠᠬᠣ ᠠᠩᠬᠢ ᠵᠢᠨ ᠰᠠᠭᠣᠭᠰᠠᠨ ᠨᠢᠰᠬᠡᠯ᠎ᠢ ᠲᠣᠰᠣᠷ᠎ᠠ ᠣᠴᠢᠭᠰᠠᠨ ᠲᠣᠰᠬᠠᠢ ᠲᠡᠷᠬᠡ ᠦᠬᠠᠨ ᠬᠣᠳᠠ ᠵᠢᠨ ᠶᠠᠩ ᠭᠣᠸᠠᠩ ᠵᠣᠴᠢᠳ᠎ᠤᠨ ᠪᠠᠭᠣᠳᠠᠯ᠎ᠳᠤ ᠲᠡᠳᠡᠨᠣᠰ᠎ᠢ ᠬᠦᠷᠬᠡᠪᠡ᠃ ᠲᠣᠰ ᠪᠠᠭᠣᠳᠠᠯ᠎ᠨᠢ ᠦᠬᠠᠨ ᠬᠣᠳᠠ ᠵᠢ ᠠᠪᠣᠷᠠᠨ ᠲᠣᠰᠠᠯᠠᠬᠣ ᠠᠩᠬᠢ ᠵᠢᠨ ᠲᠦᠷ ᠠᠮᠠᠷᠠᠬᠣ ᠭᠠᠵᠠᠷ ᠠᠵᠢ᠃ ᠮᠠᠰᠢᠨ ᠲᠡᠷᠭᠡ᠂ ᠨᠢᠰᠬᠡᠯ ᠵᠶ᠋ᠠᠷ ᠠᠮᠷᠠᠯᠳᠠ ᠦᠬᠡᠢ ᠵᠠᠮᠨᠠᠭᠰᠠᠨ ᠡᠮᠴᠢ ᠰᠣᠪᠢᠯᠠᠭᠴᠢᠳ ᠦᠷᠯᠦᠬᠡ ᠵᠢᠨ ᠬᠣᠭᠣᠯᠠ᠎ᠪᠠᠨ ᠢᠳᠡᠵᠦ᠂ ᠬᠣᠶᠠᠷ ᠴᠠᠭ ᠰᠢᠬᠠᠮ ᠠᠮᠠᠷᠠᠮᠠᠭᠴᠠ ᠠᠪᠣᠷᠠᠨ ᠲᠣᠰᠠᠯᠠᠯᠳᠠ ᠵᠢᠨ ᠡᠮᠦᠨᠡᠬᠢ ᠪᠣᠯᠪᠠᠰᠣᠷᠠᠯ ᠵᠶ᠋ᠠᠨ ᠡᠬᠢᠯᠡᠬᠦᠯᠪᠡ᠃ ᠬᠢᠵᠢᠭ ᠡᠪᠡᠳᠴᠢᠨ᠎ᠤ ᠲᠠᠷᠬᠠᠯᠳᠠ ᠵᠢ ᠬᠡᠷᠬᠢᠨ ᠬᠢᠵᠠᠭ᠋ᠠᠷᠯᠠᠬᠣ᠂  ᠬᠢᠵᠢᠭ᠎ᠢ ᠬᠡᠷᠬᠢᠨ ᠰᠡᠷᠬᠡᠢ᠌ᠯᠡᠨ ᠡᠵᠡᠮᠳᠡᠬᠦ᠂ ᠡᠪᠡᠳᠴᠢᠳᠡᠨ᠎ᠲᠠᠢ ᠬᠡᠷᠬᠢᠨ ᠬᠠᠷᠢᠴᠠᠬᠣ᠂ ᠦᠪᠡᠷ᠎ᠤᠨ ᠪᠡᠶ᠎ᠡ ᠵᠢᠨ ᠠᠮᠣᠷ ᠲᠦᠪᠰᠢᠨ ᠵᠶ᠋ᠠᠨ ᠬᠡᠷᠬᠢᠨ ᠪᠠᠳᠣᠯᠠᠬᠣ ᠁ ᠵᠡᠷᠬᠡ ᠮᠡᠳᠡᠯᠬᠡ ᠮᠡᠷᠬᠡᠰᠢᠯ ᠎ᠤᠨ ᠬᠠᠳᠠᠭᠣ ᠪᠣᠯᠪᠠᠰᠣᠷᠠᠯ᠎ᠢ ᠲᠠᠬᠢᠨ ᠲᠠᠪᠳᠠᠨ ᠬᠦᠢ᠍ᠴᠡᠳᠬᠡᠨ᠎ᠡ᠃ ᠬᠡᠳᠦᠢ᠌ᠪᠡᠷ ᠪᠦᠷ ᠲᠣᠰᠬᠠᠢ ᠪᠣᠯᠪᠠᠰᠣᠷᠠᠯ ᠬᠦᠷᠳᠡᠭᠰᠡᠨ ᠡᠮᠴᠢ ᠰᠣᠪᠢᠯᠠᠭᠴᠢᠳ᠎ᠤᠨ ᠡᠩᠨᠡᠬᠡ ᠬᠡᠳᠡᠭ ᠪᠣᠯᠪᠠᠴᠣ  ᠡᠨᠡ ᠬᠦ᠌ ᠰᠢᠨ᠎ᠡ ᠬᠡᠯᠪᠡᠷᠢ ᠵᠢᠨ ᠲᠢᠳᠢᠮᠯᠢᠭ ᠠᠭᠣᠰᠬᠢᠨ ᠦᠷᠪᠢᠰᠦᠯ ᠬᠡᠮᠡᠬᠦ ᠠᠶᠣᠮᠰᠢᠭᠳᠣ ᠬᠢᠵᠢᠭ᠎ᠲᠠᠢ ᠠᠩᠬ᠎ᠠ ᠨᠢᠭᠣᠷᠳᠠᠵᠣ ᠪᠠᠢ᠌ᠭ᠎ᠠ ᠲᠣᠯᠠ ᠬᠢᠵᠢᠭ᠎ᠤᠨ ᠪᠠᠢ᠌ᠳᠠᠯ᠎ᠢ ᠵᠠᠪᠠᠯ ᠨᠡᠪᠳᠡᠷᠡᠳᠡᠯ᠎ᠡ ᠰᠠᠢ᠌ᠨ ᠣᠢ᠌ᠯᠠᠭ᠋ᠠᠵᠣ᠂ ᠬᠢᠵᠢᠭ᠎ᠢ ᠡᠵᠡᠮᠳᠡᠬᠦ ᠠᠯᠬᠣᠮ ᠪᠦᠷᠢ ᠵᠢ ᠨᠠᠷᠢᠯᠢᠭ᠎ᠠᠴᠠ ᠨᠠᠷᠢᠯᠢᠭ ᠬᠦᠢ᠍ᠴᠡᠳᠬᠡᠵᠦ ᠰᠣᠷᠬᠣ ᠬᠡᠷᠡᠭᠳᠡᠢ᠃ ᠨᠢᠬᠡ ᠣᠳᠠᠭ᠋ᠠᠨ᠎ᠤ ᠬᠢᠵᠢᠭ᠎ᠠᠴᠠ ᠰᠡᠷᠬᠡᠢ᠌ᠯᠡᠬᠦ ᠬᠣᠪᠴᠠᠰᠣ ᠵᠢ ᠡᠮᠦᠰᠬᠦ ᠪᠦᠬᠦ ᠶᠠᠪᠣᠴᠠ᠎ᠨᠢ ᠲᠦᠢ᠍ᠯ᠎ᠤᠨ ᠶᠠᠷᠰᠢᠭ ᠲᠦᠪᠡᠭ᠎ᠲᠠᠢ ᠪᠠᠢ᠌ᠳᠠᠭ᠃ ᠨᠡᠩ ᠠᠶᠣᠮᠰᠢᠳᠠᠢ᠎ᠨᠢ ᠡᠪᠡᠳᠴᠢᠳᠡᠨ᠎ᠤ ᠦᠷᠦᠬᠡᠨ᠎ᠠᠴᠠ ᠭᠠᠷᠴᠣ ᠢᠷᠡᠬᠡᠳ ᠬᠢᠵᠢᠭ᠎ᠠᠴᠠ ᠰᠡᠷᠬᠡᠢ᠌ᠯᠡᠬᠦ ᠬᠣᠪᠴᠠᠰᠣ᠎ᠪᠠᠨ ᠲᠠᠢ᠌ᠯᠵᠣ ᠠᠮᠠᠷᠠᠬᠣ ᠭᠠᠵᠠᠷ᠎ᠲᠤ᠎ᠪᠠᠨ ᠬᠦᠷᠳᠡᠯ᠎ᠡ ᠭᠠᠷ ᠵᠶ᠋ᠠᠨ ᠠᠷᠪᠠᠨ ᠬᠡᠳᠦ ᠣᠳᠠᠭ᠎ᠠ  ᠠᠷᠢᠭᠤᠳᠬᠠᠨ ᠣᠬᠢᠶᠠᠬᠣ ᠬᠡᠷᠡᠭᠳᠡᠢ ᠰᠢᠣ ᠳ᠋ᠠ᠃ ᠠᠯᠢ ᠨᠢᠬᠡ ᠠᠯᠬᠣᠮ᠎ᠨᠢ ᠪᠣᠷᠣᠭᠣᠳᠠᠭᠰᠠᠭ᠋ᠠᠷ  ᠬᠢᠵᠢᠭ᠎ᠤᠨ ᠪᠠᠺᠲᠸᠷᠢ ᠲᠠᠷᠣᠢ  ᠬᠠᠯᠳᠠᠪᠤᠷᠢᠯᠠᠵᠤ᠂ ᠦᠪᠡᠷ᠎ᠤᠨ ᠪᠠᠶ᠎ᠠ ᠵᠢᠨ ᠠᠮᠣᠷ ᠲᠦᠪᠰᠢᠨ ᠵᠶ᠋ᠠᠨ ᠪᠠᠳᠣᠯᠠᠵᠣ ᠴᠢᠳᠠᠬᠣ ᠦᠬᠡᠢ ᠪᠣᠯᠬᠣ ᠮᠦᠷᠳᠡᠬᠡᠨ ᠬᠠᠮᠳᠣ ᠠᠵᠢᠯᠯᠠᠭᠰᠠᠳ᠎ᠲᠤ᠎ᠪᠠᠨ ᠴᠦ᠍ ᠬᠢᠵᠢᠭ  ᠬᠠᠯᠳᠠᠪᠤᠷᠢᠯᠠᠭᠤᠯᠵᠤ᠂ ᠭᠠᠢ ᠲᠠᠷᠢᠳᠠᠭ᠃ ᠬᠣᠪᠴᠠᠰᠣ ᠰᠣᠯᠢᠬᠣ ᠪᠦᠬᠦ ᠶᠠᠪᠣᠴᠠ ᠵᠢ ᠬᠢᠬᠡᠳ ᠲᠠᠭᠣᠰᠳᠠᠯ᠎ᠠ ᠨᠡᠯᠢᠶᠡᠳ ᠬᠦᠴᠦ ᠪᠠ ᠴᠠᠭ ᠵᠶ᠋ᠠᠨ ᠵᠠᠷᠣᠴᠠᠭᠣᠯᠴᠢᠬᠠᠳᠠᠭ ᠠᠵᠢ᠃ ᠬᠡᠳᠦᠨ ᠡᠳᠦᠷ᠎ᠤᠨ ᠬᠠᠳᠠᠭᠣᠵᠢᠯᠳᠠᠢ ᠪᠣᠯᠪᠠᠰᠣᠷᠠᠯ᠎ᠤᠨ ᠲᠣᠮᠳᠠ ᠵᠠᠷᠢᠮ ᠡᠮᠴᠢ ᠰᠣᠪᠢᠯᠠᠭᠴᠢᠳ ᠶᠠᠳᠠᠷᠠᠵᠣ ᠵᠦᠳᠡᠷᠡᠭᠰᠡᠨ᠎ᠤ ᠲᠡᠬᠡᠷ᠎ᠡ ᠲᠠᠮᠢᠷᠳᠠᠨ ᠮᠠᠭᠣᠵᠢᠷᠠᠬᠣ ᠦᠵᠡᠭᠳᠡᠯ ᠴᠦ᠍ ᠢᠯᠡᠷᠡᠵᠡᠬᠡᠵᠦ ᠪᠠᠢ᠌ᠯ᠎ᠠ᠃  ᠡᠨᠡ ᠬᠦ᠌ ᠪᠠᠢ᠌ᠳᠠᠯ᠎ᠳᠤ ᠵᠣᠬᠢᠴᠠᠭᠣᠯᠣᠨ ᠡᠮᠴᠢ ᠰᠣᠪᠢᠯᠠᠭᠴᠢᠳ᠎ᠤᠨ ᠪᠠᠶ᠎ᠠ ᠰᠡᠳᠬᠢᠯ᠎ᠳᠤ ᠬᠣᠶᠠᠷ ᠡᠳᠦᠷ᠎ᠤᠨ ᠲᠣᠬᠢᠷᠠᠭᠣᠯᠣᠯᠳᠠ᠂ ᠲᠡᠩᠬᠡᠷᠡᠬᠦᠯᠦᠯᠳᠡ ᠬᠢᠭᠰᠡᠨ᠎ᠤ ᠲᠠᠷᠠᠭ᠎ᠠ᠂ ᠦᠬᠠᠨ ᠬᠣᠳᠠ ᠵᠢᠨ ᠵᠢᠶᠠᠩ ᠬᠠᠨ ᠲᠣᠭᠣᠷᠢᠭ᠎ᠤᠨ  ᠴᠢᠩᠭᠡᠯᠢᠭ ᠡᠮᠨᠡᠯᠬᠡ ᠵᠢᠨ ᠬᠣᠷᠢᠶ᠎ᠠ᠎ᠳᠤ ᠬᠦᠷᠬᠡᠵᠦ᠂ ᠪᠦᠬᠦᠯᠢ 44 ᠡᠳᠦᠷ᠎ᠤᠨ ᠣᠳᠣᠭ᠎ᠠ ᠦᠬᠡᠢ ᠰᠢᠷᠦᠬᠦᠨ ᠲᠠᠢ᠌ᠨ᠎ᠢ ᠡᠬᠢᠯᠡᠬᠦᠯᠵᠡᠢ᠃
   ᠣᠮᠠᠷᠠᠳᠣ ᠣᠷᠣᠨ᠎ᠠᠴᠠ ᠢᠷᠡᠭᠰᠡᠨ ᠡᠮᠴᠢ ᠰᠣᠪᠢᠯᠠᠭᠴᠢᠳ ᠡᠮᠦᠨᠡᠳᠦ ᠣᠷᠣᠨ᠎ᠤ ᠠᠭᠣᠷ ᠠᠮᠢᠰᠬᠣᠯ᠎ᠲᠠᠢ ᠵᠣᠬᠢᠴᠠᠯᠳᠣᠬᠣ ᠦᠬᠡᠢ ᠪᠠᠢ᠌ᠯ᠎ᠠ᠃ ᠬᠣᠸᠠᠩ ᠣᠶᠣᠩᠭᠣᠸ᠎ᠠ ᠬᠡᠳᠦᠨ ᠡᠳᠦᠷ᠎ᠤᠨ ᠬᠠᠳᠠᠭᠣᠵᠢᠯᠳᠠᠢ ᠪᠣᠯᠪᠠᠰᠣᠷᠠᠯ ᠵᠶ᠋ᠠᠷ ᠲᠠᠮᠵᠢᠨ ᠲᠣᠬᠠᠢ ᠵᠢᠨ ᠣᠷᠴᠢᠨ᠎ᠳᠤ ᠲᠠᠷᠣᠢ ᠵᠣᠬᠢᠴᠠᠯᠳᠣᠬᠣ᠎ᠪᠠᠷ  ᠴᠢᠷᠮᠠᠢ᠌ᠨ᠎ᠠ᠃ ᠲᠡᠷᠡ ᠪᠣᠰᠣᠳ ᠡᠮᠴᠢ ᠰᠣᠪᠢᠯᠠᠭᠴᠢᠳ ᠵᠶ᠋ᠠᠨ ᠲᠠᠰᠣᠷᠠᠯᠳᠠ ᠦᠬᠡᠢ ᠲᠠᠢ᠌ᠪᠣᠰᠢᠷᠠᠭᠣᠯᠣᠨ ᠵᠣᠷᠢᠭᠵᠢᠭᠣᠯᠬᠣ᠎ᠪᠠᠷ ᠲᠠᠮᠵᠢᠨ  ᠦᠪᠡᠷ᠎ᠢ᠎ᠪᠠᠨ ᠴᠦ᠍ ᠵᠣᠷᠢᠭᠵᠢᠭᠣᠯᠵᠣ ᠪᠠᠢ᠌ᠯ᠎ᠠ᠃ 《ᠪᠢ ᠪᠣᠯ ᠡᠪ ᠬᠠᠮᠳᠣ ᠨᠠᠮ᠎ᠤᠨ ᠬᠡᠰᠢᠬᠦᠨ᠂ ᠡᠪᠡᠳᠴᠢᠨ ᠡᠮᠬᠡᠭ᠎ᠲᠠᠢ ᠬᠦᠮᠦᠰ᠎ᠢ ᠡᠷᠡᠬᠦᠯᠵᠢᠬᠦᠯᠬᠦ᠎ᠳᠤ ᠭᠠᠪᠰᠢᠭ᠋ᠠᠢ᠌ᠯᠠᠨ ᠠᠵᠢᠯᠯᠠᠬᠣ ᠲᠠᠷᠬᠠᠨ ᠡᠬᠦᠷᠬᠡ᠎ᠲᠠᠢ ᠰᠣᠪᠢᠯᠠᠭᠴᠢ ᠬᠦᠮᠦᠨ᠂ ᠠᠷᠠᠳ ᠲᠦᠮᠡᠨ ᠭᠠᠰᠠᠯᠠᠩ᠎ᠤᠨ ᠲᠠᠯᠠᠢ᠎ᠳᠤ ᠲᠡᠯᠴᠢᠯᠡᠬᠦ ᠦᠶᠡᠰ ᠦᠴᠦᠬᠡᠨ ᠴᠦ᠍  ᠬᠤᠢ᠌ᠷᠭᠤᠰᠢᠯ ᠦᠬᠡᠢ ᠡᠷᠡᠮᠡᠬᠡᠢ᠌ᠯᠡᠨ ᠵᠢᠳᠬᠦᠬᠦ ᠴᠢᠬᠣᠯᠠᠳᠠᠢ᠃ ᠶᠠᠮᠠᠷ ᠬᠦᠴᠢᠷ ᠪᠡᠷᠬᠡ ᠲᠠᠭ᠋ᠠᠷᠠᠭᠰᠠᠨ ᠴᠦ᠍  ᠤᠬᠤᠷᠢᠰᠢ ᠦᠬᠡᠢ᠂ ᠲᠣᠬᠠᠢ᠌ᠯᠠᠭᠰᠠᠨ ᠠᠵᠢᠯ᠎ᠤᠨ ᠣᠷ᠎ᠠ ᠴᠢᠳᠠᠪᠣᠷᠢ᠎ᠪᠠᠨ ᠦᠢ᠍ᠯᠡᠰ᠎ᠲᠤ᠎ᠪᠠᠨ ᠵᠣᠷᠢᠭᠣᠯᠵᠣ᠂ ᠬᠦᠴᠦᠨ ᠴᠢᠳᠠᠯ ᠪᠦᠬᠦᠨ ᠵᠶ᠋ᠠᠨ ᠣᠯᠣᠰ ᠦᠨᠳᠦᠰᠦᠳᠡᠨ᠎ᠳᠤ᠎ᠪᠠᠨ ᠡᠷᠬᠦᠬᠦ᠎ᠳᠤ ᠴᠠᠭ ᠢᠮᠠᠭᠳᠠ ᠪᠡᠯᠡᠬᠡᠨ》—ᠬᠣᠸᠠᠩ ᠣᠶᠣᠩᠭᠣᠸ᠎ᠠ ᠬᠢᠵᠢᠭ᠎ᠢ ᠰᠡᠷᠬᠡᠢ᠌ᠯᠡᠬᠦ ᠬᠣᠪᠴᠠᠰᠣ᠎ᠪᠠᠨ ᠪᠦᠷᠢᠨ ᠲᠦᠬᠦᠷ ᠡᠮᠦᠰᠴᠢᠬᠡᠬᠡᠳ ᠡᠪᠡᠳᠴᠢᠳᠡᠨ᠎ᠤ ᠲᠠᠰᠣᠭ᠎ᠲᠤ ᠠᠩᠬ᠎ᠠ ᠠᠯᠬᠣᠬᠣ ᠦᠶ᠎ᠡ᠎ᠳᠤ᠎ᠪᠠᠨ  ᠦᠪᠡᠷ᠎ᠲᠤ᠎ᠪᠠᠨ ᠢᠩᠬᠢᠵᠦ ᠬᠠᠳᠠᠭᠣᠬᠠᠨ ᠵᠠᠬᠢᠯ᠎ᠠ ᠬᠡᠨ᠎ᠡ᠃
   ᠬᠢᠵᠢᠭ᠎ᠲᠤ ᠬᠠᠯᠳᠠᠪᠣᠷᠢᠯᠠᠭᠳᠠᠬᠣ᠎ᠠᠴᠠ ᠰᠡᠷᠬᠡᠢ᠌ᠯᠡᠨ ᠠᠵᠢᠯ᠎ᠳᠤ ᠭᠠᠷᠬᠣ᠎ᠠᠴᠠ ᠡᠮᠦᠨᠡᠬᠢ ᠬᠣᠶᠠᠷ ᠴᠠᠭ᠎ᠲᠤ ᠢᠳᠡᠵᠦ ᠣᠣᠭᠣᠬᠣ᠎ᠪᠠᠨ ᠲᠠᠰᠣ ᠴᠡᠬᠡᠷᠯᠡᠳᠡᠭ᠃ ᠬᠣᠭᠣᠯᠠ ᠢᠳᠡᠬᠦ᠂ ᠨᠢᠭᠣᠷ ᠣᠬᠢᠶᠠᠬᠣ᠎ᠠᠴᠠ ᠪᠣᠰᠣᠳ ᠴᠠᠭ ᠎ᠲᠤ ᠪᠠᠷᠣᠭ ᠠᠮᠠᠪᠴᠢ᠎ᠪᠠᠨ ᠠᠪᠳᠠᠭ ᠦᠬᠡᠢ᠃ ᠭᠣᠷᠪᠠᠨ ᠲᠠᠪᠬᠣᠷ ᠬᠠᠮᠠᠭ᠋ᠠᠯᠠᠯᠳᠠ ᠵᠢᠨ ᠬᠣᠪᠴᠠᠰᠣ᠎ᠪᠠᠨ ᠲᠠᠢ᠌ᠯᠣᠯ ᠦᠬᠡᠢ᠂ ᠬᠣᠭᠣᠯᠠ ᠣᠮᠳᠠ ᠦᠬᠡᠢ ᠪᠦᠬᠦᠯᠢ 6 ᠴᠠᠭ ᠠᠵᠢᠯᠯᠠᠭ᠋ᠠᠳ ᠰᠠᠶᠢ ᠠᠵᠢᠯ᠎ᠠᠴᠠ᠎ᠪᠠᠨ ᠪᠠᠭᠣᠳᠠᠭ᠃ ᠵᠠᠷᠢᠮ ᠪᠠᠴᠢᠮ ᠶᠠᠭ᠋ᠠᠷᠠᠣ ᠴᠠᠭ᠎ᠲᠤ᠎ᠪᠠᠨ ᠠᠷᠪᠠᠨ ᠬᠡᠳᠦᠨ ᠴᠠᠭ ᠦᠷᠬᠦᠯᠵᠢᠯᠡᠨ ᠠᠵᠢᠯᠯᠠᠴᠢᠬᠠᠳᠠᠭ ᠣᠳᠠᠭ᠎ᠠ ᠴᠦ᠍ ᠮᠣᠩ ᠦᠬᠡᠢ ᠲᠣᠬᠢᠶᠠᠯᠳᠣᠳᠠᠭ᠃ ᠦᠬᠠᠨ᠎ᠤ ᠬᠣᠶᠠᠳᠣᠭ᠋ᠠᠷ ᠰᠠᠷ᠎ᠠ ᠵᠢᠨ ᠠᠭᠣᠷ ᠠᠮᠢᠰᠬᠣᠯ ᠬᠡᠵᠦ  ᠵᠢᠭᠡᠬᠦᠨ ᠬᠦᠢ᠍ᠳᠡᠨ᠂ ᠬᠠᠪᠣᠷ᠎ᠤᠨ ᠬᠦᠢ᠍ᠳᠡᠨ ᠪᠣᠷᠣᠭ᠎ᠠ ᠲᠠᠰᠣᠷᠠᠰᠢ ᠦᠬᠡᠢ ᠣᠷᠣᠨ᠎ᠠ᠃ ᠣᠮᠠᠷᠠᠳᠣ ᠣᠷᠣᠨ᠎ᠤ᠎ᠬᠢ ᠰᠢᠭ ᠲᠣᠯᠠᠭ᠋ᠠᠯᠠᠬᠣ ᠲᠦᠬᠦᠷᠦᠮᠵᠢ ᠪᠠᠢ᠌ᠳᠠᠭ ᠦᠬᠡᠢ ᠣᠴᠢᠷ᠎ᠠᠴᠠ ᠬᠦᠯ ᠭᠠᠷ ᠵᠢᠩᠬᠢᠨᠠᠵᠣ ᠲᠠᠭ᠋ᠠᠷᠠᠬᠣ ᠭᠡᠵᠦ ᠬᠡᠴᠡᠬᠦᠦ᠃ ᠡᠳᠦᠷ᠎ᠠᠴᠠ ᠡᠳᠦᠷ  ᠡᠷᠡᠭᠦᠯᠵᠢᠵᠦ ᠪᠠᠢ᠌ᠭ᠎ᠠ ᠡᠪᠡᠳᠴᠢᠳᠡᠨ ᠵᠶ᠋ᠠᠨ ᠬᠠᠷᠠᠬᠣ ᠪᠦᠷᠢ ᠣᠶᠣᠩᠭᠣᠸ᠎ᠠ ᠵᠢᠨ ᠬᠠᠯᠠᠭᠣᠨ ᠵᠣᠷᠢᠭ᠎ᠨᠢ ᠣᠷᠬᠢᠯᠵᠣ᠂ ᠪᠡᠬᠡᠷᠡᠵᠦ ᠲᠠᠭ᠋ᠠᠷᠠᠳᠠᠭ ᠵᠶ᠋ᠠᠨ ᠬᠠᠮᠢᠶᠠᠷᠣᠯ ᠦᠬᠡᠢ ᠠᠵᠢᠯ᠎ᠳᠤ᠎ᠪᠠᠨ ᠰᠢᠭᠣᠷᠬᠠᠢ᠌ᠯᠠᠵᠣ ᠯᠡ ᠪᠠᠢ᠌ᠯ᠎ᠠ᠃ ᠲᠡᠷᠡ ᠡᠪᠡᠳᠴᠢᠳᠡᠨ᠎ᠳᠤ ᠡᠮ ᠶᠡᠬᠦᠯᠡᠬᠦ᠂ ᠡᠮ ᠣᠣᠭᠣᠯᠭ᠋ᠠᠬᠣ᠂ ᠡᠳᠦᠷ ᠪᠦᠷᠢ 4 ᠣᠳᠠᠭ᠎ᠠ ᠪᠡᠶ᠎ᠡ ᠵᠢᠨ ᠲᠣᠯᠠᠭ᠋ᠠᠠ ᠎ᠢ᠎ᠨᠢ ᠬᠡᠮᠵᠢᠬᠦ᠂ ᠢᠳᠡᠵᠦ ᠣᠣᠭᠣᠬᠣ᠎ᠠᠴᠠ ᠡᠬᠢᠯᠡᠨ ᠡᠳᠦᠷ ᠲᠣᠳᠣᠮ᠎ᠤᠨ ᠠᠮᠢᠳᠣᠷᠠᠯ᠎ᠳᠤ᠎ᠨᠢ ᠲᠣᠯᠳᠠᠯ᠎ᠠ ᠬᠠᠷᠠᠭ᠋ᠠᠯᠵᠠᠳᠠᠭ (ᠣᠴᠢᠷ᠎ᠨᠢ ᠡᠪᠡᠳᠴᠢᠳᠡᠨ᠎ᠤ ᠬᠠᠵᠠᠭᠣ᠎ᠳᠤ ᠬᠡᠷ᠎ᠤᠨ ᠬᠦᠮᠦᠰ᠎ᠨᠢ ᠨᠢᠬᠡ ᠴᠦ᠍ ᠪᠠᠢ᠌ᠬᠣ ᠦᠬᠡᠢ)᠃ ᠡᠪᠡᠳᠴᠢᠳᠡᠨ᠎ᠤ ᠪᠡᠶ᠎ᠡ ᠵᠢᠨ ᠲᠣᠯᠠᠭ᠋ᠠᠠ᠎ᠠᠴᠠ ᠭᠠᠳᠠᠨ᠎ᠠ ᠵᠢᠷᠦᠬᠡᠨ᠎ᠤ ᠴᠣᠬᠢᠯᠭ᠎ᠠ᠂ ᠪᠦᠬᠡᠮ ᠬᠦᠴᠢᠯ ᠪᠠ ᠴᠢᠰᠣᠨ ᠲᠣᠳᠣᠷᠠᠬᠢ ᠬᠦᠴᠢᠯᠳᠦᠢ᠍ᠷᠦᠭᠴᠢ ᠵᠢᠨ ᠬᠡᠮᠵᠢᠶ᠎ᠡ ᠵᠢ ᠴᠦ᠍ ᠪᠠᠢ᠌ᠴᠠᠭ᠋ᠠᠨ ᠬᠡᠮᠵᠢᠬᠦ᠂ ᠨᠡᠯᠢᠶᠡᠳ ᠬᠦᠨᠳᠦ ᠡᠪᠡᠳᠴᠢᠳᠡᠨ᠎ᠢ ᠲᠠᠷᠣᠢ ᠎ᠳᠤ᠎ᠨᠢ ᠦᠬᠠᠨ ᠬᠣᠳᠠ ᠵᠢᠨ ᠰᠢᠶᠸ ᠾᠸ ᠡᠮᠨᠡᠯᠬᠡ ᠵᠢᠨ ᠬᠣᠷᠢᠶᠠᠨ᠎ᠳᠤ ᠰᠢᠯᠵᠢᠬᠦᠯᠬᠦ ᠁ ᠵᠡᠷᠬᠡ ᠨᠠᠷᠢᠨ ᠰᠢᠷᠢᠨ ᠮᠦᠷᠳᠡᠬᠡᠨ ᠴᠢᠬᠣᠯᠠ ᠠᠵᠢᠯ᠎ᠢ ᠬᠠᠷᠢᠭᠣᠴᠠᠳᠠᠭ ᠪᠠᠢ᠌ᠯ᠎ᠠ᠃ ᠲᠡᠬᠦᠨ᠎ᠤ ᠬᠠᠴᠠᠷ᠎ᠲᠤ  ᠬᠡᠳᠦᠢ᠌ᠨ᠎ᠤ ᠠᠮᠠᠪᠴᠢ ᠵᠢᠨ ᠣᠭᠣᠰᠣᠷ᠎ᠤᠨ ᠣᠷᠣ ᠣᠯᠠᠢ᠌ᠳᠠᠯ᠎ᠠ ᠰᠢᠬᠢᠳᠴᠦ᠂ ᠢᠬᠢᠷᠡᠬᠦᠯᠦᠨ ᠵᠠᠭ᠋ᠠᠳᠣᠨᠠᠭᠣᠯᠣᠨ᠎ᠠ᠂ ᠬᠣᠶᠠᠷ ᠬᠦᠯ᠎ᠳᠤ᠎ᠨᠢ ᠬᠦᠬᠡᠪᠦᠷᠢ ᠰᠠᠭᠣᠵᠣ ᠡᠪᠡᠳᠬᠡᠨ᠎ᠡ᠃
   ᠬᠣᠸᠠᠩ ᠣᠶᠣᠩᠭᠣᠸ᠎ᠠ ᠴᠢᠩᠭᠡᠯᠢᠭ  ᠡᠮᠨᠡᠯᠬᠡ ᠵᠢᠨ ᠬᠣᠷᠢᠶ᠎ᠠ᠎ᠳᠤ ᠬᠦᠷᠴᠦ ᠠᠵᠢᠯᠯᠠᠬᠣ ᠦᠶ᠎ᠡ᠎ᠳᠤ ᠬᠢᠵᠢᠭ᠎ᠤᠨ ᠪᠠᠢ᠌ᠳᠠᠯ ᠨᠡᠯᠢᠶᠡᠳ ᠬᠦᠨᠳᠦ ᠨᠣᠴᠢᠳᠠᠢ᠂ ᠡᠮᠨᠡᠯᠬᠡ᠎ᠳᠤ ᠨᠡᠢ᠌ᠳᠡ 1160 ᠡᠪᠡᠳᠴᠢᠳᠡᠨ ᠡᠮᠨᠡᠬᠦᠯᠵᠦ ᠪᠠᠢ᠌ᠯ᠎ᠠ᠃ ᠱᠠᠨ ᠰᠢ ᠲᠣᠭᠣᠷᠢᠭ᠂ ᠭᠦᠢ᠍ᠵᠸᠣ ᠲᠣᠭᠣᠷᠢᠭ᠂ ᠦᠪᠦᠷ ᠮᠣᠩᠭᠣᠯ ᠲᠣᠭᠣᠷᠢᠭ ᠁ ᠬᠡᠵᠦ ᠲᠣᠭᠣᠷᠢᠭ ᠬᠣᠪᠢᠶᠠᠨ ᠬᠠᠷᠢᠭᠣᠴᠠᠯᠭ᠎ᠠ ᠲᠣᠳᠣᠷᠬᠠᠢ᠂ ᠬᠠᠮᠢᠶᠠᠷᠣᠯᠳᠠ ᠴᠢᠩᠭ᠎ᠠ ᠡᠮᠨᠡᠵᠦ ᠪᠠᠢ᠌ᠭᠰᠠᠨ ᠶᠣᠮ᠃ ᠠᠩᠬ᠎ᠠ ᠡᠬᠢᠨ᠎ᠳᠤ᠎ᠪᠠᠨ ᠦᠪᠦᠷ ᠮᠣᠩᠭᠣᠯ᠎ᠤᠨ ᠲᠣᠭᠣᠷᠢᠭ᠎ᠤᠨ ᠰᠣᠪᠢᠯᠠᠭᠴᠢ ᠪᠦᠷᠢ ᠭᠣᠴᠢ ᠭᠠᠷᠣᠢ ᠡᠪᠡᠳᠴᠢᠳᠡᠨ᠎ᠢ ᠬᠠᠷᠢᠭᠣᠴᠠᠨ ᠰᠣᠪᠢᠯᠠᠳᠠᠭ ᠪᠠᠢ᠌ᠯ᠎ᠠ᠃ ᠡᠮᠴᠢ ᠰᠣᠪᠢᠯᠠᠭᠴᠢᠳ᠎ᠤᠨ ᠨᠠᠷᠢᠨ ᠨᠢᠮᠪᠠᠢ ᠲᠣᠳᠣᠮᠳᠠᠯᠭ᠎ᠠ ᠲᠣᠣᠷ᠎ᠠ ᠡᠪᠳᠴᠢᠨ᠎ᠨᠢ  ᠢᠯᠠᠷᠢᠰᠢᠵᠤ ᠡᠮᠨᠡᠯᠬᠡ᠎ᠠᠴᠠ ᠭᠠᠷᠬᠣ ᠡᠪᠡᠳᠴᠢᠳᠡᠨ᠎ᠤ ᠲᠣᠭ᠎ᠠ ᠡᠳᠦᠷ ᠢᠷᠡᠬᠦᠶ᠎ᠡ ᠨᠡᠮᠡᠭᠳᠡᠨ᠎ᠡ᠃  ᠢᠯᠠᠷᠢᠰᠢᠭᠰᠠᠨ ᠡᠪᠡᠳᠴᠢᠳᠡᠨ ᠡᠮᠨᠡᠯᠬᠡ᠎ᠠᠴᠠ ᠭᠠᠷᠬᠣ᠎ᠠᠴᠠ᠎ᠪᠠᠨ ᠡᠮᠦᠨ᠎ᠡ ᠴᠢᠩ ᠰᠡᠳᠬᠢᠯ᠎ᠤᠨ  ᠪᠠᠶᠠᠷ ᠲᠠᠯᠠᠷᠬᠠᠯ᠎ᠤᠨ ᠦᠬᠡ᠎ᠪᠠᠨ ᠶᠠᠷᠢᠬᠣ ᠵᠢ ᠎ᠨᠢ ᠰᠣᠨᠣᠰᠬᠣ ᠪᠦᠷᠢ ᠬᠣᠸᠠᠩ ᠣᠶᠣᠩᠭᠣᠸ᠎ᠠ ᠲᠦᠢ᠍ᠯ ᠵᠶ᠋ᠠᠷ ᠣᠮᠣᠭᠰᠢᠨ ᠪᠠᠶᠠᠰᠴᠣ᠂ ᠦᠪᠡᠷ᠎ᠤᠨ ᠪᠡᠶ᠎ᠡ᠎ᠳᠤ᠎ᠪᠠᠨ ᠨᠡᠩ ᠢᠳᠡᠬᠡᠯ ᠲᠡᠬᠦᠯᠳᠡᠷ ᠪᠣᠯᠳᠠᠭ᠃ ᠣᠳᠣᠭ᠎ᠠ ᠦᠬᠡᠢ ᠲᠠᠢ᠌ᠨ᠎ᠤ ᠹᠷᠣᠨᠲ᠎ᠲᠤ ᠲᠡᠷᠡ ᠡᠳᠦᠷ ᠪᠦᠷᠢ ᠡᠷᠡᠮᠡᠬᠡᠢ᠌ᠯᠡᠨ ᠠᠵᠢᠯᠯᠠᠭᠰᠠᠭ᠋ᠠᠷ ᠪᠠᠢ᠌ᠯ᠎ᠠ᠃
 
    ᠬᠠᠪᠣᠷ᠎ᠤᠨ ᠣᠷᠢ ᠰᠢᠭ᠋ ᠲᠣᠯᠠᠭ᠋ᠠᠨ ᠠᠮᠢᠰᠬᠣᠯ ᠡᠪᠡᠳᠴᠢᠳᠡᠨ᠎ᠤ ᠲᠠᠰᠣᠭ᠎ᠲᠤ ᠦᠷᠬᠦᠯᠵᠢ ᠲᠣᠬᠢᠶᠠᠳᠠᠭ
  

    ᠣᠷᠣᠢ ᠵᠢᠨ ᠠᠷᠪᠠᠨ ᠴᠠᠭ ᠦᠩᠬᠡᠷᠡᠴᠢᠬᠡᠬᠡᠳ ᠪᠠᠢ᠌ᠯ᠎ᠠ᠃ ᠬᠣᠸᠠᠩ ᠣᠶᠣᠩᠭᠣᠸ᠎ᠠ ᠣᠷᠣᠢ ᠵᠢᠨ ᠡᠬᠡᠯᠵᠢ᠎ᠪᠠᠷ ᠡᠪᠡᠳᠴᠢᠳᠡᠨ᠎ᠤ ᠪᠡᠶ᠎ᠡ ᠵᠢᠨ  ᠳᠤᠯᠠᠭ᠋ᠠᠨ᠎ᠢ ᠬᠡᠮᠵᠢᠵᠦ ᠲᠠᠭᠣᠰᠣᠭ᠋ᠠᠳ ᠲᠡᠮᠳᠡᠭᠯᠡᠯ ᠵᠶ᠋ᠠᠨ ᠬᠢᠵᠦ ᠪᠠᠢ᠌ᠪᠠ᠃ ᠡᠪᠡᠳᠴᠢᠳᠡᠨ᠎ᠤ ᠦᠷᠦᠬᠡᠨ᠎ᠳᠤ ᠨᠢᠬᠡ ᠡᠪᠦᠬᠡᠨ ᠴᠣᠩᠬᠣ ᠨᠠᠯᠠᠵᠣ ᠭᠠᠳᠠᠭᠰᠢ ᠪᠠᠷᠠᠯᠠᠬᠣ ᠵᠢᠨ ᠲᠠᠭ᠋ᠠᠣ  ᠰᠡᠬᠦᠷᠡᠰᠦ ᠠᠯᠳᠠᠵᠣ ᠵᠣᠭᠰᠣᠨ᠎ᠠ ᠪᠢᠯᠡ᠃ ᠲᠡᠷᠡ ᠡᠪᠦᠬᠡᠨ᠎ᠤ ᠬᠠᠵᠠᠭᠣ᠎ᠳᠤ ᠬᠦᠷᠴᠦ ᠨᠠᠮ ᠲᠠᠭᠣ᠎ᠪᠠᠷ᠄ 《ᠠᠪᠠᠭ᠎ᠠ ᠡ᠂ ᠡᠳᠦᠢ ᠣᠷᠣᠢ ᠪᠣᠯᠴᠢᠬᠠᠭᠰᠠᠨ ᠪᠠᠢ᠌ᠬᠣ᠎ᠳᠤ ᠶᠠᠭ᠋ᠠᠬᠢᠭ᠋ᠠᠳ ᠣᠨᠳᠠᠵᠣ ᠠᠮᠠᠷᠠᠬᠣ ᠦᠬᠡᠢ ᠪᠣᠢ ?》 ᠬᠡᠵᠦ ᠠᠰᠠᠭᠣᠬᠣ᠎ᠳᠤ᠂ ᠡᠪᠦᠬᠡᠨ᠄ 《ᠵᠦᠬᠡᠷ ᠵᠦᠬᠡᠷ᠂ ᠬᠡᠣᠬᠡ ᠡ᠂ ᠬᠠᠷᠢᠨ ᠴᠢᠨᠦ ᠬᠡᠳᠦᠨ ᠴᠠᠭ ᠶᠠᠭ᠋ᠠᠷᠠᠯᠳᠠᠢ ᠠᠵᠢᠯᠯᠠᠭ᠋ᠠᠳ ᠲᠦᠷ ᠰᠠᠭᠣᠵᠣ ᠠᠮᠠᠷᠠᠬᠣ ᠵᠢ ᠴᠢᠨᠢ ᠣᠯᠵᠣ ᠬᠠᠷᠠᠭ᠎ᠠ ᠦᠬᠡᠢ ᠰᠢᠣ ᠳ᠋ᠠ᠂ ᠰᠣᠪᠢᠯᠠᠭᠴᠢ ᠬᠦᠮᠦᠨ᠎ᠤ ᠠᠵᠢᠯ ᠮᠦᠨ ᠴᠦ᠍ ᠠᠮᠠᠷ ᠦᠬᠡᠢ᠂ ᠡᠷᠳᠡᠬᠡᠨ ᠠᠮᠠᠷᠠᠭ᠋ᠠᠷᠠᠢ》 ᠬᠡᠵᠦ ᠬᠦᠬᠡᠷᠦᠬᠦᠢ᠌ᠯᠡᠨ ᠶᠠᠷᠢᠭᠰᠠᠨ ᠵᠶ᠋ᠠᠨ᠄ 《ᠪᠢ ᠪᠠᠢ᠌ᠰᠬᠢᠬᠡᠳ ᠠᠮᠠᠷᠠᠨ᠎ᠠ᠂ ᠲᠠ ᠰᠠᠨᠠᠭ᠎ᠠ ᠠᠮᠠᠷ ᠪᠠᠢ᠌ᠭ᠋ᠠᠷᠠᠢ》 ᠬᠡᠪᠡ᠃
    《ᠬᠢᠵᠢᠭ ᠡᠪᠡᠳᠴᠢᠨ᠎ᠳᠤ ᠨᠡᠷᠪᠡᠭᠳᠡᠭᠰᠡᠨ ᠬᠦᠮᠦᠨ ᠢᠯᠡᠬᠦᠬᠡᠨ ᠣᠨᠳᠠᠵᠣ ᠠᠮᠠᠷᠠᠬᠣ ᠴᠢᠬᠣᠯᠠᠳᠠᠢ ᠰᠢᠣ᠂ ᠨᠡᠩ ᠲᠠ ᠨᠠᠷ ᠰᠢᠭ ᠦᠳᠡᠯᠦᠬᠡ ᠨᠠᠰᠣᠨ᠎ᠤ ᠡᠪᠡᠳᠴᠢᠳᠡᠨ ᠪᠡᠶ᠎ᠡ᠎ᠪᠠᠨ ᠰᠠᠢ᠌ᠳᠣᠷ ᠰᠣᠪᠢᠯᠠᠬᠣ ᠬᠡᠷᠡᠭᠳᠡᠢ》 ᠬᠡᠵᠦ ᠬᠣᠸᠠᠩ ᠣᠶᠣᠩᠭᠣᠸ᠎ᠠ ᠨᠠᠰᠣᠳᠠᠨ᠎ᠳᠤ ᠰᠠᠨᠠᠭᠣᠯᠣᠨ ᠶᠠᠷᠢᠬᠣ᠎ᠪᠠᠷ ᠡᠪᠦᠬᠡᠨ᠎ᠤ ᠨᠢᠳᠣ᠎ᠨᠢ ᠵᠠᠢ᠌ᠷᠳᠣᠴᠢᠬᠠᠭᠰᠠᠨ᠄ 《ᠴᠢᠮ᠎ᠠ ᠵᠢ ᠬᠠᠷᠠᠭ᠋ᠠᠳ ᠪᠢ ᠬᠡᠣᠬᠡᠨ ᠵᠶ᠋ᠠᠨ ᠰᠠᠨᠠᠴᠢᠬᠠᠵᠠᠢ᠂ ᠶᠠᠭ᠋ᠠᠬᠢᠭᠰᠠᠨ ᠴᠠᠭ᠋ᠠᠪᠣᠷᠢ ᠰᠡᠳᠬᠢᠯ᠎ᠲᠠᠢ ᠰᠠᠢ᠌ᠨ ᠬᠡᠣᠬᠡᠨ ᠪᠣᠢ ᠴᠢ》 ᠬᠡᠵᠦ ᠰᠡᠳᠬᠢᠯ ᠲᠣᠭᠳᠣᠯᠣᠨ ᠶᠠᠷᠢᠪᠠ᠃ ᠲᠡᠬᠡᠬᠡᠳ ᠲᠡᠷᠡ ᠶᠠᠭ᠋ᠠᠬᠢᠭ᠋ᠠᠳ ᠡᠨᠡ ᠡᠮᠨᠡᠯᠬᠡ᠎ᠳᠤ ᠡᠪᠡᠳᠴᠢᠳᠡᠨ ᠵᠶ᠋ᠠᠷ ᠬᠦᠷᠬᠡᠭᠳᠡᠭᠰᠡᠨ ᠦᠯᠢᠬᠡᠷ ᠵᠶ᠋ᠠᠨ ᠶᠠᠷᠢᠵᠣ ᠦᠭᠪᠡ᠃
   《ᠪᠢ ᠪᠣᠯ ᠠᠵᠢᠯ᠎ᠠᠴᠠ᠎ᠪᠠᠨ ᠠᠮᠠᠷᠠᠭᠰᠠᠨ ᠠᠬᠠᠮᠠᠳ ᠺᠳᠠᠷ᠂ ᠡᠪ ᠬᠠᠮᠳᠣ ᠨᠠᠮ᠎ᠤᠨ ᠬᠡᠰᠢᠬᠦᠨ᠃ ᠵᠠᠯᠠᠭᠣ ᠨᠠᠰᠣᠨ᠎ᠠᠴᠠ᠎ᠪᠠᠨ ᠪᠠᠶ᠎ᠡ ᠲᠠᠮᠢᠷ᠎ᠤᠨ ᠪᠣᠯᠪᠠᠰᠣᠷᠠᠯ᠎ᠳᠤ ᠨᠡᠢ᠌ᠳᠡᠮ ᠣᠷᠣᠯᠴᠠᠳᠠᠭ᠎ᠠᠴᠠ ᠪᠡᠶ᠎ᠡ ᠴᠢᠬᠢᠷᠠᠭ ᠴᠢᠩᠭ᠎ᠠ᠃ ᠦᠬᠠᠨ ᠬᠣᠳᠠ᠎ᠳᠤ  ᠡᠨᠡ ᠬᠦ᠌ ᠬᠣᠣᠷᠳᠣ ᠬᠢᠵᠢᠭ ᠲᠡᠯᠬᠡᠷᠡᠵᠦ ᠡᠬᠢᠯᠡᠬᠦ᠎ᠳᠤ ᠪᠢ ᠬᠠᠮᠣᠭ ᠠᠩᠬᠠᠨ᠎ᠤ ᠰᠠᠢ᠌ᠨ ᠲᠣᠷ᠎ᠠ ᠵᠢᠨ ᠦᠢ᠍ᠯᠡᠴᠢᠯᠡᠬᠡᠨ᠎ᠤ ᠡᠩᠨᠡᠬᠡᠨ᠎ᠳᠤ ᠨᠡᠷ᠎ᠡ ᠮᠡᠳᠡᠬᠦᠯᠵᠦ ᠠᠵᠢᠯᠯᠠᠵᠠᠢ᠃ ᠲᠡᠳᠡ ᠮᠢᠨᠦ ᠪᠠᠶ᠎ᠡ ᠪᠠᠢ᠌ᠳᠠᠯ᠎ᠢ ᠦᠵᠡᠬᠡᠳ ᠦᠳᠡᠯᠦᠬᠡ ᠨᠠᠰᠣᠳᠠᠢ ᠬᠡᠮᠡᠨ ᠭᠣᠯᠣᠭᠰᠠᠨ ᠦᠬᠡᠢ ᠡᠩᠨᠡᠬᠡᠨ᠎ᠳᠤ᠎ᠪᠠᠨ ᠡᠯᠰᠡᠪᠡ᠃ ᠪᠢ ᠭᠣᠣᠯᠳᠠᠭᠣ ᠡᠪᠡᠳᠴᠢᠳᠡᠨ᠎ᠢ ᠬᠠᠮᠠᠭ᠋ᠠᠯᠠᠨ ᠬᠦᠷᠬᠡᠬᠦ ᠠᠵᠢᠯ᠎ᠳᠤ᠎ᠨᠢ ᠲᠣᠰᠠᠯᠠᠳᠠᠭ ᠪᠠᠢ᠌ᠵᠠᠢ᠃ ᠡᠨᠡ ᠣᠴᠢᠷ ᠵᠶ᠋ᠠᠨ ᠭᠠᠭᠴᠠ ᠬᠦᠭᠰᠢᠨ᠎ᠳᠤ᠎ᠪᠠᠨ ᠶᠠᠷᠢᠭᠰᠠᠨ ᠶᠣᠮ᠃ ᠬᠡᠨᠡᠳᠳᠡ ᠨᠢᠬᠡ ᠡᠳᠦᠷ ᠪᠢ ᠬᠠᠯᠠᠭᠣᠷᠠᠴᠢᠬᠠᠯ᠎ᠠ᠂ ᠪᠠᠢ᠌ᠴᠠᠭ᠋ᠠᠭᠰᠠᠨ᠎ᠤ ᠳ᠋ᠦᠩ᠎ᠳᠤ ᠰᠢᠨ᠎ᠡ ᠬᠡᠯᠪᠡᠷᠢ ᠵᠢᠨ ᠲᠢᠳᠢᠮᠯᠢᠭ ᠠᠭᠣᠰᠬᠢᠨ ᠦᠷᠪᠢᠰᠦᠯ ᠬᠡᠵᠦ ᠣᠨᠣᠰᠢᠯᠠᠭᠳᠠᠯ᠎ᠠ᠃ ᠠᠢ᠂ ᠣᠯᠣᠰ ᠬᠡᠷ᠎ᠲᠤ᠎ᠪᠠᠨ ᠵᠢᠭ᠋ᠠᠬᠠᠨ ᠴᠦ᠍ ᠬᠡᠰᠡᠨ ᠲᠣᠰᠠ ᠪᠣᠯᠣᠶ᠎ᠠ ᠬᠡᠵᠦ ᠪᠠᠢ᠌ᠭᠰᠠᠭ᠋ᠠᠷ ᠬᠠᠷᠢᠨ  ᠲᠤᠰᠢᠶ᠎ᠠ ᠪᠣᠯᠴᠢᠬᠠᠵᠠᠢ᠃ ᠲᠠᠨᠣᠰ ᠵᠶ᠋ᠠᠷ ᠡᠳᠦᠷᠵᠢᠨ ᠬᠠᠷᠠᠭ᠋ᠠᠯᠵᠠᠭᠣᠯᠣᠭ᠋ᠠᠳ ᠲᠣᠳᠣᠷ᠎ᠠ ᠲᠦᠪᠳᠡᠬᠦ ᠦᠬᠡᠢ ᠪᠠᠢ᠌ᠨ᠎ᠠ ᠰᠢᠣ᠃ ᠪᠢ ᠡᠨᠡ ᠬᠢᠵᠢᠭ᠎ᠲᠤ ᠬᠠᠯᠳᠠᠣᠷᠢᠯᠠᠭᠳᠠᠭ᠋ᠠᠳ  ᠡᠪᠡᠳᠴᠢᠨ᠎ᠠᠴᠠ ᠠᠶᠣᠭᠰᠠᠨ ᠪᠣᠰᠣ᠂ ᠬᠠᠷᠢᠨ ᠬᠡᠷ᠎ᠤᠨ ᠬᠦᠮᠦᠰ ᠮᠢᠨᠦ ᠬᠣᠢ᠌ᠨ᠎ᠠ᠎ᠠᠴᠠ ᠵᠣᠪᠠᠵᠣ ᠰᠠᠨᠠᠭ᠋ᠠᠰᠢᠷᠠᠵᠣ ᠪᠠᠢ᠌ᠭ᠎ᠠ᠎ᠳᠤ᠎ᠨᠢ ᠢᠯᠡᠬᠦᠦ ᠵᠣᠪᠠᠵᠣ ᠪᠠᠢ᠌ᠨ᠎ᠠ᠃ ᠰᠠᠢ᠌ᠨ ᠲᠣᠷ᠎ᠠ ᠵᠢᠨ ᠦᠢ᠍ᠯᠡᠴᠢᠬᠡᠨ᠎ᠤ ᠠᠵᠢᠯ ᠬᠢᠭᠰᠡᠨ᠎ᠠᠴᠠ ᠠᠪᠣᠭ᠋ᠠᠳ ᠣᠳᠣ ᠪᠣᠯᠳᠠᠯ᠎ᠠ ᠬᠡᠷ᠎ᠤᠨ ᠬᠦᠮᠦᠰ᠎ᠲᠠᠢ᠎ᠪᠠᠨ ᠠᠭᠣᠯᠵᠠᠭ᠎ᠠ ᠦᠬᠡᠢ᠃ ᠬᠡᠣᠬᠡᠳ ᠵᠶ᠋ᠠᠨ ᠰᠠᠨᠠᠴᠢᠬᠠᠯ᠎ᠠ᠂ ᠬᠦᠭᠰᠢᠨ ᠵᠶ᠋ᠠᠨ  ᠥᠷᠦ ᠡᠪᠡᠳᠴᠢᠬᠡᠯ᠎ᠡ᠃ ᠡᠨᠡ ᠶᠠᠪᠣᠭ᠎ᠠ ᠨᠠᠰᠣᠨ᠎ᠳᠤ᠎ᠪᠠᠨ ᠬᠡᠷ᠎ᠤᠨ ᠬᠦᠮᠦᠰ᠎ᠲᠤ᠎ᠪᠠᠨ ᠲᠡᠬᠡᠬᠡᠷ᠎ᠡ ᠲᠠᠷᠣᠭ᠋ᠠᠰᠣ ᠪᠣᠯᠵᠣ ᠦᠩᠬᠡᠷᠡᠬᠡ ᠦᠬᠡᠢ᠂ ᠣᠳᠣ ᠲᠡᠳᠡ ᠡᠳᠦᠷ ᠪᠦᠷᠢ ᠮᠢᠨᠦ ᠡᠪᠡᠳᠴᠢᠨ᠎ᠤ ᠲᠣᠬᠠᠢ ᠠᠰᠠᠭᠣᠵᠣ ᠰᠣᠷᠠᠵᠣ ᠯᠡ ᠪᠠᠢ᠌ᠨ᠎ᠠ᠃ ᠲᠡᠳᠡᠨ᠎ᠤ ᠰᠠᠨᠳᠣᠷᠬᠣ᠎ᠨᠢ ᠴᠦ᠍ ᠵᠦᠪ ᠡ᠂ ᠬᠢᠵᠢᠭ ᠡᠪᠡᠳᠴᠢᠨ ᠵᠶ᠋ᠠᠷ ᠡᠨᠳᠡᠵᠦ ᠪᠠᠢ᠌ᠭ᠎ᠠ ᠲᠣᠭ᠎ᠠ ᠨᠡᠮᠡᠭᠳᠡᠵᠦ ᠯᠡ ᠪᠠᠢ᠌ᠬᠣ ᠶᠣᠮ ᠴᠢᠨᠢ ᠮᠢᠨᠦ ᠬᠣᠢ᠌ᠨ᠎ᠠ᠎ᠠᠴᠠ ᠰᠠᠨᠠᠭ᠎ᠠ ᠪᠣᠯᠬᠣ᠎ᠨᠢ ᠶᠠᠷᠢᠶᠠᠨ ᠦᠬᠡᠢ ᠁  ᠬᠡᠣᠬᠡ ᠡ᠂ ᠲᠠᠨᠣᠰ ᠴᠦ᠍ ᠪᠡᠶ᠎ᠡ᠎ᠪᠠᠨ ᠢᠯᠡᠬᠦᠦ ᠭᠠᠮᠨᠠᠭ᠋ᠠᠷᠠᠢ᠂ ᠬᠢᠵᠢᠭ ᠎ᠤᠨ ᠪᠠᠺᠲᠸᠷᠢ  ᠨᠢᠳᠣ ᠦᠬᠡᠢ ᠰᠢᠣ》 ᠭᠡᠪᠡ᠃ ᠡᠪᠦᠬᠡᠨ᠎ᠤ ᠶᠠᠷᠢᠬᠣ ᠵᠢ ᠰᠣᠨᠣᠰᠴᠣ ᠪᠠᠢ᠌ᠭᠰᠠᠭ᠋ᠠᠷ ᠬᠣᠸᠠᠩ ᠣᠶᠣᠩᠭᠣᠸ᠎ᠠ ᠣᠶᠠᠷᠠᠴᠢᠬᠠᠪᠠ᠂ ᠣᠬᠢᠯᠠᠴᠢᠬᠠᠪᠠ᠃ 《ᠣᠯᠣᠰ ᠬᠡᠷ᠎ᠤᠨ ᠡᠩᠬᠡ ᠠᠮᠣᠭᠣᠯᠠᠩ᠎ᠤᠨ ᠲᠦᠯᠦᠬᠡ ᠦᠪᠡᠷ᠎ᠤᠨ ᠪᠡᠶ᠎ᠡ ᠵᠢᠨ ᠵᠣᠯ ᠵᠢᠷᠭ᠋ᠠᠯ᠎ᠢ ᠣᠭᠣᠷᠴᠣ᠂ ᠦᠳᠡᠯᠦᠬᠡ ᠪᠡᠶ᠎ᠡ᠎ᠪᠠᠨ  ᠬᠠᠢ᠌ᠬᠤᠷᠤᠯ ᠦᠬᠡᠢ ᠲᠡᠮᠡᠴᠡᠨ᠎ᠡ ᠬᠡᠭᠴᠢ ᠶᠠᠭ᠋ᠠᠬᠢᠭᠰᠠᠨ ᠡᠷᠬᠢᠮ ᠲᠡᠬᠡᠳᠦ ᠠᠵᠢᠯᠯᠠᠭ᠎ᠠ ᠪᠣᠢ᠃ ᠡᠬᠦᠨ᠎ᠲᠠᠢ ᠬᠠᠷᠢᠴᠠᠭᠣᠯᠪᠠᠯ ᠪᠢ ᠴᠢᠨᠢ ᠨᠠᠰᠣ ᠵᠠᠯᠠᠭᠣ᠂ ᠲᠣᠰᠬᠠᠢ ᠮᠡᠷᠬᠡᠵᠢᠯ᠎ᠤᠨ ᠰᠣᠪᠢᠯᠠᠭᠴᠢ ᠬᠦᠮᠦᠨ᠂ ᠮᠦᠨ ᠬᠦᠮᠦᠨ ᠪᠦᠬᠦᠨ᠎ᠤ ᠮᠠᠭᠳᠠᠭ᠋ᠠᠯ ᠰᠠᠢ᠌ᠰᠢᠶᠠᠯ ᠵᠶ᠋ᠠᠷ ᠱᠠᠩᠨᠠᠭᠣᠯᠵᠣ ᠶᠠᠪᠣᠭ᠎ᠠ᠃ ᠡᠪᠦᠬᠡᠨ᠎ᠤ ᠵᠣᠷᠢᠭ ᠰᠠᠨᠠᠭ᠎ᠠ᠎ᠲᠠᠢ ᠬᠠᠷᠢᠴᠠᠭᠣᠯᠪᠠᠯ ᠶᠣᠰᠣᠳᠠᠢ ᠢᠴᠢᠮᠡᠷ ᠶᠣᠮ》 ᠬᠡᠵᠦ ᠲᠡᠷᠡ ᠲᠣᠳᠣᠷ᠎ᠠ᠎ᠪᠠᠨ ᠪᠣᠳᠣᠪᠠ᠃ ᠡᠪᠦᠬᠡᠨ᠎ᠤ ᠦᠯᠢᠬᠡᠷ᠎ᠢ ᠰᠣᠨᠣᠰᠣᠭᠰᠠᠨ᠎ᠤ ᠲᠠᠷᠠᠭ᠎ᠠ ᠲᠡᠷᠡ  ᠦᠪᠡᠷ᠎ᠢ᠎ᠪᠠᠨ ᠨᠡᠩ ᠦᠨᠳᠦᠷ  ᠪᠠᠷᠢᠮᠵᠢᠶ᠎ᠠ᠎ᠪᠠᠷ ᠱᠠᠭ᠋ᠠᠷᠳᠠᠵᠣ᠂ ᠡᠪᠡᠳᠴᠢᠳᠡᠨ᠎ᠳᠤ ᠬᠠᠨᠳᠣᠬᠣ ᠣᠪᠣᠷ᠎ᠨᠢ ᠨᠡᠩ ᠲᠦᠯᠬᠡᠨ ᠵᠦᠬᠡᠯᠡᠨ ᠪᠣᠯᠵᠣ᠂ ᠠᠵᠢᠯ᠎ᠳᠤ᠎ᠪᠠᠨ ᠨᠡᠩ ᠢᠳᠡᠪᠬᠢᠯᠡᠬᠦ ᠪᠣᠯᠵᠠᠢ᠃
   ᠨᠢᠬᠡ ᠡᠬᠡᠯᠵᠢ ᠵᠢᠨ ᠠᠵᠢᠯ ᠵᠶ᠋ᠠᠨ ᠲᠠᠭᠣᠰᠬᠠᠭ᠋ᠠᠳ ᠠᠮᠠᠷᠠᠬᠣ ᠦᠷᠦᠬᠡᠨ᠎ᠳᠤ᠎ᠪᠠᠨ ᠪᠣᠴᠠᠬᠣ᠎ᠠᠴᠠ᠎ᠪᠠᠨ ᠡᠮᠦᠨ᠎ᠡ ᠦᠴᠦᠬᠡᠳᠦᠷ ᠰᠠᠶᠢ ᠢᠷᠡᠭᠰᠡᠨ ᠴᠧᠨ ᠣᠪᠣᠭᠳᠠᠢ ᠡᠮᠡᠭᠳᠡᠢ ᠡᠪᠡᠳᠴᠢᠳᠡᠨ᠎ᠢ ᠪᠣᠯᠭᠣᠭ᠋ᠠᠨ ᠲᠣᠬᠣᠨᠢᠭᠣᠯᠬᠣ᠎ᠪᠠᠷ ᠡᠪᠡᠳᠴᠢᠳᠡᠨ᠎ᠤ ᠦᠷᠦᠬᠡᠨ᠎ᠳᠤ᠎ᠨᠢ ᠬᠦᠷᠪᠡ᠃ ᠲᠣᠰ ᠡᠪᠡᠳᠴᠢᠳᠡᠨ ᠬᠢᠵᠢᠭ ᠡᠪᠡᠳᠴᠢᠳᠡᠨ᠎ᠳᠤ ᠬᠦᠨᠳᠦ ᠨᠡᠷᠪᠡᠭᠳᠡᠭᠰᠡᠨ ᠪᠦᠬᠡᠳ ᠣᠣᠯ᠎ᠳᠤ᠎ᠪᠠᠨ ᠬᠦᠩᠬᠡᠵᠢᠭᠰᠡᠨ᠎ᠤ ᠲᠠᠷᠠᠭ᠋ᠠᠬᠢ ᠭᠠᠩᠰᠠᠷᠠᠬᠣ ᠡᠪᠡᠳᠴᠢᠨ᠎ᠳᠤ ᠨᠡᠷᠪᠡᠭᠳᠡᠵᠦ ᠦᠩᠬᠡᠷᠡᠭᠰᠡᠨ ᠪᠦᠰᠡᠬᠦᠢ ᠶᠣᠮ ᠬᠡᠨ᠎ᠡ᠃  ᠡᠢ᠌ᠮᠷᠦᠬᠦᠦ ᠡᠪᠡᠳᠴᠢᠨ᠎ᠳᠤ ᠨᠡᠷᠪᠡᠭᠳᠡᠭᠰᠡᠨ ᠬᠦᠮᠦᠨ ᠪᠣᠯ ᠶᠡᠷᠦ  ᠤᠷᠮ᠎ᠠ ᠰᠡᠳᠬᠢᠯ᠎ᠨᠢ ᠲᠣᠭᠳᠠᠪᠣᠷᠢ ᠦᠬᠡᠢ᠂ ᠶᠠᠷᠢᠶ᠎ᠠ ᠶᠠᠩᠰᠢᠶ᠎ᠠ᠂ ᠡᠪ ᠦᠬᠡᠢ᠌ᠳᠡᠪᠡᠯ ᠡᠯᠳᠡᠪ ᠵᠶ᠋ᠠᠷ ᠬᠠᠰᠬᠢᠷᠴᠣ ᠴᠣᠣᠬᠢᠭᠣᠯᠳᠠᠭ ᠶᠣᠮ᠃ ᠦᠴᠦᠬᠡᠳᠦᠷ ᠡᠪᠡᠳᠴᠢᠳᠡᠨ᠎ᠤ ᠦᠷᠦᠬᠡᠨ᠎ᠳᠤ ᠬᠦᠷᠬᠡᠭᠳᠡᠨ ᠢᠷᠡᠬᠦ᠎ᠳᠤ᠎ᠪᠠᠨ᠄ 《ᠨᠠᠮ᠎ᠠ ᠵᠢ ᠶᠠᠭᠣᠨ᠎ᠳᠤ ᠡᠨᠳᠡ ᠠᠪᠴᠢᠷᠠᠵᠣ ᠬᠣᠷᠢᠭᠰᠠᠨ ᠶᠣᠮ ᠪᠣᠢ? ᠡᠪ ᠡᠷᠡᠬᠦᠯ᠂ ᠰᠠᠪ ᠰᠠᠷᠠᠭᠣᠯ ᠪᠠᠢ᠌ᠳᠠᠯ᠎ᠠ᠂ ᠡᠮᠨᠡᠯᠬᠡ᠎ᠳᠤ ᠠᠪᠴᠢᠷᠠᠭ᠋ᠠᠳ ᠲᠣᠰᠬᠠᠷᠯᠠᠴᠢᠬᠠᠵᠠᠢ᠃ ᠨᠠᠮ᠎ᠠ ᠵᠢ ᠬᠣᠷᠳᠣᠨ ᠡᠮᠨᠡᠯᠬᠡ᠎ᠠᠴᠠ ᠭᠠᠷᠭ᠎ᠠ᠂ ᠪᠢ ᠬᠡᠣᠬᠡᠳ ᠵᠶ᠋ᠠᠨ ᠰᠠᠨᠠᠵᠣ ᠪᠠᠢ᠌ᠨ᠎ᠠ᠂ ᠠᠭᠰᠢᠷᠠᠭ᠎ᠠ ᠪᠣᠯᠣᠭᠰᠠᠨ ᠠᠪᠣ ᠡᠵᠢ ᠮᠢᠨᠦ ᠬᠣᠢ᠌ᠨ᠎ᠠ᠎ᠠᠴᠠ ᠰᠠᠨᠠᠭ᠎ᠠ ᠪᠣᠯᠵᠣ ᠪᠠᠢ᠌ᠨ᠎ᠠ ᠁》 ᠬᠡᠵᠦ ᠣᠷᠢᠯᠠᠵᠣ ᠬᠠᠰᠬᠢᠷᠣᠭ᠋ᠠᠳ ᠦᠢ᠍ᠮᠡᠬᠦᠯᠦᠭᠰᠡᠨ ᠬᠡᠨ᠎ᠡ᠃ ᠣᠶᠣᠩᠭᠣᠸ᠎ᠠ ᠲᠡᠷᠡ ᠪᠦᠰᠡᠬᠦᠢ ᠵᠢᠨ ᠬᠠᠵᠠᠭᠣ᠎ᠳᠤ ᠬᠦᠷᠬᠦ᠎ᠳᠤ ᠣᠷᠮ᠎ᠠ ᠰᠡᠳᠬᠢᠯᠬᠡ᠎ᠨᠢ ᠨᠡᠯᠢᠶᠡᠳ ᠲᠣᠭᠳᠠᠪᠣᠷᠢᠳᠠᠢ ᠪᠠᠢ᠌ᠯ᠎ᠠ᠃᠄ 《ᠡᠬᠡᠴᠢ ᠡ᠂ ᠲᠠ ᠶᠠᠮᠠᠷ ᠱᠠᠭ᠋ᠠᠷᠳᠠᠯᠭ᠎ᠠ ᠪᠠᠢ᠌ᠪᠠᠯ ᠡᠷᠡᠬᠡ ᠦᠬᠡᠢ ᠲᠣᠷᠠᠳᠣᠭ᠋ᠠᠷᠠᠢ᠃ ᠪᠢ ᠲᠠᠨ᠎ᠤ  ᠪᠤᠬᠢᠨᠢᠳᠤᠯ᠎ᠢ ᠣᠢ᠌ᠯᠠᠭ᠋ᠠᠵᠣ ᠪᠠᠢ᠌ᠨ᠎ᠠ᠂ ᠠᠩᠭ᠎ᠠ ᠬᠡᠣᠬᠡᠳ᠎ᠠᠴᠠ᠎ᠪᠠᠨ ᠰᠠᠯᠣᠭ᠋ᠠᠳ ᠡᠨᠳᠡ  ᠲᠤᠰᠠᠭ᠋ᠠᠷᠯᠠᠭᠳᠠᠨ᠎ᠠ ᠬᠡᠳᠡᠭ ᠠᠮᠠᠷ ᠦᠦ ᠳ᠋ᠠ᠃ ᠪᠢ ᠪᠠᠰᠠ ᠭᠣᠷᠪᠠᠨ ᠨᠠᠰᠣᠳᠠᠢ ᠬᠦᠣ᠎ᠪᠠᠨ ᠬᠠᠶᠠᠭ᠋ᠠᠳ ᠡᠨᠳᠡ ᠰᠣᠪᠢᠯᠠᠭᠴᠢ᠎ᠪᠠᠷ ᠢᠷᠡᠭᠰᠡᠨ ᠰᠢᠣ᠃ ᠬᠡᠣᠬᠡᠳ ᠵᠶ᠋ᠠᠨ ᠰᠠᠨᠠᠬᠣ ᠵᠣᠪᠠᠯᠠᠩ᠎ᠢ ᠣᠢ᠌ᠯᠠᠭ᠋ᠠᠬᠣ ᠦᠬᠡᠢ ᠶᠠᠭ᠋ᠠᠬᠢᠬᠣ ᠪᠣᠢ᠃ ᠡᠮᠴᠢ ᠰᠣᠪᠢᠯᠠᠭᠴᠢ ᠵᠢᠨ  ᠲᠣᠳᠤᠮᠳᠠᠯᠭ᠎ᠠ᠎ᠪᠠᠷ ᠪᠠᠶ᠎ᠡ᠎ᠪᠠᠨ ᠰᠣᠪᠢᠯᠠᠪᠠᠯ ᠣᠳᠠᠯ ᠦᠬᠡᠢ ᠡᠷᠡᠬᠦᠯᠵᠡᠬᠡᠳ᠂ ᠬᠡᠷ᠎ᠤᠨ ᠬᠦᠮᠦᠰ᠎ᠲᠠᠢ᠎ᠪᠠᠨ ᠵᠣᠯᠭ᠋ᠠᠴᠢᠬᠠᠬᠣ ᠶᠣᠮ ᠁》 ᠬᠡᠵᠦ ᠲᠣᠬᠣᠭᠣᠨᠢᠭᠣᠯᠣᠨ ᠶᠠᠷᠢᠭ᠋ᠠᠳ ᠭᠠᠷᠬᠣ ᠦᠶᠡᠰ᠎ᠲᠤ᠎ᠪᠠᠨ ᠨᠢᠳᠣᠷᠭ᠎ᠠ᠎ᠪᠠᠨ ᠵᠠᠩᠬᠢᠳᠣᠨ᠄ 《ᠴᠢᠷᠮᠠᠢ!》 ᠬᠡᠰᠡᠨ ᠦᠬᠡ᠎ᠪᠠᠨ ᠲᠠᠭᠣᠨ ᠦᠬᠡᠢ ᠢᠯᠡᠳᠬᠡᠪᠡ᠃ ᠲᠡᠬᠡᠬᠡᠳ ᠪᠠᠰᠠ ᠰᠠᠨᠠᠭ᠎ᠠ  ᠠᠮᠤᠷ ᠦᠬᠡᠢ ᠲᠠᠷᠠᠭ᠋ᠠᠴᠢ ᠵᠢᠨ ᠡᠬᠡᠯᠵᠢ ᠰᠣᠪᠢᠯᠠᠭᠴᠢ᠎ᠳᠤ᠄ 《21 ᠨᠣᠮᠸᠷᠳᠦ ᠦᠷᠦᠬᠡᠨ᠎ᠤ 14 ᠳ᠋ᠣᠭ᠋ᠠᠷ ᠣᠷᠣ ᠵᠢᠨ ᠴᠧᠨ ᠣᠪᠣᠭᠳᠠᠢ ᠪᠦᠰᠡᠬᠦᠢ ᠵᠢᠨ ᠣᠷᠮ᠎ᠠ ᠰᠡᠳᠬᠢᠯᠬᠡ᠎ᠨᠢ ᠲᠣᠭᠳᠠᠪᠣᠷᠢ ᠦᠬᠡᠢ ᠪᠠᠢ᠌ᠨ᠎ᠠ᠂ ᠵᠠᠪᠠᠯ ᠢᠯᠡᠬᠦᠦ ᠲᠣᠬᠣᠭᠣᠨᠢᠭᠣᠯᠣᠨ ᠪᠣᠯᠭᠣᠭ᠋ᠠᠵᠣ ᠠᠰᠠᠷᠠᠬᠣ ᠴᠢᠬᠣᠯᠠᠳᠠᠢ ᠰᠢᠣ》 ᠬᠡᠵᠦ ᠲᠣᠰᠢᠶᠠᠵᠣ ᠪᠠᠷᠠᠭ᠋ᠠᠳ ᠰᠠᠶᠢ ᠦᠪᠡᠷ᠎ᠤᠨ ᠪᠠᠢ᠌ᠷᠢ᠎ᠳᠤ᠎ᠪᠠᠨ ᠪᠣᠴᠠᠪᠠ᠃ ᠢᠩᠬᠢᠵᠦ ᠨᠠᠷᠢᠨ ᠨᠢᠮᠪᠠᠢ ᠰᠣᠪᠢᠯᠠᠨ ᠲᠣᠳᠣᠮᠳᠠᠭᠰᠠᠨ᠎ᠤ ᠠᠴᠢ᠎ᠪᠠᠷ ᠴᠧᠨ ᠣᠪᠣᠭᠳᠣ ᠪᠦᠰᠡᠬᠦᠢ ᠣᠳᠠᠯ ᠦᠬᠡᠢ ᠡᠷᠡᠬᠦᠯᠵᠢᠵᠦ᠂ ᠰᠠᠨᠠᠭ᠎ᠠ ᠰᠡᠳᠬᠢᠯ᠎ᠨᠢ ᠴᠦ᠍ ᠮᠠᠰᠢ ᠣᠷᠮᠠᠰᠢᠨ ᠰᠠᠷᠠᠭᠣᠯᠵᠢᠭᠰᠠᠨ ᠶᠣᠮ᠃ ᠲᠡᠷᠡ ᠡᠮᠨᠡᠯᠬᠡ᠎ᠠᠴᠠ ᠭᠠᠷᠬᠣ᠎ᠠᠴᠠ ᠡᠮᠦᠨ᠎ᠡ᠄ 《ᠬᠣᠸᠠᠩ ᠰᠣᠪᠢᠯᠠᠭᠴᠢ ᠡ᠂ ᠲᠨᠨ᠎ᠤ ᠦᠨᠡᠨ ᠰᠡᠳᠬᠢᠯ᠎ᠤᠨ ᠬᠠᠢ᠌ᠷ᠎ᠠ ᠲᠣᠳᠣᠮᠳᠠᠯᠭ᠎ᠠ᠎ᠳᠤ ᠪᠠᠶᠠᠷᠯᠠᠯ᠎ᠠ᠂ ᠮᠣᠩᠭᠣᠯ ᠪᠦᠰᠡᠬᠦᠢ ᠵᠢᠨ ᠠᠷᠢᠭᠣᠨ ᠴᠠᠭ᠋ᠠᠨ ᠰᠡᠳᠬᠢᠯ᠎ᠳᠤ ᠴᠢᠨᠢ ᠮᠠᠨ᠎ᠤ ᠲᠠᠰᠣᠭ᠎ᠤᠨ ᠡᠪᠡᠳᠴᠢᠳᠡᠳ ᠴᠢᠩ ᠰᠡᠳᠬᠢᠯ᠎ᠠᠴᠠ᠎ᠪᠠᠨ ᠪᠠᠶᠠᠷᠯᠠᠵᠣ ᠲᠠᠯᠠᠷᠬᠠᠵᠣ ᠪᠠᠢ᠌ᠨ᠎ᠠ ᠰᠢᠣ》 ᠬᠡᠵᠦ ᠮᠠᠰᠢ ᠲᠣᠭᠳᠣᠯᠣᠨ ᠶᠠᠷᠢᠯ᠎ᠠ᠃ ᠡᠪᠡᠳᠴᠢᠳᠡᠨ᠎ᠤ ᠡᠷᠡᠬᠦᠯᠵᠢᠯ ᠪᠡ ᠦᠨᠡᠨᠴᠢᠬᠡᠨ ᠲᠠᠯᠠᠷᠬᠠᠯ᠎ᠤᠨ ᠦᠬᠡ᠎ᠨᠢ ᠬᠣᠸᠠᠩ ᠣᠶᠣᠩᠭᠣᠸ᠎ᠠ᠎ᠳᠤ ᠠᠪᠴᠣ ᠬᠡᠯᠡᠪᠡᠯ ᠡᠬᠦᠨ᠎ᠠᠴᠠ ᠢᠯᠡᠬᠦᠦ ᠣᠯᠵᠠᠭᠣᠷᠬᠠᠭᠣᠰᠢᠳᠠᠢ ᠣᠴᠢᠷ ᠠᠯᠠᠭ᠎ᠠ ᠳ᠋ᠠ᠃ ᠲᠡᠷᠡ ᠢᠩᠬᠢᠵᠦ ᠯᠡ ᠣᠯᠵᠠᠭᠣᠷᠬᠠᠨ ᠪᠠᠶᠠᠰᠴᠣ᠂ ᠣᠷᠮᠠᠰᠢᠨ ᠵᠣᠷᠢᠭᠵᠢᠵᠣ᠂ ᠡᠳᠡᠪᠬᠢᠯᠡᠨ ᠠᠵᠢᠯᠯᠠᠵᠣ ᠯᠡ ᠪᠠᠢ᠌ᠯ᠎ᠠ᠃
   ᠦᠬᠠᠨ᠎ᠤ ᠵᠢᠶᠠᠩ ᠬᠠᠨ ᠲᠣᠭᠣᠷᠢᠭ᠎ᠤᠨ ᠴᠢᠩᠭᠡᠯᠢᠭ ᠡᠮᠨᠡᠯᠬᠡ ᠵᠢᠨ ᠬᠣᠷᠢᠶᠠᠨ᠎ᠳᠤ᠂ ᠦᠬᠠᠨ᠎ᠢ ᠲᠣᠰᠠᠯᠠᠬᠣ ᠦᠪᠦᠷ ᠮᠣᠩᠭᠣᠯ᠎ᠤᠨ ᠬᠣᠶᠠᠳᠣᠭ᠋ᠠᠷ ᠡᠮᠨᠡᠨ ᠵᠠᠰᠠᠬᠣ ᠲᠣᠭᠣᠢ᠌ᠯᠠᠩ᠎ᠤᠨ᠎ᠬᠢᠨ ᠬᠢᠵᠢᠭ᠎ᠲᠠᠢ ᠲᠡᠮᠡᠴᠡᠬᠦ ᠡᠮᠦᠨ᠎ᠡ ᠹᠷᠣᠨᠲ ᠎ᠲᠤ ᠪᠦᠬᠦᠯᠢ 44 ᠡᠳᠦᠷ ᠭᠠᠪᠰᠢᠭ᠋ᠠᠢ᠌ᠯᠠᠨ ᠠᠵᠢᠯᠯᠠᠵᠣ᠂ ᠨᠡᠢ᠌ᠳᠡ 1760 ᠬᠦᠮᠦᠨ᠎ᠢ ᠬᠦᠯᠢᠶᠡᠨ ᠠᠪᠴᠣ᠂ ᠬᠢᠵᠢᠭ᠎ᠲᠤ ᠬᠠᠯᠳᠠᠪᠣᠷᠢᠯᠠᠭᠳᠠᠭᠰᠠᠨ 361 ᠡᠪᠡᠳᠴᠢᠳᠡᠨ᠎ᠢ ᠪᠦᠷᠢᠮᠦᠰᠦᠨ ᠡᠷᠡᠬᠦᠯᠵᠢᠬᠦᠯᠵᠡᠢ᠃ ᠬᠣᠪᠸᠢ ᠵᠢ ᠲᠣᠰᠠᠯᠠᠨ ᠦᠬᠠᠨ᠎ᠢ ᠲᠡᠮᠵᠢᠵᠦ ᠬᠢᠵᠢᠭ᠎ᠲᠠᠢ ᠲᠡᠮᠡᠴᠡᠬᠦ ᠠᠵᠢᠯ᠎ᠳᠤ᠎ᠪᠠᠨ ᠲᠡᠳᠡ ᠲᠡᠬᠡᠳᠦ ᠬᠡᠮᠵᠢᠶᠡᠨ᠎ᠤ ᠬᠠᠷᠢᠭᠣᠴᠠᠯᠭ᠋ᠠᠳᠣ ᠣᠪᠣᠷ ᠵᠶ᠋ᠠᠷ ᠬᠠᠨᠳᠣᠵᠣ᠂  ᠬᠢᠵᠢᠭ ᠎ᠲᠤ ᠬᠠᠯᠳᠠᠪᠤᠷᠢᠯᠠᠭᠳᠠᠭ᠎ᠠ ᠦᠬᠡᠢ᠂ ᠦᠬᠥᠯ ᠡᠨᠳᠡᠯ ᠦᠬᠡᠢ ᠵᠢ ᠪᠠᠳᠣᠯᠠᠵᠣ ᠴᠢᠳᠠᠭᠰᠠᠨ ᠵᠶ᠋ᠠᠷ ᠲᠣᠪᠣᠢ᠌ᠮ᠎ᠠ ᠠᠮᠵᠢᠯᠳᠠ ᠭᠠᠷᠭ᠋ᠠᠨ ᠦᠪᠦᠷ ᠮᠣᠩᠭᠣᠯ᠎ᠤᠨ ᠢᠷᠠᠭᠣ ᠠᠯᠳᠠᠷ ᠵᠶ᠋ᠠᠨ  ᠪᠦᠬᠦ ᠣᠯᠣᠰ᠎ᠤᠨ ᠬᠡᠪᠴᠢᠶᠡᠨ᠎ᠳᠤ ᠲᠠᠭᠣᠷᠢᠰᠣᠭᠣᠯᠵᠠᠢ᠃

   

   ᠦᠩᠬᠡ ᠬᠡᠷᠡᠯ᠂ ᠢᠷᠠᠭᠣ ᠠᠯᠳᠠᠷ᠎ᠤᠨ ᠡᠮᠦᠨ᠎ᠡ ᠡᠬᠦᠷᠬᠡ ᠬᠠᠷᠢᠭᠣᠴᠠᠯᠭ᠎ᠠ ᠎ᠨᠢ ᠨᠡᠩ ᠬᠦᠨᠳᠦ ᠪᠣᠯᠳᠠᠭ
  

   ᠬᠣᠸᠠᠩ ᠣᠶᠣᠩᠭᠣᠸ᠎ᠠ ᠬᠠᠮᠳᠣ ᠠᠵᠢᠯᠯᠠᠭᠰᠠᠳ᠎ᠲᠠᠢ᠎ᠪᠠᠨ ᠡᠬᠦᠷᠬᠡ᠎ᠪᠠᠨ ᠠᠮᠵᠢᠯᠳᠠ᠎ᠲᠠᠢ ᠪᠡᠶᠡᠯᠡᠬᠦᠯᠦᠬᠡᠳ 3 ᠰᠠᠷ᠎ᠠ ᠵᠢᠨ 18᠎ᠤ ᠡᠳᠦᠷ ᠦᠪᠦᠷ ᠮᠣᠩᠭᠣᠯ᠎ᠳᠤ᠎ᠪᠠᠨ ᠪᠣᠴᠠᠬᠣ ᠪᠣᠯᠣᠯ᠎ᠠ᠃ ᠦᠬᠠᠨ᠎ᠠᠴᠠ ᠠᠶᠠᠷᠯᠠᠬᠣ ᠦᠶᠡᠰ ᠬᠣᠳᠠ ᠵᠢᠨ ᠠᠷᠠᠳ ᠠᠰᠠᠷ᠎ᠤᠨ ᠨᠠᠷᠠᠪᠴᠢ᠎ᠳᠤ᠎ᠪᠠᠨ ᠵᠣᠭᠰᠣᠯᠴᠠᠵᠣ᠂ ᠵᠢᠵᠢᠭ ᠣᠯᠠᠭ᠋ᠠᠨ ᠲᠣᠭ ᠵᠶ᠋ᠠᠨ ᠬᠣᠷᠣᠢ᠌ᠯᠠᠨ᠄ 《ᠬᠢᠵᠢᠭ᠎ᠲᠠᠢ ᠲᠡᠮᠡᠴᠡᠭᠰᠡᠨ ᠪᠠᠭ᠋ᠠᠳᠣᠷᠴᠣᠳ ᠮᠢᠨᠢ ᠪᠠᠶᠠᠷᠳᠠᠢ᠂ ᠡᠷᠡᠬᠦᠯ ᠡᠩᠬᠡ ᠵᠢᠨ ᠡᠯᠴᠢᠳ ᠮᠢᠨᠢ ᠪᠠᠶᠠᠷᠳᠠᠢ᠂ ᠠᠶᠠᠨ ᠵᠠᠮ᠎ᠳᠤ᠎ᠪᠠᠨ ᠮᠡᠨᠳᠦᠬᠡᠨ ᠮᠣᠷᠳᠠᠭ᠋ᠠᠷᠠᠢ!》 ᠬᠡᠰᠡᠨ ᠴᠢᠩ ᠰᠡᠳᠬᠢᠯ᠎ᠤᠨ ᠦᠳᠡᠯᠳᠡ᠎ᠪᠠᠷ ᠮᠣᠷᠳᠠᠭᠣᠯᠵᠣ ᠪᠢᠯᠡ᠃ ᠬᠣᠸᠠᠩ ᠣᠶᠣᠩᠭᠣᠸ᠎ᠠ ᠲᠣᠰ ᠡᠳᠦᠷ᠎ᠲᠤ᠎ᠪᠠᠨ ᠣᠷᠳᠣᠰ ᠬᠣᠳᠠ᠎ᠳᠤ ᠬᠦᠷᠴᠦ᠂ ᠬᠢᠵᠢᠭ᠎ᠢ ᠰᠡᠷᠬᠡᠢ᠌ᠯᠡᠬᠦ ᠲᠦᠷᠢᠮ ᠶᠣᠰᠣ᠎ᠪᠠᠷ 14 ᠬᠣᠨᠣᠭ᠎ᠤᠨ  ᠲᠤᠰᠠᠭ᠋ᠠᠷᠯᠠᠯᠲᠠ ᠵᠢ ᠬᠦᠯᠢᠶᠡᠯ᠎ᠡ᠃ 4  ᠳ᠋ᠦ᠍ᠭᠡᠷ ᠰᠠᠷ᠎ᠠ ᠵᠢᠨ 1᠎ᠤ ᠡᠳᠦᠷ ᠲᠤᠰᠠᠭ᠋ᠠᠷᠯᠠᠯᠲᠠ ᠵᠢᠨ ᠬᠣᠭᠣᠴᠠᠭ᠎ᠠ᠎ᠪᠠᠨ ᠲᠠᠭᠣᠰᠬᠠᠬᠠᠳ ᠣᠯᠠᠭ᠋ᠠᠭᠬᠣᠳᠠ᠎ᠳᠤ ᠬᠦᠷᠬᠦ᠎ᠳᠤ ᠠᠢ᠌ᠮᠠᠭ᠎ᠤᠨ ᠬᠠᠮᠢᠶ᠎ᠠ ᠪᠦᠬᠦᠢ ᠣᠳᠣᠷᠢᠳᠣᠯᠭ᠎ᠠ ᠨᠠᠷ ᠨᠢᠰᠬᠡᠯ᠎ᠤᠨ ᠪᠠᠭᠣᠳᠠᠯ᠎ᠳᠤ ᠬᠦᠷᠦᠯᠴᠡᠨ ᠣᠴᠢᠵᠣ ᠦᠬᠠᠨ᠎ᠳᠤ ᠬᠦᠷᠴᠦ ᠬᠢᠵᠢᠭ᠎ᠲᠠᠢ ᠲᠡᠮᠡᠴᠡᠭᠰᠡᠨ ᠡᠮᠴᠢ ᠰᠣᠪᠢᠯᠠᠭᠴᠢᠳ ᠵᠶ᠋ᠠᠨ ᠣᠭᠳᠣᠬᠣ ᠶᠣᠰᠣᠯᠠᠯ ᠬᠢᠵᠡᠢ᠃ ᠬᠣᠸᠠᠩ ᠣᠶᠣᠩᠭᠣᠸ᠎ᠠ ᠬᠢᠩᠭ᠋ᠠᠨ ᠠᠢ᠌ᠮᠠᠭ᠎ᠤᠨ ᠲᠸᠯᠸᠢᠰ ᠬᠣᠷᠢᠶᠠᠨ᠎ᠤ ᠰᠣᠷᠪᠣᠯᠵᠢᠯᠠᠭ᠎ᠠ ᠵᠢ ᠬᠦᠯᠢᠶᠡᠵᠦ᠂ ᠰᠢᠭᠣᠳ ᠨᠡᠪᠳᠡᠷᠡᠬᠦᠯᠬᠡ᠎ᠪᠠᠷ ᠨᠣᠳᠣᠭ ᠲᠦᠮᠡᠨ᠎ᠲᠠᠢ᠎ᠪᠠᠨ ᠵᠣᠯᠭ᠋ᠠᠨ᠂ ᠪᠠᠭ᠋ᠠᠳᠣᠷᠯᠢᠭ ᠦᠢ᠍ᠯᠡ ᠠᠵᠢᠯᠯᠠᠭ᠎ᠠ᠎ᠪᠠᠨ  ᠠᠮᠵᠢᠯᠲᠠ᠎ᠲᠠᠢ ᠮᠢᠯᠢᠶᠠᠯᠭ᠋ᠠᠵᠠᠢ᠃
    ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ᠎ᠤ ᠬᠠᠮᠢᠶ᠎ᠠ ᠪᠦᠬᠦᠢ ᠣᠳᠣᠷᠢᠳᠣᠯᠭ᠎ᠠ ᠨᠡᠷ ᠴᠦ᠍ ᠨᠢᠰᠬᠡᠯ᠎ᠤᠨ ᠪᠠᠭᠣᠳᠠᠯ᠎ᠳᠤ ᠠᠮᠵᠢᠨ ᠬᠦᠷᠴᠦ᠂ ᠬᠣᠸᠠᠩ ᠣᠶᠣᠩᠭᠣᠸ᠎ᠠ ᠵᠢ ᠣᠭᠳᠣᠨ ᠠᠪᠣᠯ᠎ᠠ᠃ ᠲᠡᠳᠡ ᠲᠠᠭᠣᠨ ᠨᠢᠬᠡᠳᠡᠢ᠎ᠪᠠᠷ 《ᠮᠠᠨ᠎ᠤ  ᠡᠮᠡᠭᠳᠡᠢ ᠪᠠᠭ᠋ᠠᠳᠣᠷ ᠢᠯᠠᠯᠳᠠ ᠣᠯᠣᠭ᠋ᠠᠳ ᠢᠷᠡᠯ᠎ᠡ᠂ ᠪᠠᠶᠠᠷᠯᠠᠨ ᠣᠭᠳᠣᠶ᠎ᠠ》 ᠬᠡᠵᠦ ᠣᠷᠢᠶᠠᠯᠠᠨ᠂ ᠰᠣᠷᠭᠣᠭ ᠴᠡᠴᠡᠭ ᠬᠦᠷᠬᠡᠵᠦ 《ᠦᠬᠠᠨ᠎ᠢ ᠲᠡᠮᠵᠢᠨ ᠬᠢᠵᠢᠭ᠎ᠲᠠᠢ ᠲᠡᠮᠡᠴᠡᠨ ᠠᠮᠵᠢᠯᠳᠠ᠎ᠲᠠᠢ ᠪᠣᠴᠠᠨ ᠢᠷᠡᠭᠰᠡᠨ ᠲᠡᠮᠡᠴᠡᠭᠰᠡᠨ ᠬᠣᠸᠠᠩ ᠣᠶᠣᠩᠭᠣᠸ᠎ᠠ ᠵᠢ ᠪᠠᠶᠠᠷᠯᠠᠨ ᠣᠭᠳᠣᠶ᠎ᠠ》 ᠬᠡᠮᠡᠬᠦ  ᠬᠦᠨᠳᠡᠯᠡᠨ ᠢᠯᠡᠷᠬᠡᠢ᠌ᠯᠠᠯ ᠵᠶ᠋ᠠᠨ ᠡᠷᠬᠦᠯᠴᠡᠵᠦ ᠲᠡᠬᠦᠨ᠎ᠳᠤ ᠣᠷᠮ᠎ᠠ ᠬᠠᠢ᠌ᠷᠠᠯᠠᠨ᠎ᠠ᠃ ᠬᠣᠰᠢᠭᠣ ᠨᠣᠳᠣᠭ᠎ᠲᠤ᠎ᠪᠠᠨ ᠪᠣᠴᠠᠭᠰᠠᠨ᠎ᠤ ᠲᠠᠷᠠᠭ᠎ᠠ  ᠡᠮᠨᠡᠯᠬᠡ ᠵᠢᠨ ᠬᠣᠰᠢᠭᠣᠨ᠎ᠤ ᠠᠷᠠᠳ᠎ᠤᠨ ᠡᠮᠨᠡᠯᠬᠡ ᠵᠢᠨ ᠬᠣᠷᠢᠶᠠᠨ᠎ᠤ ᠶᠡᠬᠡ ᠲᠠᠩᠬᠢᠮ᠎ᠳᠤ ᠬᠣᠸᠠᠩ ᠣᠶᠣᠩᠭᠣᠸ᠎ᠠ ᠵᠢ ᠣᠭᠳᠣᠬᠣ ᠶᠣᠰᠣᠯᠠᠯ᠎ᠢ ᠶᠠᠪᠣᠭᠳᠠᠭᠣᠯᠪᠠ᠃  ᠬᠤᠰᠢᠭᠤᠨ᠎ᠤ ᠨᠠᠮ ᠵᠠᠰᠠᠭ᠎ᠤᠨ ᠴᠢᠬᠣᠯᠠ ᠣᠳᠣᠷᠢᠳᠣᠯᠭ᠎ᠠ ᠨᠠᠷ ᠣᠷᠣᠯᠴᠠᠵᠣ᠂  ᠲᠡᠳ᠋ ᠬᠣᠰᠢᠭᠣᠨ ᠲᠠᠷᠣᠭ᠎ᠠ ᠶᠠᠩ ᠣᠯᠠᠭ᠋ᠠᠨ ᠨᠦᠬᠦᠷ᠎ᠠᠴᠠ ᠬᠣᠷᠠᠯ᠎ᠢ ᠬᠦᠳᠦᠯᠵᠦ᠂ ᠬᠣᠰᠢᠭᠣᠨ᠎ᠤ ᠨᠠᠮ᠎ᠤᠨ ᠬᠣᠷᠢᠶ᠎ᠠ ᠵᠢᠨ ᠪᠠᠢ᠌ᠩᠭᠣ ᠵᠢᠨ ᠬᠡᠰᠢᠬᠦᠨ᠂ ᠲᠡᠳ᠋ ᠬᠣᠰᠢᠭᠣᠨ ᠲᠠᠷᠣᠭ᠎ᠠ  ᠸᠠᠩ ᠹᠧᠩ ᠧᠨ ᠨᠦᠬᠦᠷ᠎ᠠᠴᠠ ᠬᠣᠰᠢᠭᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠵᠶ᠋ᠠᠨ ᠲᠦᠯᠦᠬᠡᠯᠡᠨ ᠣᠭᠳᠣᠯᠭ᠎ᠠ ᠵᠢᠨ ᠶᠠᠷᠢᠶ᠎ᠠ  ᠲᠠᠯᠪᠢᠨ᠂ ᠬᠣᠸᠠᠩ ᠣᠶᠣᠩᠭᠣᠸ᠎ᠠ ᠵᠢᠨ ᠪᠠᠭ᠋ᠠᠳᠣᠷᠯᠢᠭ ᠦᠢ᠍ᠯᠡ ᠠᠵᠢᠯᠯᠠᠭ᠎ᠠ ᠵᠢ ᠦᠨᠳᠦᠷ ᠦᠨᠡᠯᠡᠨ ᠰᠠᠢ᠌ᠰᠢᠶᠠᠭᠰᠠᠨ ᠪᠠᠢ᠌ᠨ᠎ᠠ᠃ ᠲᠠᠷᠠᠭ᠎ᠠ᠎ᠨᠢ ᠰᠠᠭᠣᠳᠠᠯ᠎ᠤᠨ ᠬᠣᠷᠠᠯ ᠬᠢᠵᠦ᠂ ᠬᠣᠰᠢᠭᠣᠨ᠎ᠤ ᠨᠠᠮ᠎ᠤᠨ ᠬᠣᠷᠢᠶᠠᠨ᠎ᠤ ᠱᠦᠵᠢ   ᠪᠠᠢ ᠶᠦᠨ ᠬᠠᠢ ᠨᠦᠬᠦᠷ᠎ᠠᠴᠠ  ᠲᠣᠬᠣᠨᠢᠭᠣᠯᠬᠣ ᠦᠬᠡ ᠶᠠᠷᠢᠬᠣ᠎ᠳᠤ ᠣᠶᠣᠩᠭᠣᠸ᠎ᠠ᠄ 《ᠲᠠ ᠨᠠᠷ᠎ᠤᠨ ᠢᠳᠡᠬᠡᠯ ᠨᠠᠢ᠌ᠳᠠᠯ ᠪᠠᠢ᠌ᠭᠰᠠᠨ ᠦᠬᠡᠢ ᠪᠣᠯ  ᠡᠢ᠌ᠮᠦᠷᠬᠦᠦ ᠠᠷᠠᠳ ᠲᠦᠮᠡᠨ᠎ᠳᠤ᠎ᠪᠠᠨ ᠦᠢ᠍ᠯᠡᠴᠢᠯᠡᠬᠦ ᠠᠵᠠ ᠵᠠᠪᠰᠢᠶᠠᠨ᠎ᠢ ᠣᠯᠵᠣ ᠴᠢᠳᠠᠬᠣ ᠦᠬᠡᠢ᠂ ᠨᠣᠳᠣᠭ ᠣᠰᠣᠨ᠎ᠤ ᠬᠠᠯᠠᠭᠣᠨ ᠡᠯᠢᠬᠡᠳᠡᠢ ᠬᠦᠮᠦᠰ᠎ᠤᠨ ᠬᠦᠴᠦᠳᠦ ᠲᠡᠮᠵᠢᠯᠬᠡ ᠪᠠᠢ᠌ᠭᠰᠠᠨ ᠦᠬᠡᠢ ᠪᠣᠯ ᠦᠨᠦᠳᠦᠷ᠎ᠤᠨ ᠠᠮᠵᠢᠯᠳᠠ ᠵᠢ ᠣᠯᠵᠣ ᠴᠢᠳᠠᠬᠣ ᠦᠬᠡᠢ᠂ ᠠᠷᠣ ᠬᠡᠷ᠂ ᠲᠦᠷᠦᠯ ᠰᠠᠳᠣᠳ᠎ᠤᠨ ᠦᠷᠡᠭᠳᠡᠯ ᠪᠠᠢ᠌ᠭ᠎ᠠ ᠦᠬᠡᠢ ᠪᠣᠯ ᠣᠷᠣᠭᠰᠢ᠎ᠪᠠᠨ ᠨᠢᠬᠡ ᠠᠯᠬᠣᠮ ᠠᠯᠬᠣᠵᠣ ᠴᠢᠳᠠᠬᠣ ᠦᠬᠡᠢ᠃  ᠨᠠᠳᠠ᠎ᠳᠤ ᠲᠠᠯᠠᠷᠬᠠᠯ᠎ᠤᠨ ᠦᠬᠡ᠎ᠠᠴᠠ ᠣᠨᠳᠣ ᠭᠠᠢ᠌ᠬᠠᠭᠣᠯᠵᠣ ᠶᠠᠷᠢᠮᠠᠷ ᠵᠦᠢ᠍ᠯ ᠠᠯᠠᠭ᠎ᠠ᠃  ᠨᠠᠮ᠎ᠤᠨ ᠢᠪᠡᠬᠡᠯ ᠵᠶ᠋ᠠᠷ ᠲᠦᠭ ᠲᠦᠮᠡᠨ ᠬᠦᠮᠦᠨ ᠠᠮᠢ ᠨᠠᠰᠣᠨ᠎ᠤ ᠰᠦᠷᠳᠡᠬᠦᠯᠦᠯ᠎ᠠᠴᠠ ᠮᠣᠯᠳᠣᠷᠠᠭᠰᠠᠨ ᠶᠣᠮ᠃ ᠲᠡᠳᠡᠬᠡᠷ ᠠᠵᠠᠳᠠᠢ ᠬᠦᠮᠦᠰ᠎ᠤᠨ ᠨᠢᠬᠡ ᠪᠣᠯᠣᠭᠰᠠᠨ᠎ᠤ ᠬᠣᠪᠢ᠎ᠠᠴᠠ ᠨᠠᠷᠠᠨ ᠢᠪᠡᠬᠡᠯᠳᠦ ᠨᠠᠮ ᠎ᠳᠤ᠎ᠪᠠᠨ ᠶᠣᠰᠣᠯᠠᠵᠣ ᠪᠠᠢ᠌ᠨ᠎ᠠ》 ᠬᠡᠵᠦ ᠦᠨᠡᠨᠴᠢ ᠴᠠᠭ᠋ᠠᠬᠠᠨ ᠰᠡᠳᠬᠢᠯᠬᠡ᠎ᠪᠠᠨ ᠨᠢᠭᠣᠯ ᠦᠬᠡᠢ ᠲᠡᠯᠬᠡᠯ᠎ᠡ᠃ ᠡᠨᠡ ᠪᠣᠯ ᠲᠠᠷᠣᠢ ᠲᠠᠷᠣᠣᠬᠠᠨ ᠵᠠᠩ᠎ᠲᠠᠢ ᠬᠣᠸᠠᠩ ᠣᠶᠣᠩᠭᠣᠸ᠎ᠠ ᠪᠣᠯᠣᠨ᠎ᠠ᠃
   ᠬᠣᠸᠠᠩ ᠣᠶᠣᠩᠭᠣᠸ᠎ᠠ ᠵᠢᠨ ᠪᠠᠭ᠋ᠠᠳᠣᠷᠯᠢᠭ ᠦᠢ᠍ᠯᠡ ᠠᠵᠢᠯᠯᠠᠭ᠎ᠠ ᠵᠢ᠎ᠨᠢ ᠲᠡᠮᠳᠡᠭᠯᠡᠵᠦ᠂ ᠬᠣᠰᠢᠭᠣ ᠵᠠᠰᠠᠭ᠂  ᠴᠢᠨᠠᠭᠰᠢᠯᠠᠨ ᠠᠢ᠌ᠮᠠᠭ ᠣᠷᠣᠨ᠎ᠠᠴᠠ ᠣᠯᠠᠨ ᠠᠷᠪᠢᠨ ᠢᠷᠠᠭᠣ ᠠᠯᠳᠠᠷ᠎ᠤᠨ ᠦᠨᠡᠮᠯᠡᠯ ᠬᠦᠷᠳᠡᠬᠡᠵᠡᠢ᠃ ᠦᠪᠦᠷ ᠮᠣᠩᠭᠣᠯ᠎ᠤᠨ ᠡᠷᠡᠬᠦᠯ ᠬᠠᠮᠠᠭ᠋ᠠᠯᠠᠯ᠎ᠤᠨ ᠵᠦᠪᠯᠡᠯ᠎ᠠᠴᠠ 《ᠬᠣᠪᠸᠢ ᠮᠣᠵᠢ ᠵᠢ ᠲᠣᠰᠠᠯᠠᠨ᠂ ᠰᠢᠨ᠎ᠡ ᠲᠢᠲᠢᠮᠯᠢᠭ ᠠᠭᠣᠰᠬᠢᠨ ᠦᠷᠪᠢᠰᠦᠯ᠎ᠤᠨ ᠬᠢᠵᠢᠭ᠎ᠢ ᠡᠰᠡᠷᠬᠦᠴᠡᠬᠦ ᠠᠵᠢᠯ᠎ᠳᠤ ᠲᠣᠪᠣᠢ᠌ᠮ᠎ᠠ ᠬᠣᠪᠢ ᠨᠡᠮᠡᠷᠢ ᠦᠵᠡᠬᠦᠯᠦᠭᠰᠡᠨ ᠬᠣᠪᠢ ᠬᠦᠮᠦᠨ》᠂ ᠬᠣᠰᠢᠭᠣ ᠠᠢ᠌ᠮᠠᠭ᠎ᠠᠴᠠ ᠴᠦ᠍ 《ᠬᠢᠵᠢᠭ᠎ᠢ ᠰᠡᠷᠬᠡᠢ᠌ᠯᠡᠬᠦ ᠹᠷᠣᠨᠲ᠎ᠲᠤ᠎ᠬᠢ ᠲᠡᠷᠢᠬᠦᠨ᠎ᠤ ᠬᠣᠪᠢ ᠬᠦᠮᠦᠨ》᠂ 《ᠬᠠᠮᠣᠭ᠎ᠤᠨ ᠭᠣᠶᠣ ᠬᠡᠷ ᠪᠦᠯᠢ》 ᠁ ᠵᠡᠷᠬᠡ ᠢᠷᠠᠭᠣ ᠠᠯᠳᠠᠷ᠎ᠢ ᠣᠯᠭᠣᠯ᠎ᠠ᠃
ᠦᠩᠬᠡ ᠬᠡᠷᠡᠯ᠂ ᠢᠷᠠᠭᠣ ᠠᠯᠳᠠᠷ᠎ᠤᠨ ᠡᠮᠦᠨ᠎ᠡ ᠡᠬᠦᠷᠬᠡ ᠬᠠᠷᠢᠭᠣᠴᠠᠯᠭ᠎ᠠ ᠨᠡᠩ ᠬᠦᠨᠳᠦ ᠪᠣᠯᠳᠠᠭ ᠠᠵᠢ᠃ 2022 ᠣᠨ᠎ᠤ 3 ᠰᠠᠷ᠎ᠠ᠂ ᠬᠢᠷᠢᠨ ᠮᠣᠵᠢ᠎ᠳᠤ ᠰᠢᠨ᠎ᠡ ᠬᠡᠯᠪᠡᠷᠢ ᠵᠢᠨ ᠲᠢᠳᠢᠮᠯᠢᠭ ᠠᠭᠣᠰᠬᠢᠨ ᠦᠷᠪᠢᠰᠦᠯ᠎ᠤᠨ ᠬᠢᠵᠢᠭ ᠲᠠᠬᠢᠨᠳᠠ ᠲᠡᠯᠬᠡᠷᠡᠵᠦ᠂ ᠬᠢᠵᠢᠭ᠎ᠲᠤ  ᠬᠠᠯᠳᠠᠪᠤᠷᠢᠯᠠᠭᠳᠠᠭᠰᠠᠳ᠎ᠤᠨ ᠲᠣᠭ᠎ᠠ ᠬᠦᠮᠦᠰ᠎ᠢ ᠰᠣᠴᠢᠭ᠋ᠠᠮ᠎ᠠ ᠨᠡᠮᠡᠭᠳᠡᠵᠦ ᠡᠬᠢᠯᠡᠪᠡ᠃ ᠬᠢᠷᠢᠨ ᠮᠣᠵᠢ᠎ᠨᠢ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣ᠎ᠲᠠᠢ ᠬᠦᠷᠰᠢᠯᠡᠵᠦ ᠪᠠᠢ᠌ᠳᠠᠭ᠃ 3 ᠳ᠋ᠤᠭ᠋ᠠᠷ ᠰᠠᠷ᠎ᠠ ᠵᠢᠨ 14᠎ᠤ ᠡᠳᠦᠷ᠂ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ᠎ᠤ ᠡᠯ᠎ᠡ ᠡᠮᠨᠡᠯᠬᠡ ᠵᠢᠨ ᠬᠣᠷᠢᠶ᠎ᠠ᠎ᠠᠴᠠ ᠬᠣᠸᠠᠩ ᠣᠶᠣᠩᠭᠣᠸ᠎ᠠ᠎ᠪᠠᠷ ᠲᠣᠯᠣᠭ᠋ᠠᠢ᠌ᠯᠠᠭᠣᠯᠣᠭᠰᠠᠨ ᠬᠢᠵᠢᠭ ᠡᠪᠡᠳᠴᠢᠨ᠎ᠢ ᠡᠵᠡᠮᠳᠡᠨ ᠰᠡᠷᠬᠡᠢ᠌ᠯᠡᠬᠦ ᠬᠠᠰᠢᠷ ᠲᠣᠷᠰᠢᠯᠭ᠎ᠠ᠎ᠲᠠᠢ ᠠᠷᠪᠠᠨ ᠭᠣᠷᠪᠠᠨ ᠨᠡᠷᠡᠰ ᠡᠮᠴᠢ ᠰᠣᠪᠢᠯᠠᠭᠴᠢ᠎ᠪᠠᠷ ᠪᠦᠷᠢᠯᠳᠦᠭᠰᠡᠨ ᠡᠮᠴᠢᠯᠡᠨ ᠲᠣᠰᠠᠯᠠᠬᠣ ᠠᠩᠬᠢ ᠵᠢ ᠲᠠᠷᠣᠢ ᠎ᠳᠤ᠎ᠨᠢ ᠵᠣᠬᠢᠶᠠᠨ ᠪᠠᠢ᠌ᠭᠣᠯᠵᠣ ᠬᠢᠷᠢᠨ ᠮᠣᠵᠢ᠎ᠳᠤ ᠲᠣᠮᠢᠯᠠᠨ ᠣᠴᠢᠭᠣᠯᠵᠠᠢ᠃ ᠲᠡᠳᠡ ᠴᠠᠩᠴᠦ᠋ᠨ ᠬᠣᠳᠠ ᠵᠢᠨ ᠡᠮᠨᠡᠯᠬᠡ ᠵᠢᠨ ᠬᠣᠷᠢᠶ᠎ᠠ᠎ᠳᠤ᠂ ᠬᠢᠵᠢᠭ ᠬᠠᠯᠳᠣᠪᠣᠷᠢᠯᠠᠭᠳᠠᠭᠰᠠᠨ ᠡᠪᠡᠳᠴᠢᠳᠡᠨ᠎ᠢ ᠰᠣᠪᠢᠯᠠᠨ ᠲᠡᠩᠬᠡᠷᠡᠬᠦᠯᠬᠦ ᠠᠵᠢᠯ᠎ᠳᠤ 36 ᠡᠳᠦᠷ ᠬᠠᠳᠠᠭᠣᠵᠢᠯᠳᠠᠢ ᠠᠵᠢᠯᠯᠠᠵᠣ᠂ ᠡᠬᠦᠷᠬᠡ ᠬᠠᠷᠢᠭᠣᠴᠠᠯᠭ᠎ᠠ᠎ᠪᠠᠨ ᠬᠢᠯᠠᠯᠵᠠᠳᠠᠯ᠎ᠠ ᠪᠡᠶᠡᠯᠡᠬᠦᠯᠵᠡᠢ᠃ ᠡᠪᠡᠳᠴᠢᠳᠡᠨ ᠎ᠨᠢ ᠦᠬᠦᠯ ᠡᠨᠳᠡᠯ ᠦᠬᠡᠢ᠂ ᠡᠮᠴᠢ ᠰᠣᠪᠢᠯᠠᠭᠴᠢᠳ ᠬᠢᠵᠢᠭ ᠎ᠲᠤ ᠬᠠᠯᠳᠠᠪᠤᠷᠢᠯᠠᠭᠳᠠᠯ ᠦᠬᠡᠢ  ᠪᠠᠢ᠌ᠬᠤ ᠵᠢ ᠪᠠᠳᠣᠯᠠᠵᠣ᠂ ᠬᠣᠰᠢᠭᠣ ᠵᠠᠰᠠᠭ᠎ᠲᠤ᠎ᠪᠠᠨ ᠡᠳᠦᠷ ᠪᠦᠷᠢ ᠠᠮᠵᠢᠯᠳᠠ ᠪᠦᠳᠦᠮᠵᠢ ᠵᠢᠨ ᠪᠠᠶᠠᠷ᠎ᠤᠨ ᠴᠢᠮᠡᠬᠡ ᠲᠣᠭᠣᠯᠭ᠋ᠠᠵᠣ ᠯᠡ ᠪᠠᠢ᠌ᠯ᠎ᠠ᠃ ᠲᠡᠳᠡ 5  ᠳ᠋ᠤᠭ᠋ᠠᠷ ᠰᠠᠷ᠎ᠠ ᠵᠢᠨ 2᠎ᠤ ᠡᠳᠦᠷ ᠠᠮᠵᠢᠯᠳᠠ ᠲᠦᠬᠦᠷᠡᠩ ᠵᠶ᠋ᠠᠷ ᠨᠣᠳᠣᠭ᠎ᠲᠤ᠎ᠪᠠᠨ ᠪᠣᠴᠠᠪᠠ᠃ ᠴᠠᠩᠴᠦ᠋ᠨ ᠬᠣᠳᠠ᠎ᠳᠤ ᠬᠢᠵᠢᠭ᠎ᠲᠠᠢ ᠲᠡᠮᠡᠴᠡᠭᠰᠡᠨ ᠲᠡᠳᠡᠬᠡᠷ ᠡᠳᠦᠷ ᠬᠣᠨᠣᠭ᠎ᠤᠳ᠎ᠲᠤ ᠬᠣᠸᠠᠩ ᠣᠶᠣᠩᠭᠣᠸ᠎ᠠ ᠬᠠᠰᠢᠷ ᠲᠣᠷᠰᠢᠯᠭ᠎ᠠ᠎ᠪᠠᠨ ᠬᠠᠮᠳᠣ ᠠᠵᠢᠯᠯᠠᠭᠰᠠᠳ᠎ᠲᠤ᠎ᠪᠠᠨ ᠬᠠᠷᠠᠮ ᠦᠬᠡᠢ ᠬᠣᠪᠢᠶᠠᠯᠴᠠᠨ ᠣᠯᠠᠮᠵᠢᠯᠠᠵᠣ᠂  ᠬᠤᠪᠢᠳᠠᠭᠰᠠᠨ ᠲᠣᠭᠣᠷᠢᠭ᠎ᠤᠨ ᠵᠶ᠋ᠠᠨ ᠡᠪᠡᠳᠴᠢᠳᠡᠨ  ᠪᠦᠷᠢ᠎ᠳᠤ ᠮᠣᠩᠭᠣᠯ ᠪᠦᠰᠡᠬᠦᠢ ᠵᠢᠨ ᠦᠨᠡᠨᠴᠢ ᠲᠣᠰᠠᠷᠬᠠᠭ ᠵᠠᠩ ᠵᠶ᠋ᠠᠷ ᠬᠠᠨᠳᠣᠨ᠂ ᠶᠠᠳᠠᠷᠠᠯ ᠵᠦᠳᠡᠷᠡᠯ ᠵᠶ᠋ᠠᠨ  ᠬᠠᠢ᠌ᠬᠤᠷᠤᠯ ᠦᠬᠡᠢ ᠠᠵᠢᠯᠠᠯᠠᠭᠰᠠᠨ ᠶᠣᠮ᠃
ᠬᠣᠸᠠᠩ ᠣᠶᠣᠩᠭᠣᠸ᠎ᠠ ᠬᠢᠷᠢᠨ ᠮᠣᠵᠢ᠎ᠠᠴᠠ ᠨᠣᠳᠣᠭ᠎ᠲᠤ᠎ᠪᠠᠨ ᠪᠣᠴᠠᠭ᠋ᠠᠳ ᠲᠡᠮᠡᠢ ᠬᠡᠳᠦᠨ ᠡᠳᠦᠷ ᠪᠣᠯᠣᠯ ᠦᠬᠡᠢ᠂ ᠬᠣᠰᠢᠭᠣᠨ᠎ᠤ ᠡᠷᠡᠬᠦᠯ ᠬᠠᠮᠠᠭ᠋ᠠᠯᠠᠯ᠎ᠤᠨ ᠲᠣᠪᠴᠢᠶ᠎ᠠ᠎ᠠᠴᠠ ᠬᠢᠵᠢᠭ᠎ᠲᠠᠢ ᠲᠡᠮᠡᠴᠡᠬᠦ ᠡᠮᠴᠢ ᠰᠣᠪᠢᠯᠠᠭᠴᠢᠳ᠎ᠤᠨ ᠠᠩᠬᠢ᠎ᠳᠤ ᠬᠢᠵᠢᠭ᠎ᠢ ᠰᠡᠷᠬᠡᠢ᠌ᠯᠡᠨ ᠡᠵᠡᠮᠳᠡᠬᠦ ᠲᠣᠷᠰᠢᠯᠭ᠎ᠠ ᠣᠯᠠᠮᠵᠢᠯᠠᠬᠣ ᠡᠬᠦᠷᠬᠡ ᠵᠢ ᠲᠡᠭᠦᠨ᠎ᠳᠤ ᠲᠠᠭ᠋ᠠᠭ᠋ᠠᠯᠭ᠋ᠠᠴᠢᠬᠠᠪᠠ᠃ ᠲᠡᠷᠡ ᠠᠵᠢᠯ᠎ᠤᠨ ᠴᠢᠯᠦᠬᠡ᠎ᠪᠠᠨ ᠠᠰᠢᠭᠯᠠᠵᠣ ᠬᠢᠵᠢᠭ ᠎ᠲᠠᠢ ᠲᠡᠮᠡᠴᠡᠬᠦ ᠡᠮᠦᠨ᠎ᠡ ᠹᠷᠣᠨᠲ᠎ᠲᠤ ᠬᠣᠶᠠᠷ ᠣᠳᠠᠭ᠎ᠠ ᠡᠷᠡᠯᠬᠡᠭᠯᠡᠨ ᠪᠠᠢ᠌ᠯᠳᠣᠵᠣ ᠠᠮᠵᠢᠯᠳᠠ ᠣᠯᠣᠭᠰᠠᠨ ᠲᠣᠷᠰᠢᠯᠭ᠎ᠠ᠎ᠪᠠᠨ ᠣᠯᠠᠨ ᠣᠳᠠᠭ᠎ᠠ ᠨᠢᠷᠢᠨ ᠨᠢᠮᠪᠠᠢ ᠵᠢᠭ᠋ᠠᠨ ᠣᠯᠠᠮᠵᠢᠯᠠᠭᠰᠠᠨ ᠪᠠᠢ᠌ᠨ᠎ᠠ᠃ ᠲᠡᠬᠦᠨ᠎ᠤ ᠬᠢᠴᠢᠶᠡᠯ᠎ᠢ ᠰᠣᠨᠣᠰᠣᠭᠰᠠᠨ ᠡᠮᠴᠢ ᠰᠣᠪᠢᠯᠠᠭᠴᠢᠳ ᠬᠢᠵᠢᠭ᠎ᠢ ᠰᠡᠷᠬᠡᠢ᠌ᠯᠡᠨ ᠡᠵᠡᠮᠳᠡᠬᠦ ᠲᠣᠷᠰᠢᠯᠠᠭ᠎ᠠ ᠬᠦᠷᠳᠡᠨ᠂ ᠪᠢᠰᠢᠷᠡᠨ   ᠪᠠᠬᠠᠳᠣᠨ᠎ᠠ᠂ ᠡᠯ᠎ᠡ ᠬᠢᠵᠢᠭ᠎ᠢ ᠡᠵᠡᠮᠳᠡᠨ ᠰᠡᠷᠬᠡᠢ᠌ᠯᠡᠬᠦ ᠴᠡᠭ᠎ᠲᠤ ᠬᠦᠷᠴᠦ ᠰᠣᠷᠣᠭᠰᠠᠨ  ᠮᠡᠷᠭᠡᠵᠢᠯ ᠵᠶ᠋ᠠᠷ ᠵᠶ᠋ᠠᠨ ᠰᠢᠭᠣᠷᠬᠠᠢ᠌ᠯᠠᠨ ᠠᠵᠢᠯᠯᠠᠵᠠᠭ᠋ᠠᠨ᠎ᠠ᠃ 
    ᠲᠣᠬᠠᠢ᠌ᠯᠠᠭᠰᠠᠨ ᠠᠵᠢᠯ᠎ᠳᠤ᠎ᠪᠠᠨ ᠭᠠᠪᠰᠢᠭ᠋ᠠᠢ᠌ᠯᠠᠨ ᠠᠵᠢᠯᠯᠠᠳᠠᠭ ᠪᠦᠬᠡᠳ ᠲᠡᠬᠡᠷ᠎ᠡ ᠱᠠᠳᠣᠨ᠎ᠠᠴᠠ ᠲᠠᠭ᠋ᠠᠭ᠋ᠠᠯᠭ᠋ᠠᠬᠣ ᠡᠬᠦᠷᠬᠡ ᠵᠢ ᠴᠦ᠍ ᠴᠢᠳᠠᠬᠣ ᠵᠢᠨ ᠬᠢᠷᠢ᠎ᠪᠠᠷ ᠪᠡᠶᠡᠯᠡᠬᠦᠯᠵᠦ᠂ ᠬᠠᠮᠳᠣ ᠠᠵᠢᠯᠯᠠᠭᠰᠠᠳ᠎ᠲᠤ᠎ᠪᠠᠨ ᠬᠦᠷᠢᠶᠡᠯᠡᠯ᠎ᠲᠠᠢ᠂ ᠣᠳᠣᠷᠢᠳᠣᠯᠭ᠎ᠠ ᠨᠠᠷ᠎ᠲᠤ᠎ᠪᠠᠨ ᠢᠳᠡᠬᠡᠯ᠎ᠲᠠᠢ᠂ ᠡᠪᠡᠳᠴᠢᠳᠡᠨ ᠣᠯᠠᠨ᠎ᠳᠤ ᠮᠠᠭᠳᠠᠭ᠋ᠠᠯ᠎ᠲᠠᠢ ᠬᠣᠸᠠᠩ ᠣᠶᠣᠩᠭᠣᠸ᠎ᠠ ᠢᠷᠠᠭᠣ ᠠᠯᠳᠠᠷ᠎ᠤᠨ ᠡᠮᠦᠨ᠎ᠡ  ᠣᠮᠤᠷᠬᠠᠭᠯᠠᠨ ᠵᠣᠭᠰᠣᠩᠭᠣᠢ᠌ᠷᠠᠭᠰᠠᠨ ᠪᠣᠰᠣ᠂ ᠬᠠᠷᠢᠨ ᠡᠳᠦᠷ᠎ᠠᠴᠠ ᠡᠳᠦᠷ ᠬᠦᠨᠳᠦᠷᠡᠬᠦ ᠬᠠᠷᠢᠭᠣᠴᠠᠯᠭ᠎ᠠ ᠵᠢ ᠲᠣᠷᠠᠳᠠᠶ᠎ᠠ ᠡᠬᠦᠷᠬᠡᠯᠡᠨ ᠠᠪᠴᠣ᠂ ᠨᠢᠬᠡᠳ ᠨᠢᠭᠡ᠎ᠪᠠᠷ ᠬᠢᠯᠠᠯᠵᠠᠳᠠᠯ᠎ᠠ ᠪᠡᠶᠡᠯᠡᠬᠦᠯᠵᠦ ᠶᠠᠪᠣᠳᠠᠭ ᠠᠵᠢ᠃ ᠬᠦᠴᠢᠷ ᠪᠡᠷᠬᠡ ᠵᠢᠨ ᠡᠮᠦᠨ᠎ᠡ  ᠭᠣᠢ᠌ᠪᠢᠰᠢ ᠦᠬᠡᠢ ᠡᠷᠡᠰᠬᠡᠨ᠂ ᠬᠦᠮᠦᠨ ᠵᠣᠨ᠎ᠳᠤ᠎ᠪᠠᠨ ᠡᠯᠢᠬᠡᠰᠡᠭ ᠲᠣᠳᠣᠨᠣ᠂ ᠲᠠᠷᠬᠠᠨ ᠬᠠᠷᠢᠭᠣᠴᠠᠯᠭ᠎ᠠ᠎ᠲᠤ᠎ᠪᠠᠨ ᠬᠤᠢ᠌ᠷᠭᠤᠰᠢᠯ ᠦᠬᠡᠢ ᠦᠨᠡᠨᠴᠢ ᠪᠠᠳᠣ ᠪᠠᠢ᠌ᠳᠠᠭ ᠬᠣᠸᠠᠩ ᠣᠶᠣᠩᠭᠣᠸ᠎ᠠ  ᠪᠣᠯ  ᠡᠷᠡᠭᠦᠯ ᠡᠩᠭᠡ ᠵᠢᠨ ᠡᠯᠴᠢ  ᠪᠢᠯᠡ᠃

ᠵᠤᠬᠢᠶᠠᠭᠴᠢ ᠵᠢᠨ ᠬᠠᠶᠢᠭ᠄ ᠬᠣᠷᠴᠢᠨ ᠪᠠᠷᠠᠭᠣᠨ ᠭᠠᠷᠣᠨ ᠲᠣᠮᠳᠠᠳᠣ  ᠬᠤᠰᠢᠭᠤ ᠵᠢᠨ ᠣᠳᠬ᠎ᠠ ᠣᠷᠠᠯᠢᠭ᠎ᠤᠨ᠎ᠬᠢᠨ᠎ᠤ ᠬᠣᠯᠪᠣᠭ᠎ᠠ
 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠦᠨᠳᠦᠰᠦᠳᠡᠨ᠎ᠤ ᠪᠦᠯᠬᠦᠮᠳᠡᠯ᠎ᠠᠴᠠ ᠦᠢ᠍ᠯᠡᠰ᠎ᠤᠨ ᠮᠦᠷ ᠲᠤᠷᠠᠢ᠌ᠨ᠎ᠠ
ᠨᠤᠳᠤᠭᠴᠢ ᠰᠡᠳᠬᠢᠯ᠎ᠤᠨ ᠲᠡᠮᠡᠤᠯᠤᠯ
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠤᠮᠠᠷᠠᠲᠤ ᠵᠢᠨ ᠰᠢᠨ᠎ᠡ ᠰᠣᠨᠢᠨ᠎ᠤ ᠰᠤᠷᠪᠤᠯᠵᠢᠯᠠᠭᠴᠢ ᠵᠢᠨ ᠠᠰᠠᠭᠤᠯᠳᠠ᠄
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠬᠠᠤᠯᠢ ᠴᠠᠭ᠋ᠠᠵᠨ ᠵᠢᠨ ᠰᠣᠨᠢᠨ᠎ᠤ ᠰᠤᠷᠪᠤᠯᠵᠢᠯᠠᠭᠴᠢ ᠵᠢᠨ ᠠᠰᠠᠭᠤᠯᠳᠠ᠄
ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠰᠣᠨᠢᠨ ᠮᠡᠳᠡᠭᠡ ᠨᠡᠢ᠌ᠲᠡᠯᠡᠬᠦ ᠬᠤᠷᠠᠯ ᠲᠡᠬᠡᠷᠡᠬᠢ ᠥᠪᠥᠷ ᠮᠣᠩᠭᠣᠯ᠎ᠤᠨ ᠲᠧᠯᠸᠢᠰ ᠬᠣᠷᠢᠶᠠᠨ᠎ᠤ ᠰᠤᠷᠪᠤᠯᠵᠢᠯᠠᠭᠴᠢ ᠵᠢᠨ ᠠᠰᠠᠭᠤᠯᠳᠠ᠄
 
            