ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠶᠢᠰᠦ᠄ ᠡᠬᠡ ᠎ᠪᠠᠨ ᠳᠡᠭᠡᠳᠦᠯᠡᠨ ᠬᠦᠦ᠎ᠪᠠᠨ ᠪᠤᠯᠠᠰᠢᠯᠠᠬᠤ ᠭᠡᠮᠡᠪᠡᠢ
ᠨᠡᠶᠢᠲᠡᠯᠡᠭᠰᠡᠨ ᠴᠠᠭ᠄ 2024-05-29

    ᠭᠦᠸᠸ ᠵᠢᠦᠢ   ᠪᠣᠯ  ᠵᠡᠭᠦᠨ ᠬᠠᠨ ᠤᠯᠤᠰ᠎ᠤᠨ ᠦᠶ᠎ᠡ ᠵᠢᠨ ᠯᠢᠨ ᠯᠢᠦᠢ  (  ᠣᠳᠤ ᠵᠢᠨ  ᠾᠸᠨᠠᠨ  ᠮᠤᠵᠢ ᠵᠢᠨ  ᠯᠢᠨᠵᠸᠦ  ᠬᠤᠲᠠ) ᠵᠢᠨ ᠬᠦᠮᠦᠨ᠂  ᠤᠤᠯ᠎ᠳᠤ᠎ᠪᠠᠨ ᠭᠡᠷ᠎ᠨᠢ ᠨᠡᠯᠢᠶᠡᠳ ᠪᠠᠶᠠᠨ ᠴᠢᠨᠡᠭᠡᠯᠢᠭ ᠪᠠᠢ᠌ᠵᠠᠢ᠃ ᠭᠡᠪᠡᠴᠦ  ᠡᠴᠢᠭᠡ᠎ᠨᠢ ᠨᠠᠰᠤ ᠨᠦᠭᠴᠢᠭᠰᠡᠨ᠎ᠤ ᠳᠠᠷᠠᠭ᠎ᠠ᠂  ᠲᠡᠷᠡ   ᠥᠪ ᠬᠦᠷᠦᠩᠭᠡ᠎ᠪᠠᠨ ᠬᠤᠶᠠᠷ ᠬᠤᠪᠢᠶᠠᠨ ᠬᠤᠶᠠᠷ ᠳᠡᠭᠦᠦ᠎ᠳᠤ᠎ᠪᠠᠨ ᠦᠮᠴᠢᠯᠡᠭᠦᠯᠦᠭᠡᠳ  ᠂   ᠦᠪᠡᠷ ᠵᠶ᠋ᠡᠨ ᠡᠬᠡ᠎ᠪᠠᠨ ᠰᠠᠢ᠌ᠲᠤᠷ ᠠᠴᠢᠯᠠᠨ ᠠᠰᠠᠷᠠᠪᠠ᠃
    ᠬᠣᠵᠢᠮ᠎ᠨᠢ᠂ ᠭᠦᠸᠸ ᠵᠢᠦᠢ ᠵᠢᠨ ᠭᠡᠷ᠎ᠨᠢ  ᠶᠠᠳᠠᠭᠤᠷᠠᠵᠤ᠂  ᠭᠡᠷᠭᠡᠢ᠎ᠨᠢ ᠪᠠᠰᠠ ᠬᠦᠦ ᠲᠦᠷᠦᠭᠰᠡᠨ᠎ᠠᠴᠠ ᠭᠦᠸᠸ ᠵᠢᠦᠢ ᠵᠢᠨ ᠡᠬᠡ᠎ᠨᠢ  ᠣᠮᠪᠤᠯᠤ᠎ᠪᠠᠨ ᠮᠠᠰᠢ ᠰᠠᠨᠠᠵᠤ᠂  ᠦᠪᠡᠷ᠎ᠤᠨ ᠢᠳᠡᠬᠦ᠎ᠪᠠᠨ ᠠᠷᠪᠢᠯᠠᠨ ᠪᠠᠢ᠌ᠵᠤ᠂ ᠢᠳᠡᠰᠢ  ᠬᠣᠭᠤᠯᠨ᠎ᠪᠠᠨ ᠣᠮᠪᠤᠯᠤ ᠎ᠳᠤ᠎ᠪᠠᠨ ᠦᠯᠡᠳᠡᠭᠡᠵᠦ ᠥᠭᠬᠦ ᠪᠣᠯᠪᠠ᠃  ᠡᠢ᠌ᠨ ᠬᠦ᠌᠂ ᠭᠦᠸᠸ ᠵᠢᠦᠢ  ᠡᠭᠦᠨ᠎ᠤ ᠲᠦᠯᠦᠭᠡ ᠮᠠᠰᠢ ᠶᠡᠬᠡ ᠰᠠᠨᠠᠭ᠋ᠠᠰᠢᠷᠠᠨ᠂  ᠡᠨᠡ ᠬᠦᠦ ᠵᠢ ᠲᠡᠵᠢᠭᠡᠪᠡᠯ  ᠯᠠᠪᠲᠠᠢ᠌ᠶ᠎ᠠ ᠡᠬᠡ᠎ᠪᠠᠨ ᠠᠰᠠᠷᠠᠬᠤ ᠵᠢ ᠨᠦᠯᠦᠭᠡᠯᠡᠨ᠎ᠡ ᠭᠡᠵᠦ ᠪᠣᠳᠤᠭ᠋ᠠᠳ᠂ ᠭᠡᠷᠭᠡᠢ᠎ᠳᠤ᠎ᠪᠠᠨ᠄《ᠬᠦᠦ ᠵᠢ ᠰᠡᠭᠦᠯᠡᠷ ᠪᠦᠷ  ᠲᠦᠷᠦᠵᠦ ᠪᠣᠯᠤᠨ᠎ᠠ᠂ ᠬᠠᠷᠢᠨ ᠡᠬᠡ ᠮᠠᠨᠢ  ᠬᠠᠳᠠᠨ ᠭᠡᠷ᠎ᠲᠤ᠎ᠪᠠᠨ ᠮᠣᠷᠢᠯᠠᠪᠠᠯ ᠳᠠᠬᠢᠨ ᠠᠮᠢᠯᠠᠬᠤ ᠦᠬᠡᠢ ᠃ ᠲᠡᠭᠡᠬᠦ᠎ᠪᠠᠷ  ᠬᠦᠦ᠎ᠪᠠᠨ ᠪᠤᠯᠠᠰᠢᠯᠠᠭ᠋ᠠᠳ ᠂ ᠠᠮᠤ ᠪᠤᠳᠠᠭ᠎ᠠ᠎ᠪᠠᠨ ᠠᠷᠪᠢᠯᠠᠨ ᠡᠬᠡ᠎ᠪᠠᠨ ᠠᠰᠠᠷᠠᠨ ᠲᠡᠵᠢᠭᠡᠬᠦ ᠵᠢ ᠬᠦᠷᠬᠦ ᠦᠬᠡᠢ》 ᠭᠡᠵᠦ ᠬᠡᠯᠡᠯ᠎ᠡ᠃
   ᠲᠡᠳᠡᠨ᠎ᠢ  ᠬᠤᠶᠠᠷ ᠲᠤᠬᠤᠢ ᠭᠦᠨ ᠨᠦᠬᠡ ᠮᠠᠯᠲᠠᠵᠤ  ᠪᠠᠢ᠌ᠭ᠎ᠠ ᠦᠶᠡᠰ᠂  ᠨᠦᠬᠡᠨ ᠲᠤᠳᠤᠷ᠎ᠠ  ᠭᠡᠨᠡᠳᠲᠡ  ᠨᠢᠭᠡᠨ  ᠪᠣᠳᠤᠩ  ᠰᠢᠵᠢᠷ ᠠᠯᠲᠠ ᠢᠯᠡᠷᠡᠵᠦ᠂ ᠳᠡᠭᠡᠷ᠎ᠡ᠎ᠨᠢ 《ᠳᠡᠭᠡᠳᠦ ᠲᠡᠭᠷᠢ ᠎ᠠᠴᠠ  ᠠᠴᠢᠯᠠᠯᠲᠤ ᠬᠦᠪᠡᠭᠦᠨ ᠭᠦᠸᠸ ᠵᠢᠦᠢ  ᠎ᠳᠤᠷ  ᠰᠣᠶᠤᠷᠬᠠᠪᠠᠢ᠂ ᠠᠯᠪᠠᠨ ᠨᠤᠶᠠᠳ ᠡᠭᠦᠨ᠎ᠢ ᠠᠪᠴᠤ ᠡᠰᠡ ᠪᠤᠯᠤᠮᠤᠢ᠂  ᠦᠷᠦᠭᠡᠯ ᠢᠷᠭᠡᠳ ᠡᠭᠦᠨ᠎ᠢ ᠪᠤᠯᠢᠶᠠᠵᠤ ᠡᠰᠡ ᠪᠤᠯᠤᠮᠤᠢ》 ᠭᠡᠮᠡᠨ ᠪᠢᠴᠢᠭᠡᠰᠦᠲᠡᠢ ᠪᠠᠢ᠌ᠪᠠ᠃ ᠲᠡᠢ᠌ᠨ ᠬᠦ᠌᠂ ᠡᠷ᠎ᠡ ᠡᠮ᠎ᠡ  ᠬᠣᠶᠠᠭᠤᠯᠠ᠎ᠪᠠᠨ  ᠡᠳᠡᠭᠡᠷ ᠠᠯᠲᠠ᠎ᠪᠠᠨ ᠭᠡᠷ᠎ᠲᠤ᠎ᠪᠠᠨ ᠠᠪᠠᠴᠢᠨ ᠡᠬᠡ᠎ᠪᠠᠨ ᠠᠴᠢᠯᠠᠨ ᠠᠰᠠᠷᠠᠭᠰᠠᠨ ᠪᠦᠭᠡᠳ ᠬᠦᠦ᠎ᠪᠠᠨ ᠴᠦ᠍ ᠲᠡᠵᠢᠭᠡᠨ ᠦᠰᠭᠡᠵᠦ ᠳᠡᠢ᠌ᠯᠬᠦ ᠪᠣᠯᠵᠠᠢ᠃
ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ᠎ᠲᠤ 《ᠡᠬᠡ ᠎ᠪᠠᠨ  ᠳᠡᠭᠡᠳᠦᠯᠡᠨ   ᠬᠦᠦ᠎ᠪᠠᠨ ᠪᠤᠯᠠᠰᠢᠯᠠᠬᠤ ᠭᠡᠪᠡ》 ᠦᠯᠢᠭᠡᠷ᠎ᠨᠢ ᠬᠠᠮᠣᠭ᠎ᠤᠨ ᠮᠠᠷᠭᠤᠭ᠋ᠠᠨ ᠳᠡᠭᠳᠡᠭᠡᠭᠰᠡᠨ ᠦᠯᠢᠭᠡᠷ ᠪᠣᠯᠬᠤ ᠶᠤᠮ᠂ ᠤᠴᠢᠷ᠎ᠨᠢ ᠭᠣᠣᠯ ᠪᠠᠭ᠋ᠠᠲᠤᠷ  ᠭᠦᠸᠸ ᠵᠢᠦᠢ ᠵᠢᠨ  ᠦᠢ᠍ᠯᠡ ᠠᠵᠢᠯᠯᠠᠭ᠎ᠠ᠎ᠨᠢ  ᠳᠡᠩᠳᠡᠭᠦᠦ ᠲᠤᠢ᠌ᠯᠰᠢᠷᠠᠴᠢᠬᠠᠵᠠᠢ᠃  ᠪᠢᠳᠡ  ᠡᠭᠦᠨ᠎ᠢ ᠵᠦᠪᠬᠡᠨ ᠳᠠᠪᠠᠭᠤᠯᠤᠯ᠎ᠤᠨ ᠠᠷᠭ᠎ᠠ ᠵᠢ  ᠬᠡᠷᠡᠭᠯᠡᠵᠦ ᠠᠴᠢᠯᠠᠯ ᠡᠯᠪᠡᠷᠢᠯ᠎ᠢ  ᠳᠣᠪᠤᠢ᠌ᠯᠭ᠋ᠠᠨ ᠴᠢᠬᠤᠯᠠᠴᠢᠯᠠᠭᠰᠠᠨ ᠨᠢᠭᠡᠨ ᠶᠣᠭᠲᠠ ᠦᠯᠢᠭᠡᠷ ᠵᠶ᠋ᠡᠷ  ᠦᠵᠡᠯᠲᠡᠢ ᠳ᠋ᠠ!

         

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠠᠷᠪᠠ᠄ ᠦᠪᠡᠷ᠎ᠢ ᠎ᠪᠠᠨ ᠬᠤᠳᠠᠯᠳᠤᠨ ᠠᠪᠤ᠎ᠪᠠᠨ ᠣᠷᠤᠰᠢᠭᠤᠯᠪᠡᠢ
ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠨᠠᠮ᠎ᠤᠨ ᠭᠡᠰᠢᠭᠦᠨ ᠺᠠᠳ᠋ᠷᠴᠤᠳ᠎ᠢ ᠵᠣᠬᠢᠶᠠᠨ ᠪᠠᠢ᠌ᠭᠤᠯᠵᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠦᠮᠤᠵᠢᠯ᠎ᠤᠨ ᠤᠷᠳᠤᠨ᠎ᠢ ᠲᠤᠭᠤᠷᠢᠨ ᠦᠵᠡᠬᠦᠯᠪᠡ
ᠰᠡᠳᠬᠢᠯ ᠵᠢᠷᠦᠬᠡ᠎ᠪᠠᠨ ᠬᠣᠯᠪᠣᠵᠤ ᠦᠷ᠎ᠡ ᠵᠢᠷᠦᠬᠡ᠎ᠪᠠᠨ ᠨᠢᠭᠡᠳᠬᠡᠨ᠎ᠡ ᠬᠠᠮᠳᠤᠳᠬᠠᠶ᠎ᠠ — 《ᠲᠤᠮᠳᠠᠳᠤᠴᠤᠳ ᠨᠢᠬᠡ ᠬᠡᠷ ᠮᠡᠳᠤ ᠲᠤᠳᠤᠨᠤ᠂ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠶ᠎ᠠ》 ᠬᠡᠬᠦ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠵᠢ ᠡᠬᠢᠯᠡᠭᠦᠯᠵᠡᠢ
 
            