ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠰᠢᠨ᠎ᠡ᠎ᠪᠠᠷ ᠨᠠᠢ᠌ᠷᠠᠭᠤᠯᠤᠭᠰᠠᠨ《ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ》᠎ᠤᠨ ᠠᠷᠪᠠ᠄ ᠦᠪᠡᠷ᠎ᠢ ᠎ᠪᠠᠨ ᠬᠤᠳᠠᠯᠳᠤᠨ ᠠᠪᠤ᠎ᠪᠠᠨ ᠣᠷᠤᠰᠢᠭᠤᠯᠪᠡᠢ
ᠨᠡᠶᠢᠲᠡᠯᠡᠭᠰᠡᠨ ᠴᠠᠭ᠄ 2024-05-29

    ᠳ᠋ᠦᠡᠭ  ᠶᠦᠩ ᠪᠣᠯ ᠵᠡᠭᠦᠨ ᠬᠠᠨ ᠤᠯᠤᠰ᠎ᠤᠨ ᠦᠶ᠎ᠡ ᠵᠢᠨ  ᠴᠢᠶᠠᠨᠴᠸᠩ  (  ᠣᠳᠤ ᠵᠢᠨ   ᠱᠠᠨᠳᠦᠢ᠍ᠩ  ᠮᠤᠵᠢ ᠵᠢᠨ  ᠪᠦᠸᠸᠰᠢᠩ ᠰᠢᠶᠠᠨ) ᠎ᠤᠨ ᠬᠦᠮᠦᠨ᠂  ᠬᠠᠷᠠᠬᠠᠨ ᠪᠠᠭ᠎ᠠ᠎ᠳᠤ᠎ᠨᠢ ᠡᠵᠢ᠎ᠨᠢ ᠨᠠᠰᠤ ᠪᠠᠷᠠᠭᠰᠠᠨ᠎ᠠᠴᠠ  ᠠᠪᠤ᠎ᠨᠢ ᠲᠡᠭᠦᠨ᠎ᠢ ᠦᠰᠭᠡᠵᠦ᠂  ᠳᠠᠢ᠌ᠨ᠎ᠤ ᠬᠥᠯ᠎ᠠᠴᠠ ᠵᠠᠢ᠌ᠯᠠᠬᠤ᠎ᠪᠠᠷ  ᠬᠦᠦ᠎ᠪᠠᠨ ᠠᠪᠴᠣ  ᠬᠤᠪᠸᠢ ᠵᠢᠨ ᠠᠨ ᠯᠦ᠍ ᠎ᠳᠤ   ᠨᠡᠭᠦᠵᠡᠢ᠃
   ᠠᠪᠤ ᠬᠦᠦ ᠬᠤᠶᠠᠭᠤᠯᠠ᠎ᠪᠠᠨ ᠠᠲᠠᠷ ᠬᠠᠭ᠋ᠠᠯᠪᠤᠷᠢᠯᠠᠨ ᠲᠠᠷᠢᠶ᠎ᠠ ᠲᠠᠷᠢᠭ᠋ᠠᠳ  ᠠᠮᠢᠳᠤᠷᠠᠯ᠎ᠠ᠃  ᠬᠣᠵᠢᠮ᠎ᠨᠢ  ᠠᠪᠤ᠎ᠨᠢ ᠨᠠᠰᠤ ᠠᠭᠰᠢᠷᠠᠨ ᠡᠪᠡᠳᠴᠢᠨ᠎ᠳᠤ ᠳᠠᠷᠤᠯᠠᠭᠳᠠᠵᠤ ᠠᠯᠬᠤᠵᠤ ᠳᠡᠢ᠌ᠯᠬᠦ᠎ᠪᠠᠨ ᠪᠤᠯᠢᠭᠰᠠᠨ᠎ᠳᠤ ᠳ᠋ᠦᠡᠭ  ᠶᠦᠩ  ᠠᠪᠤ᠎ᠪᠠᠨ ᠪᠤᠭᠤ  ᠬᠦᠯᠦᠭᠰᠡᠨ ᠲᠡᠷᠭᠡᠨ᠎ᠳᠤ   ᠰᠠᠭᠤᠯᠭ᠋ᠠᠨ  ᠭᠠᠳᠠᠭᠰᠢ ᠶᠠᠪᠤᠵᠤ ᠡᠮᠴᠢ ᠲᠤᠮᠴᠢ ᠡᠷᠢᠨ ᠡᠪᠡᠳᠴᠢᠨ᠎ᠢ᠎ᠨᠢ ᠦᠵᠡᠭᠦᠯᠵᠡᠢ᠃ ᠡᠭᠦᠨ ᠎ᠳᠤ ᠬᠠᠷᠠᠭᠰᠠᠨ  ᠬᠦᠮᠦᠨ ᠪᠤᠯᠭ᠋ᠠᠨ 《ᠡᠨᠡ ᠴᠢᠨᠢ  ᠪᠤᠭᠤ ᠬᠦᠯᠦᠭᠰᠡᠨ ᠲᠡᠷᠭᠡ᠎ᠪᠠᠷ ᠠᠪᠤ᠎ᠪᠠᠨ ᠲᠡᠭᠡᠭᠡᠭᠰᠡᠨ ᠳ᠋ᠦᠡᠭ  ᠶᠦᠩ ᠪᠠᠢ᠌ᠨ᠎ᠠ ᠰᠢᠳᠡ᠂   ᠠᠪᠤ᠎ᠨᠢ  ᠦᠨᠡᠬᠡᠷ ᠠᠵᠠ ᠪᠤᠶᠠᠨ᠎ᠲᠠᠢ》 ᠭᠡᠵᠦ ᠮᠠᠭᠲᠠᠵᠠᠭ᠋ᠠᠨ᠎ᠠ᠃
ᠳ᠋ᠦᠡᠭ  ᠶᠦᠩ ᠠᠪᠤ ᠵᠢᠨ ᠵᠶ᠋ᠡᠨ ᠡᠪᠡᠳᠴᠢᠨ᠎ᠢ ᠦᠵᠡᠭᠦᠯᠬᠦ ᠭᠡᠳ ᠪᠠᠢ᠌ᠳᠠᠭ ᠬᠦᠷᠦᠩᠭᠡ᠎ᠪᠠᠨ ᠬᠦᠨᠲᠦᠷᠦᠭᠰᠡᠨ ᠲᠤᠯᠠ  ᠲᠡᠭᠦᠨ᠎ᠳᠤ  ᠦᠬᠢᠨ ᠵᠶ᠋ᠡᠨ ᠪᠤᠭᠲᠤᠯᠠᠬᠤ ᠬᠦᠮᠦᠨ ᠪᠠᠢ᠌ᠬᠤ ᠦᠬᠡᠢ ᠂ ᠲᠡᠷᠡ ᠭᠤᠴᠢ ᠬᠦᠷᠦᠭᠰᠡᠨ ᠴᠦ᠍ ᠭᠤᠩ ᠪᠡᠶ᠎ᠡ ᠭᠤᠵᠤᠩ ᠲᠤᠯᠤᠭ᠋ᠠᠢ ᠪᠠᠢ᠌ᠯ᠎ᠠ᠃
   ᠬᠡᠳᠦᠢ᠌ᠪᠡᠷ ᠬᠦᠦ᠎ᠨᠢ ᠠᠴᠢᠯᠠᠯᠲᠠᠢ ᠴᠦ᠍  ᠡᠩ ᠶᠢᠷᠲᠢᠨᠴᠦ ᠵᠢᠨ ᠵᠠᠩ ᠵᠢᠷᠤᠮ ᠎ᠢ ᠬᠡᠨ ᠵᠦᠷᠢᠴᠡᠵᠦ ᠳᠡᠢ᠌ᠯᠬᠦ ᠠᠵᠢ᠂ ᠳ᠋ᠦᠡᠭ  ᠶᠦᠩ᠎ᠤᠨ ᠠᠪᠤ᠎ᠨᠢ ᠡᠴᠦᠰ᠎ᠲᠤ᠎ᠪᠠᠨ ᠬᠠᠰᠢ ᠯᠡ ᠪᠤᠷᠬᠠᠨ ᠪᠣᠯᠴᠢᠬᠠᠯ᠎ᠠ᠃ ᠳ᠋ᠦᠡᠭ  ᠶᠦᠩ  ᠪᠡᠶ᠎ᠡ᠎ᠳᠤ᠎ᠪᠠᠨ ᠰᠤᠬᠤᠷ ᠵᠣᠭᠤᠰ ᠴᠦ᠍  ᠦᠬᠡᠢ ᠲᠤᠯᠠ  ᠪᠤᠯᠤᠮᠠᠷ ᠠᠪᠰᠠ ᠠᠪᠬᠤ ᠵᠤᠭᠤᠰ ᠭᠡᠵᠦ ᠦᠬᠡᠢ᠂  ᠮᠤᠬᠤᠷᠳᠠᠬᠤ ᠵᠢᠨ ᠲᠤᠢ᠌ᠯ᠎ᠳᠤ ᠲᠤᠯᠬᠤ᠎ᠳᠤ᠎ᠪᠠᠨ ᠲᠡᠷᠡ ᠲᠤᠰ ᠭᠠᠵᠠᠷ᠎ᠤᠨ ᠪᠠᠶᠠᠨ  ᠡᠷᠦᠬᠡ ᠵᠢ  ᠡᠷᠢᠨ ᠣᠴᠢᠵᠤ᠂  ᠲᠤᠷᠠᠲᠠᠶ᠎ᠠ  ᠦᠪᠡᠷ᠎ᠢ᠎ᠪᠠᠨ ᠬᠤᠳᠠᠯᠳᠤᠨ ᠪᠤᠭᠤᠯ᠎ᠨᠢ  ᠪᠣᠯᠵᠤ᠂ ᠣᠯᠣᠭᠰᠠᠨ ᠵᠤᠭᠤᠰ ᠵᠶ᠋ᠠᠷ ᠵᠶ᠋ᠠᠨ ᠠᠪᠤ᠎ᠪᠠᠨ ᠣᠷᠤᠰᠢᠭᠤᠯᠬᠤ᠎ᠪᠠᠷ ᠭᠤᠶᠤᠴᠢᠯᠠᠪᠠ᠃
   ᠲᠡᠷᠡ ᠭᠡᠷ᠎ᠤᠨ ᠡᠵᠡᠨ  ᠲᠡᠭᠦᠨ᠎ᠢ ᠥᠷᠦ ᠡᠪᠡᠳᠦᠨ ᠬᠦᠭᠡᠷᠦᠬᠦᠢ᠌ᠯᠡᠵᠦ ᠂  ᠠᠴᠢᠯᠠᠯᠲᠤ ᠬᠦᠪᠡᠭᠦᠨ ᠭᠡᠮᠡᠨ ᠪᠤᠳᠤᠭ᠋ᠠᠳ᠂ ᠲᠡᠭᠦᠨ᠎ᠳᠤ ᠲᠦᠮᠡᠨ ᠵᠤᠭᠤᠰ     ᠬᠠᠢ᠌ᠷᠠᠯᠠᠭᠰᠠᠨ ᠴᠦ᠍ ᠲᠡᠭᠦᠨ᠎ᠢ ᠪᠤᠭᠤᠯ ᠪᠣᠯᠭ᠋ᠠᠬᠤ ᠭᠡᠰᠡᠨ ᠦᠬᠡᠢ᠃ ᠳ᠋ᠦᠡᠭ  ᠶᠦᠩ  ᠭᠡᠷ᠎ᠤᠨ ᠡᠵᠡᠨ᠎ᠳᠤ ᠮᠠᠰᠢᠳᠠ ᠲᠠᠯᠠᠷᠬᠠᠵᠤ᠂   ᠠᠪᠤ᠎ᠳᠤ᠎ᠪᠠᠨ ᠭᠤᠷᠪᠠᠨ ᠵᠢᠯ ᠪᠡᠯᠪᠡᠰᠦᠷᠡᠵᠦ ᠭᠦᠢ᠍ᠴᠡᠭᠰᠡᠨ᠎ᠤ᠎ᠪᠠᠨ ᠳᠠᠷᠠᠭ᠎ᠠ  ᠡᠨᠳᠡ ᠢᠷᠡᠵᠦ ᠲᠡᠭᠦᠨ᠎ᠤ ᠪᠤᠭᠤᠯ ᠪᠤᠯᠬᠤ᠎ᠪᠠᠨ ᠢᠯᠡᠷᠬᠡᠢ᠌ᠯᠡᠪᠡ᠃
   ᠭᠤᠷᠪᠠᠨ ᠵᠢᠯ᠎ᠤᠨ ᠳᠠᠷᠠᠭ᠎ᠠ᠂ ᠳ᠋ᠦᠡᠭ  ᠶᠦᠩ   ᠡᠵᠡᠨ᠎ᠤ᠎ᠬᠢᠨ᠎ᠳᠤ ᠣᠴᠢᠬᠤ᠎ᠪᠠᠷ ᠶᠠᠪᠤᠬᠤ ᠵᠠᠮ᠎ᠳᠤ᠎ᠪᠠᠨ  ᠨᠢᠭᠡᠨ ᠲᠤᠮᠤ  ᠬᠤᠩᠭᠤᠷᠴᠤᠭᠲᠤ ᠮᠤᠳᠤᠨ᠎ᠤ ᠳᠤᠤᠷ᠎ᠠ ᠤᠬᠢᠯᠠᠨ ᠰᠠᠭᠤᠭ᠎ᠠ ᠦᠬᠢᠨ᠎ᠲᠠᠢ ᠲᠠᠭ᠋ᠠᠷᠠᠯᠳᠤᠪᠠ᠃ ᠲᠡᠷᠡ  ᠳᠡᠷᠭᠡᠳᠡ᠎ᠨᠢ ᠣᠴᠢᠭ᠋ᠠᠳ  ᠤᠴᠢᠷ  ᠰᠢᠯᠲᠠᠭ᠋ᠠᠨ ᠎ᠢ᠎ᠨᠢ ᠠᠰᠠᠭᠤᠭᠰᠠᠨ ᠴᠢᠨᠢ᠂  ᠦᠬᠢᠨ ᠦᠪᠡᠷ᠎ᠢ᠎ᠪᠠᠨ ᠣᠷᠤᠬᠤ ᠭᠡᠷ ᠤᠭᠤᠴᠢᠬᠤ ᠠᠶᠠᠭ᠎ᠠ ᠦᠭᠡᠢ ᠦᠨᠦᠴᠢᠨ ᠦᠬᠢᠨ ᠭᠡᠵᠦ  ᠭᠡᠯᠡᠭᠡᠳ  ᠠᠴᠢᠯᠠᠯᠲᠤ ᠬᠦᠪᠡᠭᠦᠨ ᠳ᠋ᠦᠡᠭ  ᠶᠦᠩ ᠎ᠲᠠᠢ ᠬᠤᠷᠢᠮᠯᠠᠬᠤ ᠰᠠᠨᠠᠭ᠋ᠠᠲᠠᠢ ᠪᠠᠢ᠌ᠭ᠎ᠠ᠎ᠪᠠᠨ ᠴᠤᠬᠤᠢ᠌ᠯᠭ᠋ᠠᠯ᠎ᠠ᠃ ᠲᠡᠭᠡᠭᠡᠳ  ᠬᠤᠶᠠᠭᠤᠯᠠ᠎ᠪᠠᠨ ᠬᠤᠷᠢᠮᠯᠠᠨ ᠡᠷ᠎ᠡ ᠡᠮ᠎ᠡ ᠪᠣᠯᠵᠤ᠂ ᠳ᠋ᠦᠡᠭ  ᠶᠦᠩ᠎ᠤᠨ ᠰᠠᠨᠠᠭ᠎ᠠ ᠰᠡᠳᠭᠢᠯ  ᠴᠦ᠍ ᠲᠠᠢ᠌ᠪᠤᠰᠢᠷᠠᠵᠤ  ᠢᠷᠡᠯ᠎ᠠ᠃
  ᠦᠬᠢᠨ ᠬᠠᠷᠢᠨ ᠪᠥᠰ ᠨᠡᠬᠡᠬᠦ᠎ᠳᠤ᠎ᠪᠠᠨ ᠭᠠᠷᠮᠠᠭ᠋ᠠᠢ ᠪᠠᠢ᠌ᠵᠤ᠂  ᠡᠷ᠎ᠡ᠎ᠪᠠᠨ ᠪᠤᠭᠤᠯ ᠪᠤᠯᠭ᠋ᠠᠬᠤ ᠦᠭᠡᠢ ᠵᠢᠨ ᠲᠦᠯᠦᠭᠡ ᠨᠢᠭᠡ ᠯᠡ ᠰᠠᠷ᠎ᠠ ᠵᠢᠨ ᠲᠤᠳᠣᠷ᠎ᠠ  ᠭᠤᠷᠪᠠᠨ ᠵᠠᠭᠤᠨ  ᠪᠤᠭᠤᠯᠲᠠ ᠬᠡᠮᠡᠷᠯᠢᠭ ᠨᠡᠭᠡᠴᠢᠬᠡᠯ᠎ᠡ᠃ ᠡᠨᠡ᠎ᠨᠢ ᠳ᠋ᠦᠡᠭ  ᠶᠦᠩ ᠎ᠢ ᠰᠤᠯᠠᠯᠠᠵᠤ ᠭᠠᠷᠭ᠋ᠠᠬᠤ᠎ᠳᠤ ᠭᠦᠢ᠍ᠴᠡᠬᠦ ᠯᠡ ᠬᠡᠷᠡᠭ᠃
   ᠡᠷ᠎ᠡ ᠡᠮ᠎ᠡ  ᠬᠤᠶᠠᠭᠤᠯᠠ᠎ᠪᠠᠨ  ᠪᠠᠶᠠᠷ ᠬᠦᠷ᠎ᠲᠠᠢ᠎ᠪᠠᠷ  ᠭᠡᠷ᠎ᠲᠤ ᠬᠠᠷᠢᠬᠤ ᠵᠠᠮ᠎ᠳᠤ  ᠲᠡᠷᠡ ᠬᠦ᠌ ᠲᠤᠮᠤ  ᠬᠤᠩᠭᠤᠷᠴᠤᠭᠲᠤ ᠮᠤᠳᠤᠨ᠎ᠤ ᠬᠠᠵᠠᠭᠤ᠎ᠪᠠᠷ ᠦᠩᠭᠡᠷᠡᠬᠦ ᠦᠶᠡᠰ ᠦᠬᠢᠨ᠄《ᠪᠢ ᠪᠣᠯ   ᠲᠡᠭᠷᠢ ᠵᠢᠨ   ᠬᠠᠭ᠋ᠠᠨ᠎ᠤ ᠦᠬᠢᠨ ᠶᠤᠮᠰᠠᠨ᠂ ᠲᠡᠭᠷᠢ ᠵᠢᠨ   ᠬᠠᠭ᠋ᠠᠨ  ᠲᠠᠨ᠎ᠤ  ᠠᠴᠢᠯᠠᠯᠲᠤ ᠦᠢ᠍ᠯᠡ ᠵᠢ ᠲᠠᠭ᠋ᠠᠰᠢᠶᠠᠵᠤ᠂ ᠨᠠᠮ᠎ᠠ ᠵᠢ  ᠳᠣᠣᠷ᠎ᠠ ᠶᠢᠷᠲᠢᠨᠴᠦ᠎ᠳᠤ ᠪᠠᠭᠤᠯᠭ᠋ᠠᠨ ᠲᠠᠨ ᠎ᠳᠤ ᠲᠤᠰᠠᠯᠠᠭᠤᠯᠵᠠᠢ᠃ ᠡᠳᠦᠭᠡ ᠡᠭᠦᠷᠭᠡ᠎ᠪᠠᠨ  ᠭᠦᠢ᠍ᠴᠡᠳᠭᠡᠭᠰᠡᠨ ᠲᠤᠯᠠ  ᠲᠡᠭᠷᠢ᠎ᠳᠤ᠎ᠪᠠᠨ ᠪᠤᠴᠠᠬᠤ ᠪᠣᠯᠣᠯ᠎ᠠ》 ᠭᠡᠵᠦ ᠦᠨᠡᠨ ᠦᠭᠡ᠎ᠪᠠᠨ ᠦᠴᠢᠯ᠎ᠡ᠃  ᠦᠬᠢᠨ ᠡᠭᠦᠨ᠎ᠢ ᠬᠡᠯᠡᠵᠦ ᠪᠠᠷᠠᠮᠠᠭᠴᠠ᠎ᠪᠠᠨ ᠬᠤᠩᠭᠤᠷᠴᠤᠭᠲᠤ ᠮᠤᠳᠤᠨ᠎ᠤ ᠳᠣᠣᠷ᠎ᠠ ᠪᠠᠷ᠎ᠠ ᠲᠠᠰᠤ ᠠᠷᠢᠯᠵᠤ  ᠣᠳᠤᠯ᠎ᠠ᠃  ᠡᠭᠦᠨ᠎ᠠᠴᠠ ᠬᠣᠢ᠌ᠰᠢ ᠡᠨᠡ ᠭᠠᠵᠠᠷ᠎ᠢ 《ᠰᠢᠶᠤᠤ ᠭᠠᠨ (ᠠᠴᠢᠯᠠᠯ ᠵᠶ᠋ᠠᠷ  ᠤᠶᠠᠷᠠᠭᠤᠯᠬᠤᠢ)》 (《孝感》) ᠭᠡᠮᠡᠨ ᠨᠡᠷᠡᠢ᠌ᠳᠴᠦ᠂  ᠡᠳᠦᠭᠡ᠎ᠳᠤ ᠲᠤᠯᠲᠠᠯ᠎ᠠ ᠡᠨᠡ ᠨᠡᠷ᠎ᠡ ᠵᠢ ᠬᠡᠷᠡᠭᠯᠡᠭᠰᠡᠭᠡᠷ ᠢᠷᠡᠵᠡᠢ᠃
ᠡᠨᠡ ᠦᠯᠢᠭᠡᠷ ᠠᠷᠠᠳ᠎ᠤᠨ ᠳᠤᠮᠳᠠ ᠠᠮᠠ ᠳᠠᠮᠵᠢᠨ ᠤᠯᠠᠮᠵᠢᠯᠠᠭᠳᠠᠨ ᠳᠡᠯᠭᠡᠷᠡᠵᠦ᠂   ᠤᠯᠠᠷᠢᠨ ᠬᠤᠪᠢᠰᠤᠭᠰᠠᠭ᠋ᠠᠷ᠂ ᠤᠳᠬ᠎ᠠ ᠠᠭᠤᠯᠭ᠎ᠠ᠎ᠨᠢ ᠠᠴᠢᠯᠠᠯ ᠡᠯᠪᠡᠷᠢᠯ᠎ᠠᠴᠠ᠎ᠪᠠᠨ ᠬᠤᠪᠢᠷᠠᠭ᠋ᠠᠳ ᠢᠨᠠᠭ ᠳᠤᠷᠠᠯᠠᠯ ᠲᠡᠢ᠌ᠰᠢ ᠰᠢᠯᠵᠢᠨ᠂  ᠬᠤᠸᠠᠩ ᠮᠸᠢ ᠰᠢ ᠵᠦᠴᠦᠭᠡ 《ᠲᠡᠭᠷᠢ ᠵᠢᠨ ᠳᠠᠬᠢᠨᠢ ᠵᠢᠨ ᠪᠠᠷᠢᠯᠳᠤᠯᠭ᠎ᠠ》 ᠪᠤᠯᠤᠨ ᠬᠤᠪᠢᠷᠠᠵᠤ᠂  ᠦᠯᠢᠭᠡᠷ᠎ᠲᠤ᠎ᠬᠢ ᠦᠬᠢᠨ ᠴᠦ᠍ 《ᠳᠤᠯᠤᠳᠤᠭ᠋ᠠᠷ ᠳᠠᠬᠢᠨᠢ》 ᠭᠡᠮᠡᠨ ᠨᠡᠷᠡᠯᠡᠭᠳᠡᠵᠡᠢ᠃
《ᠳ᠋ᠦᠡᠭ  ᠶᠦᠩ ᠪᠣᠯᠣᠨ ᠳᠤᠯᠤᠳᠤᠭ᠋ᠠᠷ ᠳᠠᠬᠢᠨᠢ》 ᠵᠢᠨ ᠦᠯᠢᠭᠡᠷ  ᠠᠷᠠᠳ᠎ᠤᠨ ᠳᠤᠮᠳᠠ ᠦᠷᠭᠡᠨ ᠳᠡᠯᠭᠡᠷᠡᠵᠦ᠂ ᠳᠠᠶᠠᠩ ᠳᠡᠯᠡᠬᠡᠢ᠎ᠳᠤ ᠲᠠᠷᠬᠠᠨ ᠲᠦᠭᠡᠵᠦ᠂  ᠮᠸᠩ ᠵᠢᠶᠠᠩ ᠨᠢᠦᠢ ᠤᠷᠲᠤ ᠴᠠᠭ᠋ᠠᠨ ᠬᠡᠷᠡᠮ᠎ᠳᠤᠷ ᠤᠬᠢᠯᠠᠭᠰᠠᠨ᠂  ᠦᠬᠡᠷᠴᠢᠨ ᠬᠦᠦ ᠨᠡᠬᠡᠮᠡᠯᠴᠢᠨ ᠦᠬᠢᠨ᠂  ᠯᠢᠶᠠᠩ ᠱᠠᠨ ᠪᠦᠸᠸ ᠬᠢᠭᠡᠳ ᠵᠦ᠍  ᠶᠢᠩ᠎ᠲᠠᠢ ᠵᠡᠷᠭᠡ ᠦᠯᠢᠭᠡᠷ᠎ᠲᠠᠢ ᠬᠠᠮᠲᠤ᠎ᠪᠠᠷ ᠳᠤᠮᠳᠠᠳᠤ ᠤᠯᠤᠰ᠎ᠤᠨ  ᠠᠷᠠᠳ᠎ᠤᠨ ᠳᠤᠮᠳᠠᠬᠢ ᠳᠦᠷᠪᠡᠨ ᠶᠡᠬᠡ ᠢᠨᠠᠭ ᠳᠤᠷᠠᠯᠠᠯ᠎ᠤᠨ ᠦᠯᠢᠭᠡᠷ ᠭᠡᠮᠡᠨ  ᠠᠯᠳᠠᠷᠰᠢᠭᠰᠠᠨ ᠶᠤᠮ᠃  ᠡᠨᠡ ᠦᠯᠢᠭᠡᠷ᠎ᠨᠢ ᠬᠠᠷᠢᠨ  ᠠᠴᠢᠯᠠᠯᠲᠤ ᠬᠦᠪᠡᠭᠦᠨ ᠳ᠋ᠦᠡᠭ  ᠶᠦᠩ᠎ᠤᠨ ᠦᠪᠡᠷ᠎ᠢ᠎ᠪᠠᠨ ᠬᠤᠳᠠᠯᠳᠤᠨ ᠠᠪᠤ᠎ᠪᠠᠨ ᠤᠷᠤᠰᠢᠭᠤᠯᠤᠭᠰᠠᠨ ᠦᠯᠢᠭᠡᠷ᠎ᠠᠴᠠ   ᠡᠭᠦᠰᠦᠯ᠎ᠲᠠᠢ ᠰᠢᠦ ᠳ᠋ᠠ᠃



ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠨᠠᠮ᠎ᠤᠨ ᠭᠡᠰᠢᠭᠦᠨ ᠺᠠᠳ᠋ᠷᠴᠤᠳ᠎ᠢ ᠵᠣᠬᠢᠶᠠᠨ ᠪᠠᠢ᠌ᠭᠤᠯᠵᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠦᠮᠤᠵᠢᠯ᠎ᠤᠨ ᠤᠷᠳᠤᠨ᠎ᠢ ᠲᠤᠭᠤᠷᠢᠨ ᠦᠵᠡᠬᠦᠯᠪᠡ
ᠰᠡᠳᠬᠢᠯ ᠵᠢᠷᠦᠬᠡ᠎ᠪᠠᠨ ᠬᠣᠯᠪᠣᠵᠤ ᠦᠷ᠎ᠡ ᠵᠢᠷᠦᠬᠡ᠎ᠪᠠᠨ ᠨᠢᠭᠡᠳᠬᠡᠨ᠎ᠡ ᠬᠠᠮᠳᠤᠳᠬᠠᠶ᠎ᠠ — 《ᠲᠤᠮᠳᠠᠳᠤᠴᠤᠳ ᠨᠢᠬᠡ ᠬᠡᠷ ᠮᠡᠳᠤ ᠲᠤᠳᠤᠨᠤ᠂ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠶ᠎ᠠ》 ᠬᠡᠬᠦ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠵᠢ ᠡᠬᠢᠯᠡᠭᠦᠯᠵᠡᠢ
 
            