ᠳ᠋ᠠᠢ ᠪᠠᠢ᠌ᠭᠤᠯ ᠵᠤᠬᠢᠶᠠᠪᠠ
ᠬᠢᠶᠠᠨ ᠤᠷᠴᠢᠭᠤᠯᠪᠠ
ᠦᠵᠠᠰᠭᠦᠯᠠᠡᠭ ᠰᠠᠢ᠌ᠬᠠᠨ᠂ ᠦᠷᠭᠡᠨ ᠠᠭᠤᠳᠠᠮ᠂ ᠷᠢᠳᠢ ᠰᠢᠳᠢ᠎ᠲᠠᠢ ᠬᠤᠷᠴᠢᠨ ᠨᠤᠳᠤᠭ ᠦᠷᠯᠦᠭᠡ ᠵᠢᠨ ᠤᠨᠢᠶᠠᠷᠯᠤᠭᠠ ᠨᠤᠢ᠌ᠷ᠎ᠠᠴᠠ ᠰᠡᠷᠡᠵᠦ᠂ ᠠᠯᠳᠠᠨ ᠰᠢᠷᠭ᠋ᠠᠯ ᠨᠠᠷᠠᠨ᠎ᠤ ᠢᠯᠴᠢ ᠵᠢ ᠰᠢᠡᠭᠭᠡᠭᠡᠵᠤ᠂ ᠦᠳᠡᠰᠢ ᠵᠢᠨ ᠲᠤᠯᠤᠡᠭᠤᠨ ᠲᠤᠶᠠᠭ᠋ᠠᠯᠠᠯ ᠲᠤᠤᠷ᠎ᠠ ᠤᠨ ᠵᠢᠯ ᠡᠭᠡᠯᠵᠢᠯᠡᠵᠤ᠂ ᠲᠦᠮᠠᠨ ᠪᠤᠳᠠᠰ᠎ᠢ ᠲᠦᠯᠵᠢᠭᠦᠯᠦᠨᠡᠮ᠃ ᠲᠠᠯ᠎ᠠ ᠵᠢᠨ ᠦᠷᠤᠴᠠᠨ ᠳᠤ ᠤᠶᠠᠬᠠᠨ ᠢᠷᠠᠭᠤ ᠡᠭᠡᠰᠢᠭᠯᠡᠩᠲᠦ ᠮᠤᠷᠢᠨ ᠬᠤᠭᠤᠷ᠎ᠤᠨ ᠠᠶ᠎ᠠ ᠰᠣᠨᠤᠷ᠎ᠢ ᠮᠢᠯᠢᠶᠠᠨ᠎ᠠ᠃ ᠴᠦᠷᠭᠡᠯᠡᠭᠰᠡᠨ ᠶᠡᠭᠡ ᠭᠢᠩᠭ᠋ᠠᠨ ᠲᠠᠪᠠᠭ᠎ᠠ ᠵᠢᠨ ᠡᠮᠤᠨ᠎ᠠ ᠬᠤᠷᠮᠤᠢ ᠵᠢᠨ ᠠᠭᠤᠯᠠ ᠨᠢᠷᠤᠭᠤ ᠵᠢᠨ ᠲᠤᠮᠳᠠ ᠤᠢ ᠮᠤᠳᠤ᠎ᠪᠠᠷ ᠪᠦᠷᠭᠦᠭᠳᠡᠭᠰᠡᠨ ᠬᠠᠨ ᠠᠭᠤᠯᠠ ᠵᠢᠨ ᠬᠤᠷᠮᠤᠢ᠎ᠳᠤ ᠤᠷᠤᠰᠬᠠᠯ ᠭᠤᠷᠤᠬ᠎ᠠ ᠨᠠᠢ᠌ᠯᠠᠯᠳᠤᠨ ᠲᠤᠩᠭ᠋ᠠᠯᠠᠭ ᠰᠠᠢ᠌ᠬᠠᠨ ᠭᠤᠤᠯ ᠪᠤᠯᠳᠠᠭ᠂ ᠡᠨᠡ ᠭᠤᠤᠯ᠎ᠢ ᠬᠤᠤᠯᠢᠨ ᠭᠤᠤᠯ ᠭᠡᠳᠡᠭ᠂ ᠬᠤᠤᠯᠢᠨ ᠭᠤᠤᠯ ᠲᠤᠷᠤᠨ᠎ᠠ ᠵᠦᠭ ᠮᠢᠷᠠᠯᠵᠠᠨ ᠤᠷᠤᠰᠤᠮᠤᠢ᠃ ᠬᠤᠤᠯᠢᠨ ᠭᠤᠤᠯ᠎ᠤᠨ ᠲᠠᠡᠵᠢᠨ ᠲᠡᠭᠡᠷ᠎ᠠ ᠨᠢᠭᠡᠨ ᠭᠦᠮᠤᠨ ᠮᠠᠡᠳᠤᠬᠤ ᠨᠠᠷᠠ ᠵᠢ ᠤᠬᠳᠤᠨ ᠠᠯᠤᠰ᠎ᠢ ᠰᠢᠷᠳᠡᠨ ᠡᠪᠤᠭᠡ ᠲᠡᠭᠡᠳᠤ ᠵᠢᠨ ᠵᠶ᠋ᠠᠨ ᠤᠯᠠ ᠮᠦᠷ᠎ᠢ ᠮᠦᠷᠳᠡᠵᠤ ᠠᠨᠠᠭ᠋ᠠᠬᠤ ᠤᠬᠠᠭ᠋ᠠᠨ᠎ᠤ ᠦᠨᠡᠨ᠎ᠢ ᠡᠳᠤᠷᠵᠢᠨ ᠰᠦᠨᠢᠵᠢᠨ ᠬᠠᠢ᠌ᠨᠠᠮ᠃ ᠲᠠᠷᠠ ᠭᠦᠮᠤᠨ ᠪᠤᠯ ᠭᠦᠮᠤᠰ᠎ᠲᠤ 《ᠲᠠᠯ᠎ᠠ ᠨᠤᠲᠤᠭ᠎ᠤᠨ ᠬᠤᠪᠢᠯᠭ᠋ᠠᠨ ᠡᠮᠴᠢ》 《ᠪᠤᠷᠬᠠᠨ ᠡᠮᠴᠢ》 ᠭᠡᠮᠡᠭᠳᠡᠭᠰᠡᠨ ᠸᠠᠡᠭ ᠪᠦᠭᠡ ᠡᠮᠴᠢ ᠪᠢᠯᠡ᠃
ᠸᠠᠡᠭ ᠪᠦᠭᠡ ᠪᠤᠯ ᠠᠯᠳᠠᠷᠳᠤ ᠮᠤᠩᠭᠤᠯ ᠡᠮᠴᠢ ᠪᠤᠯᠬᠤ ᠪᠦᠭᠡᠳ ᠤᠯᠤᠰ᠎ᠤᠨ ᠲᠠᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠲᠦᠷᠤᠯ ᠵᠦᠢ᠍ᠯ ᠪᠤᠯᠬᠤ 《ᠬᠤᠷᠴᠢᠨ᠎ᠤ ᠮᠤᠩᠭᠤᠯ ᠡᠮ᠎ᠤᠨ ᠤᠭᠢᠶᠠᠯᠭ᠎ᠠ᠎ᠪᠠᠷ ᠡᠮᠨᠡᠭᠦ ᠠᠷᠭ᠎ᠠ》 ᠵᠢᠨ ᠤᠯᠠᠮᠵᠢᠯᠠᠬ᠍ᠴᠢ ᠪᠠᠢ᠌ᠵᠤ᠂ ᠲᠡᠷᠡ᠎ᠪᠠᠷ ᠤᠷᠢᠳ ᠬᠤᠵᠢᠳ《ᠰᠢᠨ᠎ᠠ ᠵᠠᠭᠤᠨ᠎ᠤ ᠲᠤᠮᠳᠠᠳᠤ ᠤᠯᠤᠰ᠎ᠤᠨ ᠡᠷᠢᠨ ᠵᠠᠭᠤᠨ᠎ᠤ ᠰᠦᠭ ᠰᠦᠨᠡᠰᠤ —ᠰᠤᠨᠢᠨ ᠮᠡᠳᠡᠭᠡᠨ᠎ᠳᠤ᠎ᠬᠢ ᠭᠦᠮᠤᠨ》 《ᠪᠦᠭᠦ ᠤᠯᠤᠰ᠎ᠤᠨ ᠦᠡᠳᠤᠰᠤᠳᠠᠨᠤ ᠪᠦᠯᠭᠦᠮᠳᠠᠯ ᠲᠠᠪᠰᠢᠯᠳᠠ ᠵᠢᠨ ᠵᠢᠱ᠌ᠢᠶᠠᠴᠢ ᠬᠤᠪᠢ ᠭᠦᠮᠤᠨ》 《ᠪᠦᠭᠦ ᠤᠯᠤᠰ᠎ᠤᠨ ᠭᠦᠳᠡᠭᠡ ᠲᠤᠰᠬᠤᠨ᠎ᠤ ᠰᠢᠯᠢᠳᠡᠭ ᠡᠮᠴᠢ》 《ᠪᠦᠭᠦ ᠤᠯᠤᠰ᠎ᠤᠨ ᠭᠦᠳᠡᠭᠡ ᠲᠤᠰᠬᠤᠨ᠎ᠤ ᠬᠠᠮᠤᠭ᠎ᠤᠨ ᠰᠣᠳᠤᠨ ᠡᠮᠴᠢ》 《ᠪᠦᠭᠦ ᠤᠯᠤᠰ᠎ᠤᠨ ᠪᠤᠯᠪᠠᠰᠤᠨ ᠭᠡᠷ ᠪᠦᠯᠢ》 《ᠲᠤᠮᠳᠠᠳᠤ ᠵᠢᠨ ᠨᠢᠭᠦᠯᠡᠰᠦᠩᠭᠦᠢ ᠵᠢᠨ ᠦᠢ᠍ᠯᠠᠰ ᠲᠤ ᠲᠤᠪᠤᠢ᠌ᠮ᠎ᠠ ᠬᠤᠪᠢ ᠨᠡᠮᠡᠷᠢ ᠬᠠᠨᠳᠢᠪᠯᠠᠭᠰᠠᠨ ᠬᠤᠪᠢ ᠭᠦᠮᠤᠨ 》 ᠵᠡᠷᠭᠡ ᠲᠦᠷᠤ ᠵᠢᠨ ᠲᠠᠰ᠎ᠤᠨ 35 ᠢᠷᠠᠭᠤ ᠠᠯᠳᠠᠷ᠎ᠢ ᠭᠦᠷᠳᠡᠭᠰᠡᠨ ᠪᠠᠢ᠌ᠨ᠎ᠠ᠃ ᠸᠠᠡᠭ ᠪᠦᠭᠡ ᠡᠮᠴᠢ ᠦᠷᠤᠰᠢᠶᠠᠩᠭᠦᠢ ᠰᠠᠳᠭᠢᠯ᠂ ᠮᠠᠷᠭᠡᠨ ᠡᠮᠴᠢᠯᠡᠭᠡ ᠵᠢᠨ ᠮᠠᠷᠭᠡᠵᠢᠯ ᠵᠢᠡᠷ ᠣᠯᠠᠨ ᠡᠪᠡᠳᠴᠢᠲᠡᠨ᠎ᠢ ᠡᠮᠨᠡᠨ ᠵᠠᠰᠠᠵᠤ ᠡᠳᠡᠭᠡᠷᠡᠭᠦᠯᠦᠨ ᠠᠪᠤᠭ᠋ᠠᠳ᠂ ᠬᠦᠮᠦᠨ ᠵᠤᠨ᠎ᠳᠤ ᠪᠤᠶᠠᠨ ᠭᠢᠵᠤ᠂ ᠬᠠᠪᠢ ᠦᠢ᠍ᠷ᠎ᠠ ᠵᠢᠨ᠎ᠬᠢᠨ ᠵᠶ᠋ᠡᠨ ᠲᠤᠬᠳᠤᠯᠤᠭᠤᠯᠤᠬᠰᠠ ᠪᠠᠢ᠌ᠨ᠎ᠠ᠃
ᠨᠠᠷᠠᠳᠤ ᠡᠮᠴᠢ᠎ᠳᠤ ᠱᠠᠪᠢ ᠤᠷᠤᠵᠤ ᠂ ᠡᠪᠠᠳᠴᠢᠨ ᠡᠮᠭᠡᠭ᠎ᠢ ᠵᠠᠰᠠᠵᠤ ᠡᠳᠡᠭᠡᠷᠡᠭᠦᠯᠪᠡ
ᠸᠠᠡᠭ ᠪᠦᠭᠡ 1960 ᠤᠨ᠎ᠳᠤ᠂ ᠦᠪᠤᠷ ᠮᠤᠩᠭᠤᠯ᠎ᠤᠨ ᠦᠪᠠᠷᠳᠡᠭᠡᠨ ᠵᠠᠰᠠᠬᠤ ᠤᠷᠤᠨ᠎ᠤ ᠭᠢᠩᠭ᠋ᠠᠨ ᠠᠢ᠌ᠮᠠᠭ᠎ᠤᠨ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤ ᠵᠢᠨ ᠪᠠᠷᠠᠭᠤᠨ ᠵᠢᠷᠢᠮ ᠭᠠᠴᠠᠭ᠎ᠠ ᠵᠢᠨ ᠨᠢᠭᠡᠨ ᠶᠠᠳᠠᠭᠤ ᠠᠮᠢᠳᠤᠷᠠᠯ᠎ᠲᠠᠢ ᠭᠡᠷ ᠪᠦᠯᠢ᠎ᠳᠤ ᠵᠠᠶᠠᠭ᠋ᠠᠪᠠ᠃ ᠲᠠᠷᠠ 8 ᠨᠠᠰᠤᠳᠠᠢ ᠦᠶ᠎ᠠ᠎ᠳᠤ ᠲᠡᠭᠦᠨ᠎ᠤ ᠠᠪᠤ᠎ᠨᠢ ᠲᠠᠬᠰᠢᠭᠤᠷ᠎ᠲᠤ ᠨᠡᠷᠪᠡᠭᠳᠡᠭᠰᠡᠨ᠎ᠳᠤ ᠠᠮᠢᠳᠤᠷᠠᠯ ᠭᠦᠴᠢᠷᠲᠠᠢ᠎ᠠᠴᠠ ᠪᠤᠯᠵᠤ ᠡᠮᠴᠢ ᠵᠠᠯᠠᠵᠤ ᠡᠪᠠᠳᠴᠢᠨᠢᠨᠢ ᠦᠵᠡᠭᠦᠯᠵᠤ ᠲᠠᠢ᠌ᠯᠦᠭᠰᠡᠨ ᠦᠭᠡᠢ ᠪᠤᠶᠤ ᠴᠢᠨᠠᠭᠰᠢᠯᠠᠭ᠋ᠠᠳ ᠡᠮ ᠵᠠᠯᠠᠵᠤ ᠤᠤᠭᠤᠯᠭ᠋ᠠᠵᠤ ᠴᠤ᠌ ᠲᠠᠢ᠌ᠯᠦᠭᠰᠡᠨ ᠦᠭᠡᠢ᠎ᠠᠴᠠ ᠪᠤᠯᠵᠤ ᠨᠠᠰᠤ ᠪᠠᠷᠠᠪᠠ᠃ ᠡᠨᠡ ᠶᠠᠪᠤᠳᠠᠯ ᠪᠠᠭ᠎ᠠ ᠨᠠᠰᠤᠨ᠎ᠤ ᠸᠠᠡᠭ ᠪᠦᠭᠡ᠎ᠳᠤ ᠮᠠᠷᠳᠠᠬᠳᠠᠰᠢ ᠦᠭᠡᠢ ᠮᠦᠷᠳᠡᠭᠡᠨ ᠡᠳᠡᠭᠡᠷᠡᠰᠢ ᠦᠭᠡᠢ ᠰᠢᠷᠬ᠎ᠠ ᠰᠤᠷᠪᠢ ᠪᠤᠯᠤᠬᠰᠠᠨ ᠪᠠᠢ᠌ᠨ᠎ᠠ᠃ ᠲᠡᠭᠡᠭᠡᠳ ᠲᠠᠷᠠ 《ᠰᠠᠢ᠌ᠨ ᠡᠮᠴᠢ ᠪᠤᠯᠵᠤ ᠪᠠᠢ᠌ᠭ᠋ᠠᠳ ᠶᠠᠳᠠᠭᠤ ᠭᠦᠮᠤ᠎ᠨᠢ ᠬᠠᠪᠰᠤᠷᠤᠨᠠᠮ》 ᠬᠡᠵᠢ ᠠᠮᠠᠨ ᠲᠠᠩᠭ᠋ᠠᠷᠢᠭ ᠭᠢᠭᠰᠡᠨ ᠪᠠᠢ᠌ᠨ᠎ᠠ᠃
ᠲᠠᠷᠠ 13 ᠨᠠᠰᠤᠳᠠᠢ ᠳᠤ᠎ᠪᠠᠨ ᠰᠠᠢ᠌ᠨ ᠭᠦᠮᠤᠨ᠎ᠤ ᠲᠠᠨᠢᠯᠴᠠᠭᠤᠯᠭ᠎ᠠ᠎ᠪᠠᠷ ᠲᠤᠬᠠᠢ ᠵᠢᠨ ᠭᠠᠵᠡᠷ ᠲᠤ᠎ᠪᠠᠨ ᠶᠡᠭᠡ ᠯᠠ ᠨᠠᠷᠠ ᠲᠦᠷᠤ᠎ᠲᠠᠢ ᠶᠠᠪᠤᠬᠤ ᠪᠠᠢ᠌ᠬᠰᠠᠨ ᠨᠠᠰᠤᠳᠠᠢ ᠯᠠᠮᠠ ᠪᠦᠷᠭᠦᠳᠰᠢᠪᠠᠭᠤ ᠶᠡᠭᠡ ᠪᠠᠭᠰᠢ ᠵᠢᠨ ᠲᠤᠤᠷ᠎ᠠ ᠱᠠᠪᠢ ᠤᠷᠤᠵᠤ᠂ ᠠᠨᠠᠭ᠋ᠠᠬᠤ ᠤᠬᠠᠭ᠋ᠠᠨ ᠰᠤᠷᠴᠤ ᠰᠤᠳᠤᠯᠬᠤ ᠵᠠᠮ ᠵᠢᠡᠨ ᠡᠭᠢᠯᠡᠭᠦᠯᠦᠭᠰᠡᠨ ᠪᠠᠢ᠌ᠨ᠎ᠠ᠃ ᠡᠭᠦᠨ᠎ᠠᠴᠠ ᠡᠭᠢᠯᠡᠭᠡᠳ ᠲᠠᠷᠠ ᠡᠳᠤᠷ ᠪᠦᠷᠢ 60 ᠢᠯᠡᠭᠦᠦ ᠭᠠᠵᠡᠷ ᠨᠠᠭ᠋ᠠᠰᠢ ᠴᠠᠭ᠋ᠠᠰᠢ ᠶᠠᠪᠠᠭ᠋ᠠᠨ ᠶᠠᠪᠤᠵᠤ ᠵᠡᠭᠦᠦ ᠲᠦᠭᠡᠨᠡᠯᠭᠡ᠂ ᠢᠯᠢᠭᠦ (ᠮᠤᠩᠭᠤᠯ ᠡᠮᠨᠡᠯᠭᠡ ᠵᠢᠨ ᠤᠯᠠᠮᠵᠢᠯᠠᠯᠳᠤ ᠵᠠᠰᠠᠬᠤ ᠠᠷᠭ᠎ᠠ)᠂ ᠮᠤᠩᠭᠤᠯ ᠡᠮ᠎ᠤᠨ ᠢᠳᠠ ᠵᠢᠨ ᠤᠬᠠᠭ᠋ᠠᠨ᠂ 《ᠮᠤᠩᠭᠤᠯ ᠡᠮ᠎ᠢ ᠵᠦᠪ ᠲᠠᠨᠢᠬᠤ ᠲᠤᠯᠢ》 (ᠡᠭᠦᠨ᠎ᠤ ᠪᠦᠭᠦᠯᠢ ᠨᠠᠷᠠ ᠨᠢ ᠨᠠᠢ᠍ᠮᠠᠨ ᠲᠤᠢ᠌ᠨ ᠵᠠᠮᠪᠠᠯᠳᠤᠷᠵᠢ ᠵᠢᠨ ᠵᠤᠬᠢᠶᠠᠬᠰᠡᠨ 《ᠠᠨᠠᠭ᠋ᠠᠨ ᠤᠢ᠌ᠯᠠᠳᠦᠭᠴᠢ ᠷᠡᠰᠢᠶᠠᠨᠤ ᠨᠢᠭᠤᠷ᠎ᠢ ᠡᠡᠳᠠᠭᠦᠷᠡᠯ ᠦᠭᠡᠢ ᠲᠠᠨᠢᠨ ᠪᠠᠷᠢᠬᠤ ᠤᠷᠠᠯᠠᠬᠤ ᠤᠬᠠᠭ᠋ᠠᠨ᠎ᠤ ᠲᠤᠯᠢᠨᠳᠤᠷ ᠲᠦᠷᠢ ᠲᠤᠳᠤᠷᠠᠭᠤᠯᠤᠬᠰᠠᠨ ᠭᠠᠢ᠌ᠬᠠᠮᠰᠢᠬᠳᠤ ᠦᠵᠠᠰᠬᠦᠯᠡᠡᠭᠳᠤ ᠨᠢᠳᠤᠨ ᠴᠢᠮᠡᠭ》᠂ ᠲᠤᠪᠴᠢ ᠨᠠᠷᠠ ᠨᠢ 《ᠦᠵᠡᠰᠭᠦᠯᠡᠩᠳᠦ ᠨᠢᠳᠤᠨ ᠴᠢᠮᠡᠭ 》)᠂《ᠠᠨᠠᠭ᠋ᠠᠬᠤ ᠤᠬᠠᠭ᠋ᠠᠨ᠎ᠤ ᠲᠦᠷᠪᠠᠨ ᠦᠡᠳᠤᠰᠤ》《ᠰᠤᠳᠠᠯ ᠪᠠᠷᠢᠵᠤ ᠤᠨᠤᠰᠢᠯᠠᠬᠤ ᠲᠦᠢ᠍ᠮᠤ》ᠵᠡᠷᠭᠡ ᠠᠨᠠᠭ᠋ᠠᠬᠤ ᠤᠬᠭ᠋ᠠᠨᠤ ᠤᠨᠤᠯ᠂ ᠮᠤᠩᠭᠤᠯ ᠡᠮᠨᠡᠯᠭᠡ ᠵᠢᠨ ᠲᠠᠪᠤᠨ ᠵᠠᠰᠠᠯ ᠪᠠ ᠮᠤᠩᠭᠤᠯ ᠠᠨᠠᠭ᠋ᠠᠬᠤ ᠤᠬᠠᠭ᠋ᠠᠨ᠎ᠤ ᠭᠠᠯᠳᠤ ᠵᠡᠭᠦᠦ ᠵᠢᠨ ᠠᠷᠪᠠᠨ ᠠᠷᠭ᠎ᠠ ᠵᠢ ᠰᠢᠰᠲᠸᠮ᠎ᠲᠠᠢ ᠰᠤᠷᠤᠯᠴᠠᠬᠰᠠᠨ ᠪᠠᠢ᠌ᠨ᠎ᠠ᠃ ᠡᠨᠡ ᠶᠠᠪᠤᠴᠠ᠎ᠳᠤ ᠸᠠᠡᠭ ᠪᠦᠭᠡ ᠨᠤᠢ᠌ᠷ ᠬᠤᠭᠤᠯᠠ ᠦᠭᠡᠢ ᠰᠤᠷᠤᠯᠴᠠᠨ ᠰᠢᠷᠭ᠋ᠠᠭᠤ ᠰᠤᠳᠤᠯᠵᠤ ᠪᠠᠭᠰᠢ ᠵᠢᠨ ᠤᠯᠠᠮᠵᠢᠯᠠᠬᠰᠠᠨ ᠡᠮᠴᠢᠯᠡᠭᠡ ᠵᠢᠨ ᠮᠠᠷᠭᠡᠵᠢᠯ᠎ᠤᠨ ᠨᠠᠷᠢᠨ ᠨᠢᠭᠤᠴᠠ ᠵᠢ ᠨᠠᠷᠢᠨ ᠨᠢᠮᠪᠠᠢ ᠦᠢ᠍ᠯᠠᠭ᠋ᠠᠵᠤ᠂ ᠮᠤᠩᠭᠤᠯ ᠡᠮᠨᠡᠯᠭᠡ᠂ ᠮᠤᠩᠭᠤᠯ ᠡᠮ᠎ᠤᠨ ᠮᠠᠳᠡᠯᠭᠡ ᠵᠢ ᠨᠠᠪᠳᠡᠷᠭᠡᠢ ᠡᠵᠡᠮᠰᠢᠪᠠ᠃ ᠡᠮ ᠨᠠᠢ᠌ᠷᠠᠬᠤ ᠮᠠᠷᠭᠡᠵᠢᠯᠢ ᠨᠠᠪᠳᠡᠷᠭᠡᠢ ᠡᠵᠡᠮᠰᠢᠭᠦ ᠵᠢᠨ ᠲᠦᠯᠦᠭᠡ ᠸᠠᠡᠭ ᠪᠦᠭᠡ ᠭᠡᠭᠡᠷ᠎ᠠ ᠭᠠᠷᠴᠤ ᠡᠮ ᠲᠡᠭᠦᠵᠤ ᠠᠪᠴᠢᠷᠠᠨ ᠮᠤᠩᠭᠤᠯ ᠡᠮ ᠨᠠᠢ᠌ᠷᠠᠵᠤ ᠦᠪᠠᠷ ᠵᠢᠡᠨ ᠤᠤᠭᠤᠵᠤ ᠡᠮ᠎ᠤᠨ ᠦᠷ᠎ᠠ ᠪᠦᠳᠦᠮᠵᠢ ᠵᠢ ᠲᠠᠭᠢᠨ ᠲᠠᠪᠳᠠᠨ ᠲᠤᠷᠰᠢᠬᠰᠠᠨ ᠪᠠᠢ᠌ᠨ᠎ᠠ᠃ 1985 ᠤᠨ᠎ᠳᠤ᠂ ᠸᠠᠡᠭ ᠪᠦᠭᠡ ᠭᠦᠳᠡᠭᠡ ᠲᠤᠰᠬᠤᠨ᠎ᠤ ᠡᠮᠴᠢ ᠵᠢᠨ ᠰᠢᠯᠭ᠋ᠠᠯᠳᠠ᠎ᠪᠠᠷ ᠲᠠᠮᠵᠢᠵᠤ᠂ ᠠᠢ᠌ᠯ ᠳᠤ᠎ᠪᠠᠨ ᠬᠠᠮᠤᠭ᠎ᠤᠨ ᠲᠦᠷᠦᠭᠦᠦ ᠦᠨᠡᠮᠯᠡᠯ᠎ᠲᠠᠢ ᠡᠮᠴᠢ ᠪᠤᠯᠤᠭ᠋ᠠᠳ 《ᠸᠠᠡᠭ ᠪᠦᠭᠡ ᠵᠢᠨ ᠡᠮᠴᠢᠯᠡᠭᠡ ᠵᠢᠨ ᠭᠠᠵᠡᠷ》 ᠪᠠᠢ᠌ᠭᠤᠯᠵᠤ᠂ ᠡᠮᠴᠢ ᠵᠢᠨ ᠠᠵᠢᠯ᠎ᠢ ᠡᠭᠢᠯᠡᠨ ᠬᠢᠪᠡ᠃ 《ᠠᠯᠢᠪᠠ ᠪᠦᠭᠦᠨ᠎ᠳᠤ ᠡᠭᠢᠯᠠᠯᠳᠠ ᠨᠢ ᠭᠦᠴᠢᠷ》 ᠭᠡᠭᠴᠢ᠎ᠪᠠᠷ᠂ ᠠᠩᠬ᠎ᠠ ᠡᠭᠢᠯᠠᠨ ᠡᠮᠴᠢᠯᠡᠭᠦ ᠦᠶ᠎ᠠ᠎ᠳᠤ ᠸᠠᠡᠭ ᠪᠦᠭᠡ ᠨᠢᠭᠡ᠎ᠳᠤ ᠡᠪᠠᠳᠴᠢᠨ ᠦᠵᠡᠭᠦ ᠭᠠᠵᠡᠷ ᠦᠭᠡᠢ᠂ ᠬᠤᠶᠡᠷ᠎ᠲᠤ ᠮᠦᠩᠭᠦ ᠵᠤᠭᠤᠰ ᠦᠭᠡᠢ᠂ ᠭᠤᠷᠪᠠ᠎ᠳᠤ ᠲᠦᠭᠦᠭᠡᠷᠤᠮᠵᠢ ᠦᠭᠡᠢ ᠪᠠᠢ᠌ᠪᠠ᠃ ᠲᠤᠬᠠᠢ ᠵᠢᠨ ᠦᠶ᠎ᠠ ᠵᠢᠨ ᠪᠦᠭᠦ ᠦᠪ ᠭᠦᠷᠦᠩᠭᠡ ᠨᠢ ᠭᠤᠷᠪᠠᠨ ᠲᠠᠰᠤᠯᠭ᠎ᠠ ᠪᠠᠢ᠌ᠰᠢᠡᠭ᠂ ᠨᠢᠭᠡ ᠡᠯᠵᠢᠭᠡ᠂ ᠨᠢᠭᠡ ᠡᠮ᠎ᠤᠨ ᠬᠠᠪᠯᠠᠭᠠ᠂ ᠨᠢᠭᠡ ᠲᠠᠮᠤᠷ ᠲᠤᠭᠤᠭ᠎ᠠ᠂ ᠬᠤᠶᠡᠷ ᠬᠠᠭᠤᠴᠢᠨ《ᠠᠨ ᠨᠠᠢ ᠵᠢᠨ》᠎ᠤ ᠯᠤᠩᠬᠤ᠂ ᠡᠭᠦᠷᠴᠤ ᠶᠠᠪᠤᠬᠤ ᠡᠮ᠎ᠤᠨ ᠬᠠᠢ᠌ᠷᠴᠠᠭ ᠪᠠ ᠬᠠᠭᠤᠴᠢᠨ ᠲᠤᠭᠤᠢ ᠯᠠ ᠪᠠᠢ᠌ᠬᠰᠠ ᠶᠤᠮ᠃ ᠸᠠᠡᠭ ᠪᠦᠭᠡ ᠡᠳᠡᠭᠡᠷ ᠪᠦᠳᠦᠭᠦᠯᠢᠭ ᠲᠦᠭᠦᠭᠡᠷᠤᠮᠵᠢᠳᠤ ᠲᠦᠰᠢᠭᠯᠡᠵᠤ᠂ ᠭᠦᠴᠢᠷ ᠪᠡᠷᠭᠡ᠎ᠲᠠᠢ ᠤᠷᠴᠢᠨ ᠲᠤᠭᠤᠷᠢᠨ᠎ᠢ ᠨᠢᠭᠡ ᠨᠢᠭᠡ ᠠᠯᠬᠤᠮ ᠵᠢᠡᠷ ᠲᠤᠭᠤᠯᠵᠤ ᠢᠷᠡᠭᠰᠡᠨ᠎ᠤ ᠬᠠᠮᠳᠤ ᠡᠮᠴᠢᠯᠡᠭᠡ ᠵᠢᠨ ᠦᠢ᠍ᠯᠡᠳᠤᠯᠭᠡ ᠲᠤᠮᠳᠠ ᠲᠤᠷᠰᠢᠯᠭ᠎ᠠ᠎ᠪᠠᠨ ᠲᠠᠰᠤᠷᠠᠯᠳᠠ ᠦᠭᠡᠢ ᠳ᠋ᠦᠩᠨᠡᠵᠤ᠂ ᠤᠯᠠᠮᠵᠢᠯᠠᠯᠳᠤ ᠮᠤᠩᠭᠤᠯ ᠡᠮᠨᠡᠯᠭᠡ ᠵᠢᠨ 《ᠰᠢᠡᠵᠢᠭᠦ ᠠᠰᠠᠭᠤᠬᠤ ᠰᠤᠳᠠᠯ ᠪᠠᠷᠢᠬᠤ》 ᠤᠨᠤᠯ᠎ᠢ ᠭᠦᠡᠵᠡᠭᠡᠢ ᠰᠤᠳᠤᠯᠤᠬᠰᠠᠨ ᠰᠠᠭᠤᠷᠢᠨ ᠲᠡᠭᠡᠷ᠎ᠠ ᠬᠤᠪᠢ ᠵᠢᠨ ᠡᠮᠴᠢᠯᠡᠭᠡ ᠵᠢᠨ ᠦᠢ᠍ᠯᠡᠳᠤᠯᠭᠡ ᠲᠤᠮᠳᠠ ᠦᠪᠠᠷᠮᠢᠴᠠ ᠤᠡᠴᠠᠯᠢᠭ᠎ᠲᠠᠢ 《ᠰᠢᠡᠵᠢᠭᠦ ᠠᠰᠠᠭᠤᠬᠤ ᠤᠨᠤᠭ᠋ᠠᠬᠤ》 ᠤᠨᠤᠰᠢᠯᠠᠬᠤ ᠠᠷᠭ᠎ᠠ ᠵᠢ ᠡᠭᠦᠳᠦᠭᠰᠡᠨ ᠪᠠᠢ᠌ᠨ᠎ᠠ᠃
《ᠴᠢᠷᠮᠠᠢ᠌ᠯᠭ᠎ᠠ ᠭᠦᠮᠤ᠎ᠨᠢ ᠭᠤᠮᠤᠳᠠᠭ᠋ᠠᠬᠤ ᠦᠭᠡᠢ》 ᠭᠡᠭᠴᠢ᠎ᠪᠠᠷ᠂ ᠤᠯᠠᠨ ᠵᠢᠯ᠎ᠤᠨ ᠰᠢᠷᠭ᠋ᠠᠭᠤ ᠬᠠᠳᠠᠭᠤᠵᠢᠯᠳᠠᠢ ᠴᠢᠷᠮᠠᠢ᠌ᠯᠭ᠎ᠠ ᠠᠵᠤ ᠦᠢ᠍ᠯᠠᠰ᠎ᠤᠨ ᠦᠷᠨᠢᠭᠦᠨ ᠭᠦᠭᠵᠢᠯᠳᠠ ᠵᠢ ᠤᠬᠳᠤᠨ ᠠᠪᠴᠢᠷᠠᠬᠰᠠᠨ ᠪᠠᠢ᠌ᠨ᠎ᠠ᠃ 2017 ᠤᠨ᠎ᠳᠤ᠂ ᠲᠡᠭᠡᠳᠤ ᠱᠠᠳᠤᠨ᠎ᠤ ᠲᠤᠬᠠᠢ᠌ᠯᠠᠬᠰᠠᠨ ᠠᠵᠢᠯ᠎ᠤᠨ ᠰᠠᠯᠠᠭ᠎ᠠ ᠮᠦᠴᠢᠷ᠎ᠤᠨ ᠵᠦᠪᠰᠢᠶᠠᠷᠠᠯ ᠵᠢᠡᠷ 《ᠸᠠᠡᠭ ᠪᠦᠭᠡ ᠵᠢᠨ ᠡᠮᠴᠢᠯᠡᠭᠡ ᠵᠢᠨ ᠭᠠᠵᠡᠷ》᠎ᠢ 《ᠸᠠᠡᠭ ᠪᠦᠭᠡ ᠵᠢᠨ ᠮᠤᠩᠭᠤᠯ ᠡᠮᠨᠡᠯᠭᠡ ᠵᠢᠨ ᠬᠤᠷᠢᠶ᠎ᠠ》 ᠪᠤᠯᠭ᠋ᠠᠪᠠ᠃ 2020 ᠤᠨ᠎ᠳᠤ᠂ 27000 ᠺᠦᠸᠠᠳ᠋ ᠮᠸᠲᠷ ᠲᠠᠯᠠᠪᠠᠢ᠎ᠲᠠᠢ ᠸᠠᠡᠭ ᠪᠦᠭᠡ ᠵᠢᠨ ᠬᠤᠷᠴᠢᠨ᠎ᠤ ᠮᠤᠩᠭᠤᠯ ᠡᠮᠨᠡᠯᠭᠡ ᠵᠢᠨ ᠬᠤᠷᠢᠶ᠎ᠠ ᠵᠢᠨ ᠶᠠᠷᠤᠩᠭᠡᠢ᠌ᠯᠡᠭᠰᠡᠨ ᠠᠰᠠᠷ᠎ᠢ ᠦᠷᠭᠡᠳᠭᠡᠨ ᠪᠠᠢ᠌ᠭᠤᠯᠵᠤ᠂ ᠮᠤᠩᠭᠤᠯ ᠡᠮ ᠨᠠᠢ᠌ᠷᠠᠬᠤ ᠲᠠᠰᠤᠭ ᠨᠢ 2500 ᠺᠦᠸᠠᠳ᠋ ᠮᠸᠲᠷ ᠭᠦᠷᠪᠠ᠃ ᠡᠮ᠎ᠤᠨ ᠤᠬᠢᠶᠠᠯᠭ᠎ᠠ ᠵᠢᠨ ᠲᠠᠰᠤᠭ᠂ ᠹᠢᠽᠢᠺ᠎ᠤᠨ ᠵᠠᠰᠠᠯ᠎ᠤᠨ ᠲᠠᠰᠤᠭ᠂ ᠭᠦᠯᠦᠷᠡᠭᠦᠯᠭᠦ ᠲᠠᠰᠤᠭ ᠵᠡᠷᠭᠡ᠎ᠨᠢ 8000 ᠺᠦᠸᠠᠳ᠋ ᠮᠸᠲᠷ ᠭᠦᠷᠴᠤ᠂ ᠨᠢᠭᠡ ᠤᠳᠠᠭ᠎ᠠ᠎ᠳᠤ 500 ᠭᠦᠮᠤᠨ ᠡᠮ᠎ᠤᠨ ᠤᠭᠢᠶᠠᠯᠭ᠎ᠠ ᠭᠢᠵᠤ᠂ ᠡᠳᠤᠷ᠎ᠲᠤ 6 ᠤᠳᠠᠭ᠎ᠠ ᠡᠮ᠎ᠤᠨ ᠤᠬᠢᠶᠠᠯᠭ᠎ᠠ ᠭᠢᠭᠦ ᠪᠦᠭᠡᠳ ᠤᠳᠠᠭ᠎ᠠ ᠪᠦᠷᠢ᠎ᠳᠤ 8—14 ᠮᠢᠨᠦᠢ᠍ᠲ ᠪᠤᠯᠤᠨ᠎ᠠ᠃ ᠡᠮᠨᠡᠯᠭᠡ᠎ᠳᠤ ᠰᠠᠭᠤᠵᠤ ᠡᠮᠨᠡᠭᠦᠯᠭᠦ ᠭᠠᠵᠡᠷ ᠨᠢ 800 ᠭᠦᠮᠤᠨ ᠢ ᠪᠠᠭᠲᠠᠭ᠋ᠠᠬᠤ ᠠᠵᠢ᠃ ᠡᠢ᠌ᠨ ᠬᠦ᠌᠂ ᠦᠷᠭᠡᠳᠭᠡᠨ ᠪᠠᠢ᠌ᠭᠤᠯᠤᠭ᠋ᠠᠳ ᠡᠮᠨᠡᠯᠭᠡ ᠵᠢᠨ ᠨᠦᠭᠦᠴᠠᠯᠢ ᠦᠡᠳᠤᠰᠤᠨᠠᠴᠠᠨᠢ ᠰᠠᠢ᠌ᠵᠢᠷᠠᠭᠤᠯᠵᠤ᠂ ᠡᠪᠠᠳᠴᠢᠳᠠᠨ᠎ᠳᠤ ᠤᠯᠠᠮ ᠰᠠᠢ᠌ᠨ ᠡᠮᠨᠡᠭᠦᠯᠭᠦ ᠤᠷᠴᠢᠨ ᠲᠤᠭᠤᠷᠢᠨ᠎ᠢ ᠬᠠᠩᠭ᠋ᠠᠬᠤ ᠪᠤᠯᠤᠬᠰᠠᠨ᠎ᠠᠴᠠ ᠵᠢᠯ᠎ᠤᠨ ᠲᠦᠷᠪᠠᠨ ᠤᠯᠠᠷᠢᠯ᠎ᠳᠤ ᠡᠮ᠎ᠤᠨ ᠤᠭᠢᠶᠠᠯᠭ᠎ᠠ᠂ ᠭᠦᠯᠦᠷᠡᠭᠦᠯᠭᠦ ᠪᠠ ᠪᠤᠰᠤᠳ ᠡᠮᠴᠢᠯᠡᠭᠡ ᠵᠢᠨ ᠵᠠᠰᠠᠯ᠎ᠢ ᠭᠢᠵᠤ ᠴᠢᠳᠠᠬᠤ ᠪᠤᠯᠤᠬᠰᠠᠨ ᠪᠤᠯᠬᠤᠷ ᠨᠠᠷᠠ ᠲᠦᠷᠤ ᠵᠢ᠎ᠨᠢ ᠰᠤᠨᠤᠰᠤᠭ᠋ᠠᠳ ᠡᠪᠠᠳᠴᠢᠳᠠᠨ ᠲᠠᠰᠤᠷᠠᠯᠳᠠ ᠦᠭᠡᠢ ᠢᠷᠡᠭᠦ ᠪᠤᠯᠤᠬᠰᠠᠨ ᠪᠠᠢ᠌ᠨ᠎ᠠ᠃ ᠲᠡᠭᠦᠨ᠎ᠤ ᠡᠮ ᠨᠠᠢ᠌ᠷᠠᠬᠤ ᠲᠠᠰᠤᠭ ᠤᠯᠤᠰ᠎ᠤᠨ ᠵᠦᠪᠰᠢᠶᠠᠷᠡᠭᠰᠡᠨ 56 ᠮᠤᠩᠭᠤᠯ ᠪᠠᠯᠠᠨ ᠡᠮ᠎ᠢ ᠦᠢ᠍ᠯᠡᠳᠪᠤᠷᠢᠯᠠᠵᠤ ᠴᠢᠳᠠᠬᠤ ᠪᠤᠯᠵᠤ᠂ ᠵᠢᠯ᠎ᠳᠤ 150 ᠲᠤᠨ ᠮᠤᠩᠭᠤᠯ ᠪᠠᠯᠠᠨ ᠡᠮ ᠦᠢ᠍ᠯᠡᠳᠪᠤᠷᠢᠯᠡᠭᠦ ᠪᠤᠯᠪᠠ᠃ ᠡᠨᠡ ᠡᠮ ᠵᠢᠡᠨ ᠪᠦᠷ ᠲᠤᠰ ᠡᠮᠨᠡᠯᠭᠡ ᠵᠢᠨ ᠬᠤᠷᠢᠶ᠎ᠠ ᠵᠢᠨ ᠡᠮᠴᠢᠯᠡᠭᠡ᠎ᠳᠤ ᠭᠡᠷᠡᠭᠯᠡᠵᠤ ᠪᠠᠢ᠌ᠨ᠎ᠠ᠃
ᠸᠠᠡᠭ ᠪᠦᠭᠡ ᠡᠮᠴᠢᠯᠡᠭᠦ ᠶᠠᠪᠤᠴᠠ᠎ᠳᠤ᠎ᠪᠠᠨ ᠪᠠᠶ᠎ᠠ ᠰᠠᠳᠭᠢᠯ᠎ᠤᠨ ᠡᠷᠡᠭᠦᠯ ᠴᠢᠭᠢᠷᠠᠭ ᠪᠤᠯ ᠰᠠᠶᠢ ᠵᠢᠩᠭᠢᠨᠢ ᠡᠷᠡᠭᠦᠯ ᠴᠢᠭᠢᠷᠠᠭ ᠪᠤᠯᠤᠨ᠎ᠠ ᠭᠡᠳᠡᠭ᠎ᠢ ᠰᠠᠳᠭᠢᠯ᠎ᠤᠨ ᠤᠭ᠎ᠠᠴᠠ᠎ᠪᠠᠨ ᠤᠬᠠᠭ᠋ᠠᠷᠠᠵᠤ ᠮᠠᠳᠠᠪᠠ᠃ ᠤᠳᠤ ᠵᠢᠨ ᠭᠦᠮᠤᠨ᠎ᠤ ᠪᠠᠶ᠎ᠠ ᠵᠢᠨ ᠡᠷᠡᠭᠦᠯ ᠴᠢᠭᠢᠷᠠᠭ᠎ᠢ ᠪᠠᠳᠤᠯᠠᠬᠤ᠎ᠪᠠᠷ ᠪᠠᠷᠠᠬᠤ ᠦᠭᠡᠢ᠂ ᠤᠶᠤᠨ ᠰᠠᠨᠠᠭ᠋ᠠᠨ᠎ᠤ ᠭᠦᠮᠤᠵᠢᠯ᠂ ᠮᠠᠳᠡᠯᠭᠡ ᠵᠢᠨ ᠭᠡᠪᠴᠢᠶ᠎ᠠ ᠵᠢ ᠥᠷᠭᠡᠳᠭᠡᠬᠦ᠎ᠨᠢ ᠨᠠᠡᠭ ᠴᠢᠬᠤᠯᠠ ᠪᠤᠯᠬᠤ ᠪᠤᠯᠬᠤᠷ ᠤᠯᠠᠮᠵᠢᠯᠠᠯᠳᠤ ᠰᠤᠶᠤᠯ ᠵᠢᠡᠨ ᠰᠤᠷᠤᠯᠴᠠᠨ ᠡᠵᠡᠮᠰᠢᠭᠦ ᠭᠡᠷᠡᠭᠳᠡᠢ ᠭᠡᠳᠡᠭ᠎ᠢ ᠲᠠᠷᠠ ᠭᠦᠡᠵᠡᠭᠡᠢ ᠲᠠᠨᠢᠬᠰᠡᠨ ᠪᠠᠢ᠌ᠨ᠎ᠠ᠃ ᠤᠴᠢᠷ᠎ᠨᠢ᠂ ᠰᠤᠶᠤᠯ ᠪᠤᠯ ᠨᠢᠭᠡ ᠭᠦᠮᠤᠨ᠎ᠤ ᠭᠡᠪ ᠪᠤᠯᠪᠠᠰᠤᠷᠠᠯ ᠪᠤᠯᠤᠨ᠎ᠠ᠂ ᠮᠦᠨ ᠨᠢᠭᠡ ᠦᠡᠳᠤᠰᠤᠳᠠᠨᠤ ᠰᠦᠭ ᠰᠦᠨᠡᠰᠤ ᠪᠤᠯᠤᠨ᠎ᠠ᠂ ᠠᠳᠠᠯᠢ᠎ᠪᠠᠷ ᠤᠯᠤᠰ ᠤᠷᠤᠨ᠎ᠤ ᠰᠠᠭᠤᠷᠢ ᠪᠠ ᠭᠦᠰᠡᠯ ᠡᠷᠡᠮᠠᠯᠵᠠᠯ ᠪᠤᠯᠤᠨ᠎ᠠ᠃ ᠡᠢ᠌ᠮᠤ᠎ᠠᠴᠠ ᠸᠠᠡᠭ ᠪᠦᠭᠡ ᠤᠷᠠᠨ ᠰᠠᠢ᠌ᠬᠠᠨ᠎ᠤ ᠪᠠᠭ ᠪᠠᠢ᠌ᠭᠤᠯᠵᠤ᠂ ᠬᠤᠭᠤᠴᠠᠭ᠎ᠠ ᠪᠤᠯᠵᠤᠨ ᠡᠪᠠᠳᠴᠢᠳᠠᠨ ᠪᠠ ᠲᠤᠬᠠᠢ ᠵᠢᠨ ᠭᠠᠵᠡᠷ᠎ᠤᠨ ᠤᠯᠠᠨ ᠲᠦᠮᠠᠨ᠎ᠳᠤ ᠲᠤᠬᠯᠠᠯᠳᠠ ᠭᠠᠷᠭ᠋ᠠᠨ ᠦᠵᠡᠭᠦᠯᠵᠤ᠂ ᠰᠤᠶᠤᠯ ᠵᠤᠭ᠎ᠠ ᠴᠠᠩᠭᠡᠯ᠎ᠤᠨ ᠠᠮᠢᠳᠤᠷᠠᠯ᠎ᠢ ᠪᠠᠶᠠᠯᠢᠭ ᠪᠤᠯᠭ᠋ᠠᠬᠰᠠᠨ ᠪᠠᠢ᠌ᠨ᠎ᠠ᠃ ᠡᠭᠦᠨ᠎ᠤ ᠬᠠᠮᠳᠤ 3000 ᠲᠦᠮᠡᠨ ᠲᠦᠭᠦᠷᠢᠭ ᠵᠠᠷᠤᠴᠠᠭᠤᠯᠵᠤ ᠮᠤᠩᠭᠤᠯ ᠡᠮ ᠡᠮᠨᠡᠯᠭᠡ ᠵᠢᠨ ᠲᠠᠤᠭᠡ ᠰᠤᠶᠤᠯ᠂ ᠤᠯᠤᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ 《 ᠬᠤᠷᠴᠢᠨ᠎ᠤ ᠮᠤᠩᠭᠤᠯ ᠡᠮᠨᠡᠯᠭᠡ ᠵᠢᠨ ᠡᠮ᠎ᠤᠨ ᠤᠭᠢᠶᠠᠯᠭ᠎ᠠ》 ᠂ ᠮᠤᠩᠭᠤᠯ ᠡᠮ ᠡᠮᠨᠡᠯᠭᠡ ᠵᠢᠨ ᠬᠠᠭᠤᠴᠢᠰ᠂ ᠬᠤᠷᠴᠢᠨ᠎ᠤ ᠨᠡᠭᠦᠳᠡᠯ ᠮᠠᠯᠵᠢᠯ᠎ᠤᠨ ᠰᠤᠶᠤᠯ᠂ ᠬᠤᠷᠴᠢᠨ᠎ᠤ ᠲᠠᠷᠢᠶᠠᠯᠠᠡᠭ᠎ᠤᠨ ᠰᠤᠶᠤᠯ᠂ ᠤᠡᠴᠠᠯᠢᠬᠳᠤ ᠮᠤᠩᠭᠤᠯ ᠡᠮ᠂ ᠲᠠᠤᠭᠡᠨ ᠲᠡᠭᠡᠷᠡᠭᠢ ᠮᠤᠩᠭᠤᠯ ᠡᠮ᠎ᠤᠨ ᠠᠯᠳᠠᠷᠳᠤ ᠡᠷᠳᠡᠮᠳᠠᠨᠤ ᠰᠤᠳᠤᠷ ᠪᠢᠴᠢᠭ᠎ᠤᠨ ᠬᠠᠳᠠᠭ᠋ᠠᠯᠠᠮᠵᠢ ᠵᠡᠷᠭᠡ ᠵᠢᠨ ᠦᠵᠡᠭᠦᠯᠦᠯᠭᠡ ᠵᠢ ᠨᠢᠭᠡ ᠴᠤᠬ᠍ᠴᠠᠵᠢᠭᠤᠯᠤᠬᠰᠠᠨ 《ᠬᠤᠷᠴᠢᠨ᠎ᠤ ᠮᠤᠩᠭᠤᠯ ᠡᠮ ᠡᠮᠨᠡᠯᠭᠡ》 ᠵᠢᠨ ᠮᠦᠽᠸᠢ ᠵᠢ ᠪᠠᠢ᠌ᠭᠤᠯᠵᠤ᠂ ᠶᠠᠷᠤᠩᠭᠡᠢ ᠲᠠᠯᠠᠪᠠᠢ ᠨᠢ 9000 ᠺᠦᠸᠠᠳ᠋ ᠮᠸᠲᠷ ᠭᠦᠷᠴᠤ᠂ ᠮᠤᠩᠭᠤᠯ ᠡᠮ ᠡᠮᠨᠡᠯᠭᠡ ᠵᠢᠨ ᠤᠬᠠᠭ᠋ᠠᠨ᠎ᠢ ᠪᠦᠭᠦ ᠲᠠᠯ᠎ᠠ᠎ᠪᠠᠷ ᠤᠯᠠᠮᠵᠢᠯᠠᠬᠤ᠂ ᠭᠦᠡᠵᠡᠭᠡᠢ ᠰᠤᠳᠤᠯᠬᠤ᠂ ᠴᠢᠨᠡᠷ ᠰᠠᠢ᠌ᠳᠠᠢ ᠭᠦᠭᠵᠢᠭᠦᠯᠭᠦ᠎ᠳᠤ ᠰᠠᠢ᠌ᠨ ᠰᠠᠢ᠌ᠬᠠᠨ ᠰᠠᠭᠤᠷᠢ ᠵᠢ ᠲᠠᠯᠪᠢᠵᠤ ᠦᠭᠭᠦᠭᠰᠡᠨ ᠪᠠᠢ᠌ᠨ᠎ᠠ᠃
ᠦᠭᠭᠢᠶᠠᠮᠤᠷ ᠰᠠᠳᠬᠢᠯᠢ ᠡᠪᠤᠷᠯᠠᠵᠤ ᠡᠪᠡᠳᠴᠢᠳᠡᠨ᠎ᠢ ᠦᠪᠡᠷ᠎ᠤᠨ ᠲᠤᠳᠤᠨᠤ ᠬᠦᠮᠤᠨ ᠵᠢᠡᠷ ᠦᠵᠡᠪᠡ
ᠲᠠᠶᠠᠡᠭ ᠲᠡᠯᠡᠭᠡᠢ᠎ᠳᠤ ᠮᠤᠷᠠᠯ᠎ᠢ ᠡᠷᠭᠢᠮᠯᠡᠵᠤ᠂ ᠡᠮᠴᠢ ᠭᠦᠮᠤᠨ ᠠᠮᠢ ᠨᠠᠰᠤ ᠵᠢ ᠡᠷᠭᠢᠮ ᠲᠡᠭᠡᠳᠤ ᠪᠤᠯᠭ᠋ᠠᠨᠠᠮ᠃ ᠸᠠᠡᠭ ᠪᠦᠭᠡ ᠤᠯᠠᠮᠵᠢᠯᠠᠯᠳᠤ ᠠᠨᠠᠭ᠋ᠠᠬᠤ ᠤᠬᠠᠭ᠋ᠠᠨ᠎ᠤ ᠡᠮᠴᠢᠯᠡᠭᠡ ᠵᠢᠨ ᠠᠷᠭ᠎ᠠ᠎ᠪᠠᠷ ᠡᠪᠠᠳᠴᠢᠳᠠᠨᠢ ᠡᠮᠨᠡᠨ ᠵᠠᠰᠠᠬᠤ ᠳᠤ᠎ᠪᠠᠨ ᠮᠠᠷᠭᠡᠰᠢᠵᠤ᠂ ᠰᠤᠳᠠᠯ ᠪᠠᠷᠢᠬᠤ᠂ ᠴᠢᠷᠠᠢ ᠵᠢᠨ ᠦᠩᠭᠡ ᠵᠢ ᠰᠢᠡᠵᠢᠭᠦ᠂ ᠪᠠᠢ᠍ᠢ᠍ᠳᠠᠯ᠎ᠢ ᠠᠰᠠᠭᠤᠵᠤ ᠯᠠᠪᠯᠠᠬᠤ ᠵᠡᠷᠭᠡ᠎ᠪᠠᠷ ᠡᠪᠠᠳᠴᠢᠳᠠᠠᠤ ᠡᠪᠡᠳᠴᠢᠨ ᠠ᠋ᠮᠭᠡᠭᠢ ᠤᠨᠤᠰᠢᠯᠠᠨ ᠲᠤᠳᠤᠯᠠᠬᠤ ᠵᠶ᠋ᠠᠨ ᠲᠠᠭ᠋ᠠᠤ ᠵᠡᠭᠦᠦ ᠲᠦᠭᠡᠨᠡᠯᠭᠡ᠂ ᠡᠮ᠎ᠤᠨ ᠤᠭᠢᠶᠠᠯᠭ᠎ᠠ᠂ ᠢᠯᠢᠭᠦ᠂ ᠰᠤᠷᠤᠭᠤᠯ ᠲᠠᠯᠪᠢᠬᠤ᠂ ᠭᠢᠳᠡᠳ ᠮᠤᠨᠭ᠌ᠭᠤᠯ ᠡᠮ᠎ᠢ ᠤᠶᠠᠯᠳᠤᠭᠤᠯᠬᠤ ᠵᠡᠷᠭᠡ᠎ᠪᠠᠷ ᠶᠠᠷᠤᠨᠭ᠌ᠭᠡᠢ᠍ᠢ᠍ᠯᠠᠠ ᠠ᠋ᠮᠨᠡᠳᠡᠭ᠂ ᠠ᠋ᠯᠢᠭᠡ᠂ ᠬᠤᠳᠤᠭᠤᠳᠤ᠂ ᠠᠭᠤᠰᠭᠢ᠂ ᠭᠡᠷᠡᠭᠦᠯᠢᠭ᠂ ᠠᠷᠠᠰᠤ ᠵᠢᠨ ᠡᠪᠠᠳᠴᠢᠨ ᠵᠢᠴᠢ ᠭᠦᠢ᠍ᠳᠠᠠ ᠤᠷᠤᠨ᠎ᠳᠤ ᠪᠠᠢ᠍ᠢ᠍ᠨᠭ᠌ᠭᠤ ᠲᠤᠭᠢᠶᠠᠯᠳᠤᠳᠠᠭ ᠡᠪᠠᠳᠴᠢᠨᠢ ᠠ᠋ᠮᠨᠡᠭᠦᠳᠤ ᠦᠪᠠᠷᠮᠢᠴᠠ ᠵᠠᠰᠠᠯ᠎ᠤᠨ ᠠᠷᠭ᠎ᠠ ᠵᠢ ᠭᠡᠷᠡᠭᠯᠡᠳᠡᠭ᠃ ᠵᠠᠷᠢᠮ ᠤᠡᠴᠠᠭ᠋ᠠᠢ ᠡᠪᠠᠳᠴᠢᠳᠠᠨ᠎ᠳᠤ ᠬᠤᠪᠢ ᠵᠢᠨ ᠦᠪᠠᠷᠮᠢᠴᠠ ᠤᠡᠴᠠᠯᠢᠭ᠎ᠲᠠᠢ 《ᠨᠢᠭᠡ ᠭᠦᠮᠤᠨ᠎ᠳᠤ ᠨᠢᠭᠡ ᠵᠤᠷ》 ᠦᠭᠴᠤ ᠠ᠋ᠮᠨᠡᠳᠡᠭ᠃
ᠤᠯᠠᠨ ᠵᠢᠯ᠎ᠤᠨ ᠠ᠋ᠮᠴᠢᠯᠡᠭᠦ ᠶᠠᠪᠤᠴᠠ᠎ᠳᠤ᠂ ᠸᠠᠡᠭ ᠪᠦᠭᠡ ᠦᠰᠪᠤᠷᠢ ᠨᠠᠰᠤᠨ᠎ᠤ ᠲᠠᠨᠭ᠌ᠭ᠋ᠠᠷᠢᠭ ᠵᠢᠡᠨ ᠢᠮᠠᠬᠳᠠ ᠮᠠᠷᠳᠠᠭ᠎ᠠ ᠦᠭᠡᠢ᠂ 《ᠵᠤᠭᠤᠰ᠎ᠲᠠᠢ ᠵᠤᠭᠤᠰ ᠦᠭᠡᠢ ᠴᠤ᠌ ᠡᠪᠠᠳᠴᠢᠨ ᠵᠶ᠋ᠠᠨ ᠦᠵᠡᠭᠦᠯᠵᠤ ᠲᠠᠢ᠍ᠢ᠍ᠯᠭᠦ》 ᠭᠡᠰᠠᠨ ᠵᠤᠷᠢᠯᠭ᠎ᠠ᠎ᠪᠠᠨ ᠪᠠᠷᠢᠮᠳᠠᠯᠠᠬᠰᠠᠭ᠋ᠠᠷ ᠢᠷᠡᠭᠰᠡᠨ ᠪᠦᠭᠡᠳ ᠠᠳᠠᠯᠢ ᠪᠤᠰᠤ ᠤᠷᠤᠯᠭ᠎ᠠ᠎ᠲᠠᠢ ᠡᠪᠠᠳᠴᠢᠳᠠᠨ᠎ᠳᠤ ᠨᠢᠭᠡ ᠯᠠ ᠠᠳᠠᠯᠢ᠎ᠪᠠᠷ ᠬᠠᠡᠳᠤᠵᠤ᠂ 70 ᠵᠢ ᠲᠠᠪᠠᠬᠰᠠᠨ ᠨᠠᠰᠤᠳᠠᠨ᠂ 3 ᠭᠦᠷᠦᠭᠡᠳᠤᠢ ᠭᠡᠤᠭᠡᠳ᠂ ᠠᠯᠪᠠ ᠬᠠᠭ᠋ᠠᠭ᠋ᠠᠭᠠ ᠴᠡᠷᠢᠭ᠂ ᠵᠠᠮᠳᠡᠭᠴᠤᠳ᠂ ᠲᠠᠪᠤᠨ ᠪᠠᠳᠤᠯᠠᠭ᠋ᠠᠳᠤ ᠠ᠋ᠷᠦᠭᠡ᠂ ᠤᠡᠴᠠ ᠭᠦᠴᠢᠷᠳᠡᠯᠳᠡᠢ ᠠ᠋ᠷᠦᠭᠡ᠂ ᠯᠠᠮᠠ ᠬᠤᠸᠠᠷᠠᠭ᠂ ᠤᠡᠴᠠᠭ᠋ᠠᠢ ᠬᠠᠢ᠍ᠢ᠍ᠷ᠎ᠠ ᠬᠠᠯᠠᠮᠵᠢ ᠭᠦᠷᠳᠡᠭᠡᠭᠴᠢ ᠵᠡᠷᠭᠡ 8 ᠲᠦᠷᠤᠯ᠎ᠤᠨ ᠡᠪᠠᠳᠴᠢᠳᠠᠨ᠎ᠠᠴᠠ ᠡᠮ᠎ᠤᠨ ᠵᠠᠷᠤᠳᠠᠯ ᠠᠪᠬᠤ ᠦᠭᠡᠢ; ᠡᠯ᠎ᠠ ᠵᠦᠢ᠍ᠯ᠎ᠤᠨ ᠰᠢᠡᠵᠢᠯᠡᠨ ᠰᠢᠯᠭ᠋ᠠᠬᠤ ᠵᠠᠷᠤᠳᠠᠯ (ᠴᠢᠰᠤᠨ᠎ᠤ ᠲᠠᠷᠤᠯᠳᠠ᠂ ᠵᠢᠷᠦᠭᠡᠨ ᠴᠣᠬᠢᠯᠭ᠎ᠠ᠂ ᠬᠠᠯᠳᠠᠪᠤᠷᠢᠳᠤ ᠲᠦᠷᠪᠠᠨ ᠵᠦᠢ᠍ᠯ᠂ ᠭᠡᠷᠡᠭᠦᠯᠢᠭ ᠡᠪᠠᠳᠴᠢᠨᠤ ᠹᠠᠺᠲ᠋ᠤᠷ᠂ CRP᠂ ᠴᠦᠪᠤᠷᠢᠭᠦᠦ ᠠ᠋ᠰᠡᠷᠭᠡᠨᠠ ᠵᠢᠨ ᠸᠢᠷᠦᠢ᠍ᠰ ᠪᠠᠭᠲᠠᠭᠳᠠᠨ᠎ᠠ) ᠪᠠ ᠡᠮ᠎ᠤᠨ ᠤᠭᠢᠶᠠᠯᠭ᠎ᠠ ᠵᠢᠨ ᠵᠠᠷᠤᠳᠠᠯ ᠬᠤᠷᠢᠶᠠᠬᠤ ᠦᠭᠡᠢ᠃ ᠸᠠᠡᠭ ᠪᠦᠭᠡ ᠪᠤᠳᠠᠳᠤ ᠠᠵᠢᠯᠯᠠᠭ᠎ᠠ᠎ᠪᠠᠷ ᠵᠶ᠋ᠠᠨ ᠤᠭ ᠰᠠᠨᠠᠭ᠎ᠠ᠎ᠪᠠᠨ ᠦᠯᠤ ᠮᠠᠷᠳᠡᠡ ᠠ᠋ᠭᠦᠷᠭᠡ ᠬᠠᠷᠢᠭᠤᠴᠠᠯᠭ᠎ᠠ᠎ᠪᠠᠨ ᠪᠠᠳᠤ ᠴᠡᠭᠡᠵᠢᠯᠡᠭᠰᠡᠨ ᠪᠠᠢ᠍ᠢ᠍ᠨ᠎ᠠ᠃ ᠵᠠᠷᠢᠮ ᠡᠪᠠᠳᠴᠢᠳᠠᠨ ᠤᠯᠠᠨ ᠭᠠᠵᠡᠷ ᠠ᠋ᠮᠨᠡᠭᠦᠯᠦᠭᠰᠡᠨ ᠪᠤᠯᠪᠠᠴᠤ ᠢᠯᠡᠷᠢ ᠪᠤᠯᠤᠬᠰᠠᠨ ᠦᠭᠡᠢ ᠪᠤᠯᠬᠤᠷ ᠸᠠᠡᠭ ᠪᠦᠭᠡ ᠠ᠋ᠮᠴᠢ ᠵᠢᠨ ᠦᠢ᠍ᠯᠠ ᠶᠠᠪᠤᠳᠠᠯ᠎ᠢ ᠰᠤᠨᠤᠰᠤᠭ᠋ᠠᠳ ᠦᠴᠦᠭᠡᠨ ᠴᠤ᠌ ᠭᠡᠰᠠᠨ ᠠ᠋ᠷᠡᠮᠡᠯᠵᠠᠯ ᠡᠪᠤᠷᠯᠠᠨ ᠢᠷᠡᠳᠡᠭ᠂ ᠠ᠋ᠳᠡᠭᠡᠷ ᠭᠦᠮᠤᠨ᠎ᠤ ᠲᠤᠳᠤᠷ᠎ᠠ ᠬᠠᠪᠤᠳᠡᠷ᠎ᠤᠨ ᠡᠪᠠᠳᠴᠢᠳᠠᠨ ᠵᠣᠩᠬᠢᠯᠠᠬᠤ ᠲᠤᠭ᠎ᠠ ᠵᠢ ᠡᠵᠡᠯᠡᠵᠤ᠂ ᠤᠡᠴᠠ ᠵᠠᠷᠢᠮ ᠡᠪᠠᠳᠴᠢᠳᠠᠨᠢ ᠲᠠᠮᠨᠠᠨ ᠤᠷᠤᠵᠤ ᠢᠷᠡᠳᠡᠭ᠃ ᠸᠠᠡᠭ ᠪᠦᠭᠡ ᠡᠪᠠᠳᠴᠢᠳᠠᠨᠤ ᠠᠮᠢ ᠨᠠᠰᠤᠳᠤ ᠲᠡᠭᠡᠳᠤ ᠭᠡᠮᠵᠢᠶ᠎ᠠ᠎ᠪᠠᠷ ᠬᠠᠷᠢᠭᠤᠴᠠᠯᠭ᠎ᠠ ᠠ᠋ᠭᠦᠷᠭᠡᠯᠡᠨ ᠴᠢᠷᠮᠠᠢ᠌ᠨ ᠵᠠᠰᠠᠳᠠᠭ᠂ ᠤᠡᠴᠠᠭ᠋ᠠᠢ᠍ᠢ᠍ᠯᠠᠨ ᠵᠠᠷᠢᠮ ᠭᠦᠡᠳᠤ ᠲᠦᠭᠰᠢᠭᠦᠷᠢᠳᠡᠢ ᠡᠪᠡᠳᠴᠢᠳᠡᠨ᠎ᠢ ᠸᠠᠡᠭ ᠪᠦᠭᠡ ᠠᠪᠤᠷᠠᠨ ᠠᠪᠴᠤ ᠴᠢᠳᠠᠬᠤ ᠦᠭᠡᠢ ᠪᠤᠯᠪᠠᠴᠤ ᠲᠠᠷᠠ ᠮᠦᠨ ᠯᠠ ᠪᠦᠭᠦ ᠭᠦᠴᠤᠨ ᠵᠶ᠋ᠠᠷ ᠵᠶ᠋ᠠᠨ ᠴᠢᠷᠮᠠᠢ᠍ᠢ᠍ᠨ ᠠ᠋ᠮᠨᠡᠳᠡᠭ᠃ ᠵᠠᠷᠢᠮ ᠵᠠᠰᠠᠪᠤᠷᠢ ᠦᠭᠡᠢ ᠡᠪᠠᠳᠴᠢᠨ ᠵᠶ᠋ᠠᠷ ᠤᠨᠤᠰᠢᠯᠠᠬᠳᠠᠬᠰᠠᠨ ᠡᠪᠠᠳᠴᠢᠳᠠᠨ ᠠ᠋ᠮᠨᠡᠭᠦᠯᠦᠭᠡᠳ ᠭᠠᠢ᠍ᠢ᠍ᠬᠠᠮᠰᠢᠭ ᠠ᠋ᠭᠦᠰᠴᠤ ᠢᠯᠡᠷᠢ ᠪᠤᠯᠤᠬᠰᠠᠨ ᠪᠠᠢ᠍ᠢ᠍ᠨ᠎ᠠ᠃
ᠸᠠᠡᠭ ᠪᠦᠭᠡ ᠵᠢᠨ ᠡᠮᠨᠡᠬᠦ ᠦᠷᠤᠭᠡ ᠵᠢᠨ ᠲᠦᠷᠪᠡᠨ ᠬᠠᠨᠠᠳᠤ ᠲᠦᠭᠦᠷᠳᠡᠯ᠎ᠠ ᠡᠯᠭᠦᠭᠳᠡᠭᠰᠡᠨ 《ᠡᠪᠡᠳᠴᠢᠳᠡᠨ᠎ᠢ ᠲᠤᠳᠤᠨᠤ ᠬᠦᠮᠤᠨ ᠵᠢᠡᠨ ᠰᠢᠭ ᠦᠵᠡᠭᠰᠡᠨ ᠡᠮᠴᠢ ᠵᠢᠨ ᠮᠤᠷᠠᠯ ᠰᠠᠢ᠌ᠨ᠂ ᠪᠦᠬᠦ ᠰᠠᠳᠬᠢᠯ ᠵᠢᠡᠷ ᠵᠢᠡᠨ ᠦᠢ᠍ᠯᠡᠴᠢᠯᠡᠭᠰᠡᠨ ᠡᠮᠴᠢᠯᠡᠭᠡ ᠵᠢᠨ ᠮᠡᠷᠭᠡᠵᠢᠯ ᠨᠢᠮᠪᠠᠢ᠂ ᠡᠮᠴᠢ ᠵᠢᠨ ᠮᠤᠷᠠᠯ ᠡᠷᠬᠢᠮ ᠲᠡᠭᠡᠳᠤ ᠬᠦᠮᠤᠨ᠎ᠤ ᠰᠠᠳᠬᠢᠯᠢ ᠬᠦᠳᠡᠯᠭᠡᠵᠤ᠂ ᠡᠮᠴᠢᠯᠡᠭᠡ ᠵᠢᠨ ᠮᠡᠷᠭᠡᠵᠢᠯ ᠨᠠᠷᠢᠨ ᠨᠢᠮᠪᠠᠢ ᠲᠦᠷᠪᠡᠨ ᠵᠦᠭ᠎ᠲᠤ ᠲᠠᠭᠤᠷᠢᠰᠤᠨᠠᠮ》 ᠭᠡᠰᠡᠨ ᠬᠢᠳᠡᠳ ᠮᠤᠡᠭᠭᠤᠯ ᠬᠤᠶᠠᠷ ᠵᠦᠢ᠍ᠯ᠎ᠤᠨ ᠦᠰᠦᠭ᠎ᠤᠨ ᠪᠢᠴᠢᠯᠭᠡ᠎ᠲᠠᠢ ᠬᠡᠮᠡᠷᠯᠢᠭ ᠲᠤᠭ ᠡᠪᠡᠳᠴᠢᠳᠡᠨ ᠤᠯᠠᠨ᠎ᠤ ᠸᠠᠡᠭ ᠪᠦᠭᠡ ᠡᠮᠴᠢ᠎ᠳᠤ ᠲᠠᠯᠠᠷᠬᠠᠵᠤ ᠪᠠᠢ᠌ᠬᠤ ᠪᠠ ᠲᠡᠬᠦᠨ᠎ᠢ ᠬᠦᠨᠳᠤᠳᠭᠡᠵᠤ ᠪᠠᠢ᠌ᠬᠤ ᠰᠠᠳᠬᠢᠯᠭᠡ ᠵᠢ ᠲᠦᠯᠤᠭᠡᠯᠡᠵᠤ ᠪᠠᠢ᠌ᠬᠤ ᠶᠤᠮ᠃ ᠡᠪᠡᠳᠴᠢᠳᠡᠨ ᠯᠠ ᠪᠤᠯᠤᠬᠰᠠᠭ᠋ᠠᠷ ᠸᠠᠡᠭ ᠪᠦᠭᠡ ᠤᠯᠤᠰ ᠤᠷᠤᠨ᠂ ᠦᠨᠳᠤᠰᠤ ᠤᠬᠰᠠᠭ᠎ᠠ᠂ ᠲᠤᠰᠢᠶᠡᠯ᠂ ᠶᠠᠳᠠᠭᠤ ᠪᠠᠶᠠᠨ᠎ᠤ ᠢᠯᠭ᠋ᠠᠭ᠎ᠠ ᠦᠭᠡᠢ ᠪᠦᠬᠦ ᠬᠦᠴᠤ᠎ᠪᠠᠨ ᠰᠢᠪᠬᠠᠨ ᠲᠤᠳᠤᠨᠤ ᠦᠢ᠍ᠯᠡᠴᠢᠯᠠᠵᠤ᠂ ᠡᠪᠡᠳᠴᠢᠳᠡᠨ᠎ᠤ ᠬᠡᠮ ᠠᠷᠬᠠᠭ᠎ᠢ ᠨᠠᠷᠢᠨ ᠨᠢᠮᠪᠠᠢ ᠡᠮᠨᠡᠳᠡᠭ᠃ ᠸᠠᠡᠭ ᠪᠦᠭᠡ ᠵᠢᠨ ᠡᠮᠨᠡᠯᠭᠡ ᠵᠢᠨ ᠬᠤᠷᠢᠶ᠎ᠠ᠎ᠳᠤ ᠢᠷᠠᠵᠤ ᠡᠮᠨᠡᠬᠦᠯᠦᠭᠰᠡᠨ ᠡᠪᠡᠳᠴᠢᠳᠡᠨ᠎ᠤ ᠲᠤᠳᠤᠷ᠎ᠠ ᠵᠠᠷᠢᠮ ᠠᠨ᠎ᠤ ᠮᠠᠯᠵᠢᠯ ᠪᠤᠶᠤ ᠲᠠᠷᠢᠶ᠎ᠠ ᠵᠢᠨ ᠲᠤᠪᠤ᠎ᠠᠴᠠ ᠢᠷᠡᠭᠰᠡᠨ ᠶᠤᠮ᠃ ᠵᠠᠷᠢᠮ ᠨᠢ ᠡᠭᠡ ᠤᠯᠤᠰ᠎ᠤᠨ ᠤᠮᠠᠷᠠᠳᠤ ᠬᠢᠵᠠᠭ᠋ᠠᠷ᠎ᠤᠨ ᠮᠦᠸᠸ ᠡᠾᠸ᠎ᠠᠴᠠ ᠢᠷᠡᠭᠰᠡᠨ ᠪᠠᠢ᠌ᠨ᠎ᠠ᠃ ᠵᠠᠷᠢᠮ ᠨᠢ ᠲᠡᠭᠷᠢ ᠵᠢᠨ ᠬᠠᠶᠠᠭ᠎ᠠ ᠭᠠᠵᠠᠷ᠎ᠤᠨ ᠵᠠᠬ᠎ᠠ ᠵᠢᠴᠢ ᠪᠦᠬᠦ ᠤᠯᠤᠰ᠎ᠤᠨ 28 ᠮᠤᠵᠢ ᠬᠤᠳᠠ ᠦᠪᠡᠷᠳᠡᠭᠡᠨ ᠵᠠᠰᠠᠬᠤ ᠤᠷᠤᠨ ᠪᠠ ᠤᠷᠤᠰ᠂ ᠦᠺᠷᠠᠢ᠌ᠨ᠂ ᠮᠤᠡᠭᠭᠤᠯ ᠤᠯᠤᠰ᠂ ᠺᠤᠷᠢᠶᠠ᠂ ᠶᠠᠫᠦᠨ ᠂ ᠺᠠᠨᠠᠳᠠ᠂ ᠠᠡᠭᠭᠯᠢ ᠵᠡᠷᠭᠡ 26 ᠤᠯᠤᠰ᠎ᠠᠴᠠ ᠢᠷᠡᠭᠰᠡᠨ ᠪᠠᠢ᠌ᠨ᠎ᠠ᠃
ᠸᠠᠡᠭ ᠪᠦᠭᠡ ᠵᠢᠨ ᠠ᠋ᠮᠨᠡᠯᠭᠡ ᠵᠢᠨ ᠬᠤᠷᠢᠶ᠎ᠠ ᠵᠢᠨ ᠡᠪᠠᠳᠴᠢᠳᠠᠨ ᠲᠤᠡᠭ ᠠᠷᠪᠢᠨ ᠪᠠᠢ᠍ᠢ᠍ᠳᠠᠭ᠂ ᠡ᠊ᠡᠳᠠ ᠢᠷᠡᠵᠤ ᠡᠪᠠᠳᠴᠢᠨ ᠵᠶ᠋ᠠᠨ ᠦᠵᠡᠭᠦᠯᠦᠭᠰᠡᠨ ᠤᠯᠤᠰ᠎ᠤᠨ ᠲᠤᠳᠤᠭ᠋ᠠᠳᠤ ᠭᠠᠳᠠᠭ᠋ᠠᠳᠤ ᠵᠢᠨ ᠭᠦᠮᠤᠨ ᠨᠠᠢ᠍ᠢ᠍ᠳᠠ 2 ᠰᠠᠶ᠎ᠠ ᠢᠯᠡᠭᠦᠦ ᠪᠠᠢ᠍ᠢ᠍ᠳᠠᠭ᠃ ᠵᠠᠷᠢᠮ ᠦᠶ᠎ᠠ᠎ᠳᠤ ᠠ᠋ᠳᠤᠷ᠎ᠲᠤ ᠠᠵᠢᠯᠯᠠᠬᠤ ᠴᠠᠭ ᠵᠶ᠋ᠠᠨ ᠤᠷᠳᠤᠳᠬᠠᠨ ᠪᠠᠢ᠍ᠢ᠍ᠵᠤ 500 ᠢᠯᠡᠭᠦᠦ ᠭᠦᠮᠤᠨ᠎ᠤ ᠡᠪᠠᠳᠴᠢᠨᠢ ᠤᠨᠤᠰᠢᠯᠠᠳᠠᠭ᠃ ᠲᠠᠯ᠎ᠠ ᠨᠤᠳᠤᠭ᠎ᠤᠨ ᠦᠷᠤᠴᠠᠨ᠎ᠳᠤ ᠪᠠᠢ᠍ᠢ᠍ᠷᠢᠯᠠᠵᠤ ᠪᠠᠢ᠍ᠢ᠍ᠭ᠎ᠠ ᠭᠦᠳᠡᠭᠡ ᠵᠢᠨ ᠠ᠋ᠮᠨᠡᠯᠭᠡ ᠵᠢᠨ ᠬᠤᠷᠢᠶ᠎ᠠ ᠶᠠᠭ᠋ᠠᠭᠢᠭ᠋ᠠᠳ ᠠ᠋ᠢ᠍ᠢ᠍ᠮᠤ ᠶᠡᠭᠡ ᠨᠠᠷᠠ ᠲᠦᠷᠤ᠎ᠲᠠᠢ ᠪᠤᠯᠤᠭ᠋ᠠᠳ ᠡᠪᠠᠳᠴᠢᠳᠠᠨ ᠲᠠᠰᠤᠷᠠᠬᠤ ᠦᠭᠡᠢ ᠪᠤᠯᠤᠬᠰᠠᠨ ᠪᠤᠢ? ᠠ᠋ᠭᠦᠨ᠎ᠢ ᠭᠤᠤᠯᠳᠠᠭᠤ 《ᠠ᠋ᠮᠴᠢᠯᠡᠭᠡ ᠵᠢᠨ ᠮᠠᠷᠭᠡᠵᠢᠯ ᠨᠠᠷᠢᠨ ᠨᠢᠮᠪᠠᠢ᠂ ᠠ᠋ᠮᠴᠢ ᠨᠢ ᠪᠤᠷᠬᠠᠨ ᠰᠠᠳᠭᠢᠯ᠎ᠲᠠᠢ》 ᠭᠡᠮᠡᠭᠦ ᠡᠪᠠᠳᠴᠢᠳᠠᠨ ᠨᠡᠷ᠎ᠤᠨ ᠦᠨᠠᠯᠠᠯᠳᠠ᠎ᠠᠴᠠ ᠮᠠᠳᠠᠵᠤ ᠪᠤᠯᠤᠨ᠎ᠠ᠃ ᠬᠤᠯᠠ ᠭᠠᠵᠠᠷ᠎ᠤᠨ ᠡᠪᠠᠳᠴᠢᠳᠠᠨᠢ ᠬᠠᠷᠠᠭ᠋ᠠᠯᠵᠠᠬᠤ ᠵᠢᠨ ᠲᠦᠯᠦᠭᠡ ᠲᠡᠭᠡᠳᠤ ᠱᠠᠳᠤᠨ᠎ᠤ ᠰᠠᠯᠠᠭ᠎ᠠ ᠮᠦᠴᠢᠷ᠎ᠤᠨ ᠵᠤᠭᠢᠴᠠᠭᠤᠯᠭ᠎ᠠ ᠪᠠ ᠬᠤᠯᠪᠤᠬᠳᠠᠯ ᠪᠦᠭᠦᠢ ᠨᠢᠭᠡᠴᠢ ᠵᠢᠨ ᠤᠷᠢᠯᠭ᠎ᠠ᠎ᠪᠠᠷ᠂ ᠸᠠᠡᠭ ᠪᠦᠭᠡ ᠰᠠᠷ᠎ᠠ ᠪᠦᠷᠢ ᠵᠢᠨ ᠠ᠋ᠭᠢᠪᠠᠷ ᠦᠪᠤᠷ ᠮᠤᠨᠭ᠌ᠭᠤᠯ᠎ᠤᠨ ᠦᠪᠠᠷᠳᠡᠭᠡᠨ ᠵᠠᠰᠠᠬᠤ ᠤᠷᠤᠨ᠂ ᠵᠢᠶᠠᠡᠭᠰᠢ ᠮᠤᠵᠢ᠂ ᠱᠠᠨᠭ᠌ᠬᠠᠢ ᠬᠤᠳᠠ᠂ ᠪᠡᠭᠡᠵᠢᠡᠭ ᠬᠤᠳᠠ᠂ ᠯᠢᠶᠤᠤᠨᠢᠡᠭ ᠮᠤᠵᠢ ᠵᠢᠨ ᠱᠤᠭᠤᠮ ᠵᠶ᠋ᠠᠷ ᠪᠠᠷᠤᠭ 10 ᠬᠤᠨᠤᠭ ᠲᠤᠭᠤᠷᠢᠨ ᠶᠠᠪᠤᠵᠤ ᠡᠪᠠᠳᠴᠢᠨ ᠦᠵᠡᠳᠡᠭ᠃ ᠠ᠋ᠨᠡ ᠬᠤᠭᠤᠴᠠᠭ᠎ᠠ᠎ᠳᠤ᠂ ᠦᠡᠳᠤᠰᠤᠨᠳᠤᠪᠠᠨ ᠠ᠋ᠳᠤᠷ ᠡᠪᠠᠳᠴᠢᠨ ᠦᠵᠡᠵᠤ ᠰᠦᠨᠢ ᠪᠠᠷ ᠵᠠᠮ ᠭᠦᠭᠡᠭᠡᠵᠤ᠂ ᠶᠠᠷᠤ ᠳᠤ᠎ᠪᠠᠨ 2 ᠲᠦᠮᠠ ᠢᠯᠡᠭᠦᠦ ᠭᠠᠵᠡᠷ ᠵᠠᠮᠨᠠᠬᠤ ᠳᠤ᠎ᠪᠠᠨ ᠦᠪᠠᠷ᠎ᠤᠨ ᠶᠠᠳᠠᠷᠠᠯ ᠵᠦᠳᠡᠷᠡᠯ ᠵᠶ᠋ᠠᠨ ᠦᠴᠦᠭᠡᠡ ᠴᠤ᠌ ᠪᠤᠳᠤᠳᠠᠭ ᠦᠭᠡᠢ᠃ ᠭᠠᠳᠠᠬᠰᠢ ᠭᠠᠷᠴᠤ ᠡᠪᠠᠳᠴᠢᠨ ᠦᠵᠡᠭᠡᠳ ᠶᠠᠳᠠᠷᠠᠵᠤ ᠲᠦᠢ᠍ᠯᠳᠡᠭᠡᠳ ᠬᠠᠷᠢᠵᠤ ᠢᠷᠡᠮᠡᠭᠴᠠ ᠬᠤᠪᠢ ᠵᠢᠨ ᠠ᠋ᠮᠨᠡᠯᠭᠡ ᠵᠢᠨ ᠬᠤᠷᠢᠶ᠎ᠠ ᠵᠢᠨ ᠡᠪᠠᠳᠴᠢᠨ ᠦᠵᠡᠭᠦ ᠠᠵᠢᠯ ᠵᠶ᠋ᠠᠨ ᠵᠠᠯᠭ᠋ᠠᠨ ᠭᠢᠳᠡᠭ᠃ 《ᠵᠢᠷᠠ ᠭᠦᠷᠴᠤ ᠵᠠᠵᠢᠨ ᠦᠰᠤ ᠴᠢᠨᠢ ᠴᠠᠢ᠍ᠢ᠍ᠬᠰᠠᠨ ᠪᠠᠢ᠍ᠢ᠍ᠳᠠᠯ᠎ᠠ ᠠ᠋ᠨᠡ ᠮᠠᠳᠤ ᠵᠦᠳᠡᠷᠡᠭᠡᠳ ᠶᠠᠭ᠋ᠠᠭᠢᠵᠤ ᠪᠤᠯᠬᠤ ᠪᠤᠢ?》 ᠭᠡᠵᠦ ᠲᠡᠭᠦᠨ᠎ᠢ ᠨᠠᠢ᠍ᠢ᠍ᠵᠠ ᠨᠠᠷ᠎ᠨᠢ ᠢᠳᠬᠠᠬᠰᠠᠨᠳᠤ《ᠪᠢ ᠵᠦᠳᠡᠷᠡᠭᠰᠡᠨ ᠴᠤ᠌ ᠶᠠᠮᠠᠷ ᠬᠠᠮᠢᠶ᠎ᠠ ᠪᠠᠢ᠍ᠢ᠍ᠬᠤ ᠪᠤᠢ? ᠭᠠᠳᠠᠷ ᠭᠠᠵᠡᠷ᠎ᠤᠨ ᠡᠪᠠᠳᠴᠢᠳᠠᠨ ᠡ᠊ᠡᠳᠠ ᠢᠷᠡᠵᠤ ᠡᠪᠠᠳᠴᠢᠨ ᠦᠵᠡᠭᠦᠯᠤᠨ᠎ᠠ ᠭᠡᠵᠦ ᠰᠠᠶᠢ ᠠᠮᠤᠷ ᠦᠭᠡᠢ ᠠᠵᠤ ᠰᠢᠤ᠂ ᠪᠢ ᠭᠠᠳᠠᠬᠰᠢ ᠭᠠᠷᠴᠤ ᠡᠪᠠᠳᠴᠢᠨ ᠦᠵᠡᠭᠦ ᠡᠪᠠᠳᠴᠢᠳᠠᠨᠤ ᠴᠠᠭ ᠪᠠ ᠡᠮ᠎ᠤᠨ ᠵᠠᠷᠤᠳᠠᠯ᠎ᠢ ᠠᠷᠪᠢᠯᠠᠵᠤ ᠦᠭᠭᠦ᠎ᠪᠠᠷ ᠪᠠᠷᠠᠬᠤ ᠦᠭᠡᠢ᠂ ᠮᠦᠨ ᠭᠡᠷ ᠲᠤ᠎ᠪᠠᠨ ᠰᠠᠭᠤᠵᠤ ᠡᠪᠠᠳᠴᠢᠨ ᠵᠶ᠋ᠠᠨ ᠰᠤᠪᠢᠯᠠᠬᠤ᠎ᠳᠤ ᠠᠰᠢᠬᠳᠠᠢ ᠪᠠᠢ᠍ᠢ᠍ᠳᠠᠭ》 ᠭᠡᠵᠦ ᠲᠠᠷᠠ ᠶᠠᠷᠢᠳᠠᠭ᠃ ᠠ᠋ᠨᠡ ᠮᠠᠳᠤ᠎ᠪᠠᠷ ᠸᠠᠡᠭ ᠪᠦᠭᠡ ᠠ᠋ᠮᠨᠡᠯᠭᠡ ᠳᠤ᠎ᠪᠠᠨ ᠰᠠᠭᠤᠵᠤ ᠡᠪᠠᠳᠴᠢᠨ ᠦᠵᠡᠭᠦ᠂ ᠲᠤᠭᠤᠷᠢᠨ ᠡᠪᠠᠳᠴᠢᠨ ᠦᠵᠡᠭᠦ ᠵᠢ ᠤᠶᠠᠯᠳᠤᠭᠤᠯᠤᠨ ᠠ᠋ᠮᠴᠢᠯᠡᠭᠰᠠᠡᠠᠴᠠ ᠤᠯᠠᠨ ᠡᠪᠠᠳᠴᠢᠳᠠᠨ ᠲᠡᠭᠦᠨ᠎ᠢ 《ᠪᠤᠷᠬᠠᠨ ᠰᠠᠳᠭᠢᠯ᠎ᠲᠠᠢ ᠰᠠᠢ᠍ᠢ᠍ᠨ ᠠ᠋ᠮᠴᠢ》 ᠭᠡᠵᠢ ᠨᠡᠷᠡᠯᠡᠭᠰᠡᠨ ᠪᠠᠢ᠍ᠢ᠍ᠨ᠎ᠠ᠃
ᠦᠭᠬᠢᠶᠡᠮᠦᠷ ᠬᠠᠢ᠌ᠷ᠎ᠠ ᠰᠠᠳᠬᠢᠯᠭᠡ᠎ᠪᠠᠷ ᠬᠦᠮᠤᠨ᠎ᠤ ᠶᠢᠷᠳᠢᠨᠴᠤ ᠵᠢ ᠳᠤᠯᠠᠭ᠋ᠠᠴᠠᠭᠤᠯᠪᠠ
ᠸᠠᠡᠭ ᠪᠦᠭᠡ ᠡᠪᠠᠳᠴᠢᠳᠠᠨᠤ ᠡᠪᠠᠳᠴᠢᠨᠢᠨᠢ ᠵᠠᠰᠠᠵᠤ ᠠ᠋ᠳᠡᠭᠡᠷᠡᠭᠦᠯᠤᠨ ᠠᠪᠬᠤ ᠵᠢᠨ ᠬᠠᠮᠳᠤ ᠨᠠᠢ᠍ᠢ᠍ᠭᠡᠮ᠎ᠳᠤ ᠠᠴᠢ ᠬᠠᠷᠢᠭᠤᠯᠠᠬᠤ ᠵᠢ ᠮᠠᠷᠳᠠᠬᠰᠠᠨ ᠦᠭᠡᠢ ᠪᠤᠶᠤ ᠮᠠᠷᠳᠠᠭ᠎ᠠ ᠴᠤ᠌ ᠦᠭᠡᠢ᠃ ᠳᠡᠭᠡᠷ᠎ᠡ ᠵᠠᠭᠤᠨ᠎ᠤ ᠨᠠᠶᠠᠭ᠋ᠠᠳ ᠤᠨ᠎ᠤ ᠠ᠋ᠭᠢᠪᠠᠷ ᠲᠡᠭᠦᠨ᠎ᠤ ᠠ᠋ᠮᠨᠡᠯᠭᠡ ᠵᠢᠨ ᠬᠤᠷᠢᠶ᠎ᠠ ᠰᠠᠭᠤᠵᠤ ᠪᠠᠢ᠍ᠢ᠍ᠭ᠎ᠠ ᠠᠢ᠌ᠯ ᠨᠢ ᠴᠡᠭᠢᠯᠭ᠋ᠠᠨ ᠨᠠᠪᠳᠡᠷᠡᠭᠡᠳᠤᠢ ᠪᠠᠢ᠍ᠢ᠍ᠪᠠ᠃ ᠸᠠᠡᠭ ᠪᠦᠭᠡ ᠲᠦᠮᠠᠨ ᠲᠦᠭᠦᠷᠢᠭ ᠵᠤᠭᠤᠰ ᠭᠠᠷᠭ᠋ᠠᠵᠤ ᠴᠡᠭᠢᠯᠭ᠋ᠠᠨ ᠨᠡᠪᠳᠡᠷᠡᠭᠦᠯᠦᠭᠡᠳ ᠨᠤᠳᠤᠭ᠎ᠤᠨ ᠤᠯᠠᠨ ᠲᠦᠮᠠᠨ᠎ᠳᠤ ᠴᠡᠭᠢᠯᠭ᠋ᠠᠨ ᠭᠡᠷᠡᠭᠯᠡᠭᠦᠯᠭᠦ ᠪᠤᠯᠭ᠋ᠠᠪᠠ᠃ 1998 ᠤᠨ᠎ᠳᠤ᠂ ᠵᠠᠭᠤᠨ ᠤᠨ᠎ᠳᠤ ᠲᠤᠭᠢᠶᠠᠯᠳᠤᠬᠰᠠᠨ ᠦᠭᠡᠢ ᠦᠶᠠᠷ ᠪᠠᠭᠤᠵᠤ ᠭᠠᠴᠠᠭ᠎ᠠ᠎ᠠᠴᠠ ᠪᠠᠯᠭ᠋ᠠᠰᠤ ᠵᠢᠨ ᠵᠠᠰᠠᠭ᠎ᠤᠨ ᠤᠷᠳᠤᠨ ᠭᠦᠷᠭᠦ ᠵᠠᠮ᠎ᠤᠨ ᠴᠤᠷ᠎ᠤᠨ ᠭᠠᠭᠴᠠ ᠭᠦᠭᠦᠷᠭᠡ ᠵᠢ ᠨᠤᠷᠠᠭ᠋ᠠᠬᠰᠠᠨᠳᠤ ᠦᠢ᠍ᠷ᠎ᠠ ᠤᠷᠴᠢᠮ᠎ᠤᠨ ᠠᠷᠪᠠᠨ ᠭᠡᠳᠤᠨ ᠠᠢ᠍ᠢ᠍ᠯ ᠲᠤᠰᠬᠤᠨ᠎ᠤ ᠮᠠᠯᠴᠢᠨ ᠲᠠᠷᠢᠶᠠᠴᠢᠨ᠎ᠤ ᠪᠠᠯᠭ᠋ᠠᠰᠤ ᠭᠦᠷᠭᠦ ᠵᠠᠮ ᠬᠠᠭ᠋ᠠᠬᠳᠠᠬᠰᠠᠨ ᠪᠠᠢ᠍ᠢ᠍ᠨ᠎ᠠ᠃ ᠸᠠᠡᠭ ᠪᠦᠭᠡ 26 ᠲᠦᠮᠠᠨ ᠲᠦᠭᠦᠷᠢᠭ ᠭᠠᠷᠭ᠋ᠠᠵᠤ ᠼᠸᠮᠸᠨ᠋ᠲᠤᠨ ᠭᠦᠭᠦᠷᠭᠡ ᠲᠠᠯᠪᠢᠭ᠋ᠠᠳ ᠲᠤᠬᠠᠢ ᠵᠢᠨ ᠭᠠᠵᠡᠷ᠎ᠤᠨ ᠮᠠᠯᠴᠢᠨ ᠲᠠᠷᠢᠢ᠍ᠶᠠᠴᠢᠨᠤ ᠪᠠᠴᠢᠮ ᠭᠡᠷᠡᠭᠴᠡᠭᠡ ᠵᠢ ᠰᠢᠢ᠍ᠳᠪᠤᠷᠢᠯᠠᠵᠤ ᠦᠭᠭᠦᠭᠰᠡᠨ᠎ᠳᠤ ᠠ᠋ᠨᠡ ᠭᠦᠭᠦᠷᠭᠡ ᠵᠢ ᠨᠤᠳᠤᠭ᠎ᠤᠨ ᠠᠷᠠᠳ 《ᠸᠠᠡᠭ ᠪᠦᠭᠡ ᠭᠦᠭᠦᠷᠭᠡ》 ᠭᠡᠵᠦ ᠨᠡᠷᠡᠯᠡᠪᠠ᠃ 2017 ᠤᠨ᠎ᠳᠤ᠂ ᠨᠤᠳᠤᠭ᠎ᠤᠨ ᠵᠶ᠋ᠠᠨ ᠲᠤᠮᠳᠠᠳᠤ ᠪᠠᠭ᠎ᠠ ᠰᠤᠷᠭ᠋ᠠᠭᠤᠯᠢ ᠵᠢᠨ ᠤᠡᠴᠠ ᠬᠦᠴᠢᠷᠳᠡᠯᠲᠡᠢ 51 ᠰᠤᠷᠤᠬ᠍ᠴᠢ ᠪᠠ ᠲᠡᠭᠦᠰᠦᠭᠡᠳᠤᠢ 5 ᠤᠶᠤᠳᠠᠨ᠎ᠢ 38.4 ᠲᠦᠮᠠᠨ ᠲᠦᠭᠦᠷᠢᠭ ᠵᠤᠭᠤᠰ ᠮᠦᠨᠭᠭᠦ᠎ᠪᠠᠷ ᠲᠠᠮᠵᠢᠪᠠ᠃ ᠬᠠᠷᠪᠢᠨ᠎ᠤ ᠲᠠᠷᠢᠭᠢᠨᠤ ᠰᠠ ᠡᠪᠠᠳᠴᠢᠨ᠎ᠲᠠᠢ ᠭᠡᠤᠭᠡᠳ᠎ᠤᠨ ᠰᠤᠷᠭ᠋ᠠᠭᠤᠯᠢ ᠵᠢᠨ 176 ᠰᠤᠷᠤᠬ᠍ᠴᠢ (ᠡᠪᠠᠳᠴᠢᠳᠠᠨ)᠎ᠳᠤ ᠠᠯᠪᠠᠨ ᠵᠢᠷᠤᠮ᠎ᠤᠨ ᠠ᠋ᠮᠴᠢᠯᠡᠭᠡ ᠭᠢᠭᠡᠳ 80 ᠲᠦᠮᠡ ᠢᠯᠡᠭᠦᠦ ᠲᠦᠭᠦᠷᠢᠭ᠎ᠤᠨ ᠬᠠᠡᠳᠢᠪ ᠠ᠋ᠷᠭᠦᠪᠠ; ᠵᠠᠮᠴᠢᠨ ᠪᠠᠭ᠎ᠠ ᠰᠤᠷᠭ᠋ᠠᠭᠤᠯᠢ ᠵᠢᠨ 90 ᠪᠠᠭᠰᠢ ᠰᠤᠷᠤᠬ᠍ᠴᠢ ᠦᠡᠳᠤᠰᠤᠳᠠᠨᠤ ᠬᠤᠪᠴᠠᠰᠤ ᠵᠠᠰᠠᠯ ᠪᠠ ᠰᠤᠷᠤᠬ᠍ᠴᠢ ᠵᠢᠨ ᠭᠡᠷᠡᠭᠰᠡᠯ ᠬᠤᠳᠠᠯᠳᠤᠨ ᠠᠪᠬᠤ ᠭᠡᠵᠤ ᠪᠠᠢ᠍ᠢ᠍ᠭ᠎ᠠ ᠵᠢ ᠰᠤᠨᠤᠰᠤᠭ᠋ᠠᠳ 20 ᠲᠦᠮᠡᠨ ᠲᠦᠭᠦᠷᠢᠭ ᠵᠶ᠋ᠠᠷ ᠲᠤᠰᠠᠯᠠᠪᠠ; ᠪᠠᠷᠠᠭᠤᠨ ᠵᠢᠷᠢᠮ ᠪᠠᠯᠭ᠋ᠠᠰᠤ ᠵᠢᠨ ᠰᠢᠨ᠎ᠠ᠎ᠪᠠᠷ ᠪᠠᠢ᠍ᠢ᠍ᠭᠤᠯᠤᠬᠰᠠᠨ ᠰᠤᠷᠭ᠋ᠠᠭᠤᠯᠢ ᠠᠵᠤ ᠠᠬᠤᠢ ᠵᠢᠨ ᠭᠦᠴᠢᠷᠳᠡᠯ᠎ᠠᠴᠠ ᠪᠤᠯᠵᠤ ᠢᠯᠴᠢ ᠬᠠᠨᠭ᠌ᠭ᠋ᠠᠨ ᠲᠤᠯᠠᠭ᠋ᠠᠯᠠᠵᠤ ᠲᠠᠢ᠍ᠢ᠍ᠯᠭᠦ ᠦᠭᠡᠢ ᠪᠤᠯᠤᠬᠰᠠᠨ ᠪᠤᠯᠬᠤᠷ ᠰᠤᠷᠭ᠋ᠠᠭᠤᠯᠢ ᠭᠢᠴᠢᠶᠠᠯ ᠤᠷᠤᠬᠤ ᠵᠢᠨ ᠠᠷᠭ᠎ᠠ ᠦᠭᠡᠢ ᠪᠠᠢ᠍ᠢ᠍ᠭ᠎ᠠ ᠵᠢ ᠮᠠᠳᠡᠮᠡᠭᠴᠠ ᠲᠠᠷᠠ ᠲᠤᠤᠷ᠎ᠠ᠎ᠪᠠᠨ 10 ᠲᠦᠮᠡᠨ ᠲᠦᠭᠦᠷᠢᠭ ᠵᠶ᠋ᠠᠷ ᠲᠠᠮᠵᠢᠪᠠ᠃
ᠸᠠᠡᠭ ᠪᠦᠭᠡ ᠵᠢᠨ ᠬᠠᠨᠳᠢᠪᠯᠠᠭᠰᠠᠨ ᠵᠤᠭᠤᠰ ᠮᠦᠨᠭᠭᠦ ᠠ᠋ᠨᠡᠭᠡᠨ ᠵᠶ᠋ᠠᠷ ᠵᠤᠬᠰᠤᠬᠤ ᠦᠭᠡᠢ᠂ ᠪᠦᠷᠢᠨ ᠪᠤᠰᠤ ᠪᠦᠷᠢᠳᠭᠡᠯ᠎ᠢ ᠦᠡᠳᠤᠰᠤᠯᠠᠪᠠᠯ᠂ 1989 ᠤᠨ᠎ᠠᠴᠠ 2024 ᠤᠨ ᠪᠤᠯᠳᠠᠯ᠎ᠠ ᠶᠠᠳᠠᠭᠤ ᠬᠦᠴᠢᠷᠳᠡᠯᠲᠡᠢ ᠰᠤᠷᠤᠬ᠍ᠴᠢ᠎ᠳᠤ 385 ᠲᠦᠮᠠᠨ ᠲᠦᠭᠦᠷᠢᠭ ᠬᠠᠡᠳᠢᠪᠯᠡᠪᠠ᠃ ᠠ᠋ᠮᠴᠢᠯᠡᠭᠡ ᠵᠢᠨ ᠵᠠᠷᠤᠳᠠᠯ᠎ᠤᠨ ᠲᠠᠯ᠎ᠠ᠎ᠪᠠᠷ᠂ 2023 ᠤᠨ ᠵᠶ᠋ᠠᠷ ᠵᠢᠱ᠌ᠢᠶᠠᠯᠠᠪᠠᠯ᠂ ᠡᠯ᠎ᠠ ᠭᠠᠵᠡᠷ᠎ᠤᠨ ᠡᠪᠠᠳᠴᠢᠳᠠᠨᠤ ᠠ᠋ᠮᠴᠢᠯᠡᠭᠡ ᠵᠢᠨ ᠵᠠᠷᠤᠳᠠᠯ᠎ᠢ 270 ᠲᠦᠮᠠᠨ ᠲᠦᠭᠦᠷᠢᠭ ᠬᠠᠰᠤᠵᠤ ᠭᠡᠯᠳᠤᠷᠢᠭᠦᠯᠵᠤ᠂ ᠨᠠᠰᠤᠳᠠᠢ ᠪᠠᠭᠤᠷᠠᠢ ᠡᠪᠠᠳᠴᠢᠳᠠᠨᠤ ᠠ᠋ᠮᠴᠢᠯᠡᠭᠡ ᠵᠢᠨ ᠵᠠᠷᠤᠳᠠᠯ᠎ᠢ 9 ᠰᠠᠶ᠎ᠠ ᠢᠯᠡᠭᠦᠦ ᠲᠦᠭᠦᠷᠢᠭ ᠭᠡᠯᠳᠤᠷᠢᠭᠦᠯᠵᠤ᠂ ᠡᠮ᠎ᠤᠨ ᠤᠭᠢᠶᠠᠯᠭ᠎ᠠ ᠵᠢᠨ ᠵᠠᠷᠤᠳᠠᠯ 420 ᠲᠦᠮᠠᠨ ᠲᠦᠭᠦᠷᠢᠭ᠎ᠢ ᠪᠦᠷᠢᠮᠤᠰᠤᠨ ᠭᠡᠯᠳᠤᠷᠢᠭᠦᠯᠵᠤ᠂ ᠰᠢᠡᠵᠢᠯᠡᠨ ᠰᠢᠯᠭ᠋ᠠᠬᠤ ᠵᠠᠷᠤᠳᠠᠯ 4320 ᠭᠦᠮᠤᠨ (ᠤᠳᠠᠭ᠎ᠠ)᠎ᠤ 84.24 ᠲᠦᠮᠠᠨ ᠲᠦᠭᠦᠷᠢᠭ ᠵᠠᠷᠤᠳᠠᠯ᠎ᠢ ᠴᠦᠮ ᠦᠯᠤ ᠬᠤᠷᠢᠶᠠᠪᠠ᠃
ᠤᠷᠴᠢᠨ ᠲᠤᠭᠤᠷᠢᠨ᠎ᠢ ᠰᠠᠢ᠍ᠢ᠍ᠵᠢᠷᠠᠭᠤᠯᠵᠤ ᠭᠡᠷ ᠬᠤᠷᠤᠭ᠎ᠠ᠎ᠪᠠᠨ ᠪᠠᠢ᠌ᠭᠤᠯᠪᠠ
ᠬᠤᠷᠴᠢᠨ ᠨᠤᠳᠤᠭ᠎ᠲᠤ ᠲᠦᠷᠦᠵᠤ ᠦᠰᠦᠭᠰᠡᠨ ᠸᠠᠡᠭ ᠪᠦᠭᠡ 《ᠤᠷᠴᠢᠨ ᠲᠤᠭᠤᠷᠢᠨ᠎ᠤ ᠪᠠᠢ᠍ᠢ᠍ᠳᠠᠯ᠎ᠠᠴᠠ ᠠ᠋ᠭᠦᠰᠭᠦ ᠪᠤᠯ ᠠᠵᠤ ᠠᠬᠤᠢ ᠵᠢᠨ ᠭᠦᠭᠵᠢᠭᠦᠯᠦᠯᠳᠠ ᠵᠢᠨ ᠴᠢᠬᠤᠯᠠ ᠶᠠᠪᠤᠳᠠᠯ ᠪᠤᠯᠤᠨ᠎ᠠ》 《ᠭᠦᠭᠡ ᠠᠭᠤᠯᠠ ᠭᠦᠭᠡᠮᠳᠦᠭ ᠤᠰᠤ ᠪᠣᠯ ᠠᠯᠳᠠ ᠮᠦᠨᠭᠭᠦᠨ ᠠᠭᠤᠯᠠ 》 ᠬᠡᠮᠡᠬᠦ ᠶᠤᠰᠤ ᠤᠴᠢᠷ᠎ᠢ ᠠᠯᠢ ᠠ᠋ᠷᠳᠡ᠎ᠠᠴᠠ ᠭᠦᠡᠵᠡᠭᠡᠢ ᠦᠢ᠍ᠯᠠᠭ᠋ᠠᠵᠤ ᠪᠠᠢ᠍ᠢ᠍ᠬᠰᠠᠨ ᠪᠤᠯᠬᠤᠷ ᠨᠤᠳᠤᠭ᠎ᠤᠨ ᠵᠶ᠋ᠠᠨ ᠤᠷᠴᠢᠨ ᠲᠤᠭᠤᠷᠢᠨ᠎ᠤ ᠪᠠᠢ᠍ᠢ᠍ᠭᠤᠯᠤᠯᠳᠠ᠎ᠳᠤ ᠢᠮᠠᠬᠳᠠ ᠠᠨᠭ᠌ᠬᠠᠷᠤᠯ ᠬᠠᠡᠳᠤᠭᠤᠯᠤᠨ ᠤᠷᠤᠯᠴᠠᠭᠰᠠᠭ᠋ᠠᠷ ᠢᠷᠡᠪᠠ᠃
ᠠ᠋ᠳᠤᠷ ᠢᠷᠡᠭᠦ ᠲᠤᠳᠤᠮ ᠲᠠᠴᠢᠷᠳᠠᠵᠤ ᠪᠠᠢ᠍ᠢ᠍ᠭ᠎ᠠ ᠤᠷᠴᠢᠨ ᠲᠤᠭᠤᠷᠢᠨ᠎ᠢ ᠸᠠᠡᠭ ᠪᠦᠭᠡ ᠨᠢᠳᠤ᠎ᠪᠠᠷ ᠵᠶ᠋ᠠᠨ ᠦᠵᠡᠵᠤ ᠰᠡᠳᠭᠢᠯ ᠳᠤ᠎ᠪᠠᠨ ᠪᠤᠳᠤᠵᠤ᠂ ᠴᠢᠳᠠᠬᠤ ᠵᠢᠨ ᠭᠢᠷᠢᠳᠤᠪᠠᠨ ᠶᠠᠭᠤ ᠨᠢᠭᠡ ᠵᠢ ᠭᠢᠭᠦ᠎ᠪᠠᠷ ᠵᠤᠷᠢᠭ ᠰᠢᠭᠤᠳᠪᠠ᠃ ᠠ᠋ᠨᠡ ᠮᠠᠳᠤ ᠬᠠᠷᠢᠭᠤᠴᠠᠭ᠋ᠠᠯᠳᠤ ᠰᠠᠳᠭᠢᠯᠢ ᠡᠪᠤᠷᠯᠠᠵᠤ᠂ 2010 ᠤᠨ᠎ᠳᠤ᠂ ᠲᠠᠷᠠ 5000 ᠮᠤ᠌ ᠭᠠᠵᠡᠷ ᠲᠠᠭ᠋ᠠᠭ᠋ᠠᠴᠢᠯᠠᠨ ᠠᠪᠴᠤ ᠮᠤᠳᠤ ᠵᠠᠢ᠍ᠢ᠍ᠯᠠᠵᠤ ᠤᠢ᠍ᠢ᠍ᠵᠢᠭᠤᠯᠪᠠ᠃ ᠸᠠᠡᠭ ᠪᠦᠭᠡ ᠵᠢᠨ ᠲᠠᠭ᠋ᠠᠭ᠋ᠠᠴᠢᠯᠠᠨ ᠠᠪᠤᠬᠰᠠᠨ ᠭᠠᠵᠡᠷ᠎ᠤᠨ ᠨᠡᠷ᠎ᠠ ᠨᠢ《ᠮᠠᠨᠭ᠌ᠬᠠᠨ ᠲᠠᠪᠠᠭ᠎ᠠ》 ᠭᠡᠳᠡᠭ᠃ ᠲᠤᠬᠠᠢ ᠵᠢᠨ ᠭᠠᠵᠡᠷ᠎ᠤᠨ ᠬᠠᠮᠤᠭ᠎ᠠᠴᠠ ᠢᠯᠡᠭᠦᠦ ᠠ᠋ᠯᠡᠰᠦᠷᠭᠡᠭᠵᠢᠭᠰᠡᠨ ᠪᠦᠭᠡᠳ ᠤᠢ᠍ᠢ᠍ᠵᠢᠭᠤᠯᠬᠤᠳᠤ ᠬᠠᠮᠤᠭ᠎ᠤᠨ ᠲᠦᠪᠡᠭᠲᠡᠢ ᠠ᠋ᠯᠡᠰᠦᠷᠭᠡᠭ ᠭᠠᠵᠡᠷ ᠪᠤᠯᠤᠨ᠎ᠠ᠃ 《ᠡᠪᠠᠳᠴᠢᠳᠠᠨᠤ ᠡᠪᠠᠳᠴᠢᠨ ᠠ᠋ᠮᠭᠡᠭᠢᠨᠢ ᠦᠵᠡᠭᠡᠳ ᠥᠭᠪᠡᠯ ᠪᠠᠷᠠᠯ᠎ᠠ ᠳ᠋ᠠ᠂ ᠶᠠᠭᠤᠨ᠎ᠤ᠎ᠬᠢ ᠤᠢ᠍ᠢ᠍ᠵᠢᠭᠤᠯᠬᠤ ᠭᠠᠵᠡᠷ ᠲᠠᠭ᠋ᠠᠭ᠋ᠠᠴᠢᠯᠠᠨ ᠠᠪᠬᠤ ᠭᠡᠰᠠᠨ ᠪᠤᠢ?》 ᠭᠡᠵᠦ ᠨᠠᠢ᠍ᠢ᠍ᠵᠠ ᠨᠠᠷ᠎ᠨᠢ ᠲᠠᠭᠦᠨ᠎ᠢ ᠢᠳᠬᠠᠬᠰᠠᠨ ᠪᠤᠯᠪᠠᠴᠤ ᠨᠢᠭᠡ ᠯᠠ ᠰᠠᠳᠭᠢᠯ ᠵᠶ᠋ᠠᠷ ᠨᠤᠳᠤᠭ ᠤᠰᠤ᠎ᠪᠠᠨ ᠤᠢ᠍ᠢ᠍ᠵᠢᠭᠤᠯᠤᠶᠠ ᠭᠡᠵᠦ ᠪᠤᠳᠤᠬᠰᠠᠨ ᠸᠠᠡᠭ ᠪᠦᠭᠡ ᠬᠠᠰᠢ ᠯᠠ 4 ᠲᠦᠮᠠᠨ ᠵᠠᠭ᠋ᠠᠷᠳᠤ ᠨᠠᠷᠠᠰᠤ ᠵᠢᠨ ᠴᠢᠭ᠎ᠢ ᠬᠤᠳᠠᠯᠳᠤᠨ ᠠᠪᠴᠤ ᠲᠠᠭ᠋ᠠᠭ᠋ᠠᠴᠢᠯᠠᠬᠰᠠᠨ ᠭᠠᠵᠡᠷ ᠲᠤ᠎ᠪᠠᠨ ᠵᠠᠢ᠍ᠢ᠍ᠯᠠᠪᠠ᠃ ᠭᠡᠪᠠᠴᠤ ᠲᠠᠭ᠋ᠠᠭ᠋ᠠᠴᠢᠯᠠᠬᠰᠠᠨ ᠭᠠᠵᠡᠷ ᠲᠤᠨᠢ ᠤᠰᠤ ᠴᠠᠭᠢᠯᠭ᠋ᠠᠨ ᠪᠠᠢ᠍ᠢ᠍ᠬᠤ ᠦᠭᠡᠢ᠂ ᠰᠠᠯᠭᠢ᠎ᠨᠢ ᠰᠠᠷᠭᠡᠢ᠍ᠢ᠍ᠯᠡᠨ ᠴᠢᠭ᠎ᠢ ᠮᠤᠳᠤ ᠵᠢ ᠬᠠᠮᠠᠭ᠋ᠠᠯᠠᠬᠤ ᠲᠦᠭᠦᠭᠡᠷᠤᠮᠵᠢ ᠪᠠᠢ᠍ᠢ᠍ᠬᠤ ᠦᠭᠡᠢ ᠮᠦᠷᠳᠡᠭᠡᠨ ᠮᠠᠯ᠎ᠤᠨ ᠰᠦᠷᠦᠭ᠂ ᠬᠤᠨᠢ ᠢᠮᠠᠭ᠎ᠠ ᠵᠢᠨ ᠰᠦᠷᠦᠭ᠎ᠤᠨ ᠵᠠᠮ ᠪᠤᠯᠤᠬᠰᠡᠨ ᠪᠤᠯᠬᠤᠷ ᠤᠢ᠍ᠢ᠍ᠵᠢᠭᠤᠯᠤᠬᠰᠠᠨ ᠦᠷ᠎ᠠ ᠪᠦᠳᠦᠮᠵᠢ᠎ᠪᠠᠨ ᠬᠠᠮᠠᠭ᠋ᠠᠯᠠᠵᠤ ᠲᠡᠢ᠍ᠢ᠍ᠯᠦᠭᠰᠡᠨ ᠦᠭᠡᠢ ᠪᠤᠯᠬᠤᠷ ᠠ᠋ᠨᠡ ᠤᠳᠠᠭ᠎ᠠ ᠵᠢᠨ ᠤᠢ᠍ᠢ᠍ᠵᠢᠭᠤᠯᠬᠤ ᠠᠵᠢᠯ ᠨᠢ ᠠᠮᠵᠢᠯᠳᠠ ᠤᠯᠤᠬᠰᠠᠨ ᠦᠭᠡᠢ᠃ ᠮᠤᠳᠤ ᠵᠠᠢ᠍ᠢ᠍ᠯᠠᠵᠤ ᠤᠢ᠍ᠢ᠍ᠵᠢᠭᠤᠯᠤᠭ᠋ᠠᠳ ᠠᠨᠭ᠌ᠬ᠎ᠠ ᠢᠯᠠᠬᠳᠠᠯ᠎ᠳᠤ ᠤᠴᠠᠷᠠᠬᠰᠠᠨ ᠨᠢ ᠸᠠᠡᠭ ᠪᠦᠭᠡ ᠵᠢᠨ ᠮᠤᠳᠤ ᠵᠠᠢ᠍ᠢ᠍ᠯᠠᠵᠤ ᠤᠢ᠍ᠢ᠍ᠵᠢᠭᠤᠯᠤᠨ ᠠ᠋ᠯᠡᠰᠤ ᠵᠢ ᠰᠠᠷᠭᠡᠢ᠍ᠢ᠍ᠯᠡᠵᠤ ᠠ᠋ᠯᠡᠰᠤ ᠵᠢ ᠵᠠᠰᠠᠨ ᠤᠷᠴᠢᠨ ᠲᠤᠭᠤᠷᠢᠨ᠎ᠢ ᠰᠠᠢ᠍ᠢ᠍ᠵᠢᠷᠠᠭᠤᠯᠬᠤ ᠭᠡᠰᠠᠨ ᠵᠤᠷᠢᠭ ᠰᠦᠰᠤ ᠵᠢ ᠬᠠᠷᠢᠨ ᠭᠦᠪᠴᠢᠯᠡᠭᠰᠡᠨ ᠪᠠᠢ᠍ᠢ᠍ᠨ᠎ᠠ᠃
ᠸᠠᠡᠭ ᠪᠦᠭᠡ ᠵᠢᠨ ᠲᠦᠷᠦᠭᠰᠡᠨ ᠨᠤᠳᠤᠭ ᠬᠠᠭᠤᠷᠠᠢ ᠬᠠᠭ᠋ᠠᠰ ᠬᠠᠭᠤᠷᠠᠢ ᠤᠷᠴᠢᠨ ᠲᠤᠭᠤᠷᠢᠨ᠎ᠳᠤ ᠪᠠᠢ᠍ᠢ᠍ᠷᠢᠰᠢᠵᠤ᠂ ᠬᠠᠪᠤᠷ᠎ᠤᠨ ᠤᠯᠠᠷᠢᠯ᠎ᠳᠤ ᠠᠭᠤᠷ ᠠᠮᠢᠰᠬᠤᠯ ᠮᠠᠭᠤ᠂ ᠰᠠᠯᠭᠢ ᠭᠦᠳᠡᠯᠵᠤ ᠰᠢᠷᠦᠢ ᠲᠤᠭᠤᠰᠤ ᠲᠡᠭᠳᠡᠵᠤ᠂ ᠮᠤᠳᠤ ᠵᠠᠢ᠍ᠢ᠍ᠯᠠᠬᠤ ᠭᠡᠵᠦ ᠮᠠᠯᠳᠠᠬᠰᠠᠨ ᠨᠦᠭᠡ᠎ᠨᠢ ᠨᠢᠭᠡ ᠯᠠ ᠰᠦᠨᠢ ᠵᠢᠨ ᠬᠤᠭᠤᠷᠤᠡᠳᠤ ᠠ᠋ᠯᠡᠰᠤᠨᠳᠤ ᠪᠤᠯᠠᠬᠳᠠᠳᠠᠭ᠃ ᠵᠠᠷᠢᠮ ᠦᠶ᠎ᠠ᠎ᠳᠤ ᠰᠠᠶᠢᠬᠠᠨ ᠵᠠᠢ᠍ᠢ᠍ᠯᠠᠬᠰᠠᠨ ᠴᠢᠭ᠎ᠢ ᠮᠤᠳᠤ ᠶᠡᠭᠡ ᠰᠠᠯᠭᠢᠨ᠎ᠳᠤ ᠭᠡᠢ᠍ᠢ᠍ᠰᠦᠭᠡᠳ ᠤᠷᠤ ᠮᠦᠷ ᠦᠭᠡᠢ ᠪᠤᠯᠬᠤ ᠶᠠᠪᠤᠳᠠᠯ ᠴᠤ᠌ ᠭᠠᠷᠳᠠᠭ᠃ ᠲᠠᠷᠠ ᠦᠶ᠎ᠠ᠎ᠳᠤ᠂ ᠸᠠᠡᠭ ᠪᠦᠭᠡ ᠡᠪᠠᠳᠴᠢᠨ ᠦᠵᠡᠭᠦ᠎ᠠᠴᠠ ᠭᠠᠳᠠᠨ᠎ᠠ ᠪᠤᠰᠤᠳ ᠴᠠᠭ ᠲᠤᠨᠢ ᠭᠡᠷ᠎ᠤᠨ ᠭᠦᠮᠤᠰ ᠵᠶ᠋ᠠᠨ ᠲᠠᠭ᠋ᠠᠭᠤᠯᠤᠨ ᠠ᠋ᠷᠳᠡ᠂ ᠦᠳᠠ᠂ ᠤᠷᠤᠢ ᠵᠢᠨ ᠴᠠᠭ ᠵᠶ᠋ᠠᠨ ᠠᠰᠢᠭᠯᠠᠨ ᠨᠦᠭᠡ ᠮᠠᠯᠳᠠᠵᠤ ᠮᠤᠳᠤ ᠵᠠᠢ᠍ᠢ᠍ᠯᠠᠨ ᠤᠰᠤ ᠲᠠᠮᠨᠠᠨ ᠵᠠᠢ᠍ᠢ᠍ᠯᠠᠬᠰᠠᠨ ᠮᠤᠳᠤ᠎ᠪᠠᠨ ᠤᠰᠤᠯᠠᠬᠰᠠᠨ ᠪᠠᠢ᠍ᠢ᠍ᠨ᠎ᠠ᠃ ᠤᠷᠳᠤ ᠬᠤᠭᠤᠴᠠᠭ᠎ᠠ᠎ᠪᠠᠷ ᠭᠠᠳᠠᠨ᠎ᠠ ᠠᠵᠢᠯ ᠭᠢᠵᠤ ᠨᠠᠷᠠᠨ᠎ᠳᠤ ᠰᠢᠷᠠᠬᠳᠠᠵᠤ ᠰᠠᠯᠭᠢᠨ᠎ᠳᠤ ᠦᠯᠢᠶᠡᠭᠳᠡᠵᠤ᠂ ᠭᠠᠷᠤᠨ ᠠᠯᠠᠭ᠎ᠠ ᠨᠢ ᠴᠦᠪᠤᠷᠢᠳᠤᠵᠤ᠂ ᠤᠷᠤᠭᠤᠯ ᠨᠢ ᠦᠷᠤᠮᠡᠳᠡᠨ ᠬᠠᠭ᠋ᠠᠷᠠᠵᠤ᠂ ᠠᠷᠠᠰᠤ᠎ᠨᠢ ᠴᠤ᠌ ᠨᠠᠷᠠᠨ᠎ᠳᠤ ᠰᠢᠷᠠᠬᠳᠠᠨ ᠭᠡᠮᠳᠤᠵᠤ᠂ ᠲᠠᠨᠢᠯ ᠪᠤᠰᠤ ᠭᠦᠮᠤᠨ ᠲᠡᠭᠦᠨ᠎ᠢ ᠠ᠋ᠮᠴᠢ ᠭᠡᠵᠦ ᠢᠳᠡᠭᠡᠵᠤ ᠶᠠᠳᠠᠬᠤ ᠪᠦᠭᠡᠳ ᠲᠠᠨᠢᠯ ᠭᠦᠮᠤᠨ ᠢᠨᠤ ᠲᠡᠭᠦᠨ᠎ᠤ ᠠ᠋ᠨᠡ ᠮᠠᠳᠤ ᠰᠢᠷᠭ᠋ᠠᠭᠤ ᠬᠠᠳᠠᠭᠤᠵᠢᠯᠳᠠᠢ ᠠᠵᠢᠯᠯᠠᠵᠤ ᠪᠠᠢ᠍ᠢ᠍ᠭ᠎ᠠ ᠵᠢ ᠦᠵᠡᠭᠡᠳ ᠦᠷᠤ ᠡᠪᠠᠳᠭᠦ ᠵᠢᠨ ᠬᠠᠮᠳᠤ ᠪᠢᠰᠢᠷᠡᠭᠰᠡᠨ ᠪᠠᠢ᠍ᠢ᠍ᠨ᠎ᠠ᠃
15 ᠵᠢᠯ᠎ᠤᠨ ᠰᠢᠡᠳᠠᠷᠡᠰᠢ ᠦᠭᠡᠢ ᠴᠢᠷᠮᠠᠢ᠍ᠢ᠍ᠯᠭ᠎ᠠ᠎ᠪᠠᠷ ᠲᠠᠮᠵᠢᠵᠤ᠂ ᠤᠯᠤᠰ᠎ᠠᠴᠠ ᠪᠠᠯᠠ ᠤᠷᠤᠭᠤᠯᠤᠬᠰᠠᠨ ᠦᠭᠡᠢ ᠨᠦᠭᠦᠴᠠᠯ ᠲᠤᠤᠷ᠎ᠠ᠂ ᠸᠠᠡᠭ ᠪᠦᠭᠡ ᠭᠦᠴᠤ᠎ᠪᠠᠨ ᠰᠢᠪᠬᠠᠨ ᠭᠦᠯᠦᠰᠤ᠎ᠪᠠᠨ ᠤᠷᠤᠰᠬᠠᠨ ᠪᠠᠢ᠍ᠢ᠍ᠵᠤ ᠨᠢᠭᠡ ᠭᠡᠰᠡᠭ ᠨᠤᠭᠤᠭ᠋ᠠᠨ ᠪᠦᠷᠢ᠎ᠳᠤ ᠪᠦᠳᠦᠭᠡᠭᠰᠡᠨ ᠪᠠᠢ᠍ᠢ᠍ᠨ᠎ᠠ᠃ ᠲᠠᠭ᠋ᠠᠭ᠋ᠠᠴᠢᠯᠠᠬᠰᠠᠨ 5000 ᠮᠤ᠌ ᠠ᠋ᠯᠡᠰᠤ ᠵᠢ ᠪᠦᠷᠢᠮᠤᠰᠤᠨ ᠵᠠᠰᠠᠬᠤ ᠬᠠᠷᠠᠯᠳᠠ᠎ᠪᠠᠨ ᠪᠠᠶᠠᠯᠡᠭᠦᠯᠵᠤ᠂ ᠨᠠᠷᠠᠰᠤ ᠮᠠᠢ᠍ᠢ᠍ᠯᠠᠰᠤ ᠵᠡᠷᠭᠡ ᠵᠢᠨ 49 ᠲᠦᠷᠤᠯ᠎ᠤᠨ 45 ᠲᠦᠮᠠᠨ ᠪᠤᠳᠠ ᠲᠤᠷᠤᠭ ᠮᠤᠳᠤ ᠵᠠᠢ᠍ᠢ᠍ᠯᠠᠬᠰᠠᠨ ᠪᠠᠢ᠍ᠢ᠍ᠨ᠎ᠠ᠃ ᠠ᠋ᠭᠦᠨ᠎ᠳᠤ᠂ 100 ᠮᠤ᠌ ᠵᠢᠮᠢᠰ᠎ᠤᠨ ᠮᠤᠳᠤ᠂ 100 ᠮᠤ᠌ ᠴᠡᠴᠡᠭ ᠬᠤᠸᠡᠷ᠎ᠲᠠᠢ ᠪᠠᠢ᠍ᠢ᠍ᠵᠤ᠂ ᠤᠢ ᠮᠤᠳᠤ ᠵᠢᠨ ᠵᠠᠭ᠋ᠠᠭ᠎ᠲᠤ 13 ᠲᠦᠷᠤᠯ᠎ᠤᠨ ᠭᠢᠳᠡᠳ ᠡᠪᠠᠰᠤᠨ ᠡᠮ ᠲᠠᠷᠢᠵᠤ 400 ᠮᠤ᠌ ᠭᠦᠷᠦᠭᠰᠡᠨ ᠠᠵᠢ᠃ ᠵᠠᠭ᠋ᠠᠬᠯᠠᠨ ᠲᠠᠷᠢᠬᠰᠠᠨ ᠢᠳᠡᠰᠢᠨ ᠨᠤᠭᠤᠭ᠎ᠠ ᠪᠠᠨ ᠡᠪᠠᠳᠴᠢᠳᠠᠨ᠎ᠳᠤ ᠦᠭᠴᠤ ᠠ᠋ᠮᠨᠡᠯᠭᠡ᠎ᠳᠤ ᠰᠠᠭᠤᠵᠤ ᠠ᠋ᠮᠨᠡᠭᠦᠯᠵᠤ ᠪᠠᠢ᠍ᠢ᠍ᠭ᠎ᠠ ᠡᠪᠠᠳᠴᠢᠳᠠᠨᠤ ᠬᠤᠭᠤᠯᠠ ᠤᠮᠳᠠ ᠵᠢᠨ ᠪᠦᠳᠦᠴᠠ ᠵᠢ ᠪᠠᠳᠤᠯᠠᠬᠰᠠᠨ ᠪᠢᠯᠡ᠃ ᠦᠨᠭᠭᠡᠷᠡᠭᠰᠡᠨ᠎ᠤ ᠠ᠋ᠯᠡᠰᠤ ᠮᠠᠨᠭ᠌ᠬᠠ ᠦᠨᠤᠳᠤᠷ ᠬᠠᠷᠢᠨ ᠤᠢ ᠵᠢᠨ ᠴᠡᠴᠡᠷᠯᠢᠭ ᠪᠤᠯᠵᠤ ᠬᠤᠪᠢᠷᠠᠭ᠋ᠠᠳ 4A ᠲᠠᠰ᠎ᠤᠨ ᠵᠢᠭᠤᠯᠴᠢᠯᠠᠯ᠎ᠤᠨ ᠦᠵᠡᠮᠵᠢ ᠵᠢᠨ ᠪᠠᠷᠢᠮᠵᠢᠶ᠎ᠠ᠎ᠳᠤ ᠬᠦᠷᠴᠡᠢ᠃
ᠰᠢᠷ᠎ᠠ ᠬᠤᠮᠠᠭ ᠭᠡᠢ᠍ᠢ᠍ᠰᠦᠭᠰᠡᠨ ᠠ᠋ᠯᠡᠰᠤ ᠮᠠᠨᠭ᠌ᠬᠠᠨ ᠨᠤᠳᠤᠭ ᠤᠳᠤ ᠬᠠᠷᠢᠨ ᠲᠤᠵᠢ ᠤᠢ ᠮᠤᠳᠤ ᠤᠷᠭᠤᠵᠤ᠂ ᠤᠳᠠᠭ᠋ᠠᠨ ᠵᠢᠯ ᠠᠯᠠᠭ᠎ᠠ ᠪᠤᠯᠤᠬᠰᠠᠨ ᠭᠡᠭᠡᠷ᠎ᠠ ᠵᠢᠨ ᠠᠮᠢᠳᠠᠨ ᠢᠳᠡᠭ ᠢᠳᠡᠭ ᠵᠢᠡᠷ ᠢᠷᠡᠵᠤ᠂ ᠠ᠋ᠷᠪᠡᠭᠡᠢ ᠨᠢᠰᠴᠤ ᠪᠤᠯᠵᠤᠮᠤᠷ ᠰᠢᠪᠠᠭᠤ ᠵᠢᠷᠭᠢᠨ ᠲᠠᠤᠯᠠᠢ ᠂ ᠭᠤᠷᠭᠤᠤᠯ᠂ ᠭᠡᠭᠡᠷ᠎ᠠ ᠵᠢᠨ ᠭᠠᠬᠠᠢ ᠭᠠᠵᠡᠷ ᠰᠠᠢ ᠦᠭᠡᠢ ᠭᠦᠶᠦᠯᠳᠤᠵᠤ᠂ ᠪᠠᠢ᠍ᠢ᠍ᠭ᠋ᠠᠯᠢ ᠵᠢᠨ ᠤᠷᠴᠢᠨ ᠲᠤᠭᠤᠷᠢᠨ ᠠ᠋ᠷᠡᠰ ᠬᠤᠪᠢᠷᠠᠯᠳᠠ ᠭᠠᠷᠤᠯ᠎ᠠ᠃ ᠠ᠋ᠨᠡ ᠭᠦ᠌ ᠭᠦᠴᠤ ᠭᠠᠷᠭ᠋ᠠᠵᠤ ᠭᠦᠯᠦᠰᠤ ᠤᠷᠤᠰᠬᠠᠨ ᠪᠠᠢ᠍ᠢ᠍ᠵᠤ ᠤᠷᠭᠤᠭᠤᠯᠤᠬᠰᠠᠨ ᠤᠢ ᠮᠤᠳᠤ ᠪᠠᠨ ᠬᠠᠮᠠᠭ᠋ᠠᠯᠠᠬᠤ ᠵᠢᠨ ᠲᠦᠯᠦᠭᠡ ᠸᠠᠡᠭ ᠪᠦᠭᠡ 7 ᠭᠦᠮᠤᠨ ᠵᠶ᠋ᠠᠷ ᠪᠦᠷᠢᠯᠳᠦᠭᠰᠡᠨ ᠤᠢ ᠬᠠᠮᠠᠭ᠋ᠠᠯᠠᠨ ᠭᠠᠯ᠎ᠢ ᠰᠠᠷᠭᠡᠢ᠍ᠢ᠍ᠯᠡᠭᠦ ᠪᠠᠭ ᠪᠠᠢ᠍ᠢ᠍ᠭᠤᠯᠵᠤ᠂ ᠤᠢ ᠮᠤᠳᠤ ᠵᠢ ᠴᠠᠬᠳᠠᠵᠤ᠂ ᠭᠠᠯ᠎ᠢ ᠰᠠᠷᠭᠡᠢ᠍ᠢ᠍ᠯᠡᠵᠤ᠂ ᠭᠡᠭᠡᠷ᠎ᠠ ᠵᠢᠨ ᠠᠮᠢᠳᠠᠨ᠎ᠢ ᠬᠠᠮᠠᠭ᠋ᠠᠯᠠᠪᠠ᠃ ᠠᠵᠢᠯ᠎ᠤᠨ ᠠᠮᠵᠢᠯᠳᠠ᠎ᠪᠠᠨ ᠬᠠᠷᠠᠭ᠋ᠠᠳ ᠸᠠᠡᠭ ᠪᠦᠭᠡ ᠲᠤᠡᠭ ᠶᠡᠬᠡ ᠪᠠᠶᠠᠷᠯᠠᠵᠤ ᠄ 《ᠪᠢ ᠦᠨᠭᠭᠡᠷᠡᠭᠰᠡᠨ᠎ᠳᠤ ᠮᠤᠳᠤ ᠵᠠᠢ᠍ᠢ᠍ᠯᠠᠵᠤ ᠤᠢ᠍ᠢ᠍ᠵᠢᠭᠤᠯᠬᠤ ᠵᠢ ᠦᠢ᠍ᠯᠠᠭ᠋ᠠᠬᠤ ᠦᠭᠡᠢ ᠪᠠᠢ᠍ᠢ᠍ᠪᠠ᠃ ᠤᠳᠤ ᠬᠠᠷᠢᠨ ᠵᠢᠯ᠎ᠤᠨ ᠲᠦᠷᠪᠠᠨ ᠤᠯᠠᠷᠢᠯ᠎ᠳᠤ ᠴᠦᠮ ᠤᠢ᠍ᠢ᠍ᠵᠢᠭᠤᠯᠵᠤ ᠲᠡᠢ᠍ᠢ᠍ᠯᠭᠦ ᠨᠤᠳᠤᠭ᠎ᠤᠨ ᠮᠠᠷᠭᠡᠵᠢᠯᠳᠠᠨ ᠪᠤᠯᠤᠯ᠎ᠠ》 ᠭᠡᠵᠢ ᠪᠠᠢ᠍ᠢ᠍ᠨᠭ᠌ᠭᠤ ᠱᠤᠭ ᠪᠤᠯᠭ᠋ᠠᠨ ᠶᠠᠷᠢᠳᠠᠭ᠃
2022 ᠤᠨ᠎ᠳᠤ᠂ ᠭᠠᠴᠠᠭ᠎ᠠ (ᠲᠤᠰᠬᠤᠨ) ᠵᠢᠨ ᠬᠣᠶᠠᠷ ᠵᠦᠪᠯᠡᠯ ᠠᠢ᠌ᠯ᠎ᠤᠨ ᠬᠠᠪᠢ ᠲᠥᠰᠦᠷ᠎ᠤᠨ ᠬᠤᠬ ᠨᠤᠪᠰᠢ ᠵᠢ ᠴᠡᠪᠠᠷᠯᠡᠭᠦ᠎ᠪᠠᠷ ᠲᠦᠯᠦᠪᠯᠡᠭᠰᠡᠨ ᠪᠤᠯᠪᠠᠴᠤ ᠵᠠᠷᠤᠳᠠᠯ ᠭᠦᠷᠦᠯᠴᠡᠭᠦ ᠦᠭᠡᠢ ᠪᠤᠯᠤᠬᠰᠠᠨ᠎ᠳᠤ ᠪᠠᠭ᠎ᠤᠨ ᠤᠳᠤᠷᠢᠳᠤᠯᠭ᠎ᠠ ᠸᠠᠡᠭ ᠪᠦᠭᠡ ᠵᠢ ᠠ᠋ᠷᠢᠵᠤ ᠲᠠᠮᠵᠢᠯᠭᠡ ᠭᠦᠰᠡᠪᠠ᠃ ᠸᠠᠡᠭ ᠪᠦᠭᠡ ᠬᠤᠶᠠᠷ ᠵᠦᠪᠯᠡᠯ᠎ᠤᠨ ᠰᠠᠳᠭᠢᠯ᠎ᠤᠨ ᠵᠤᠪᠠᠯᠠᠡᠭ ᠪᠠ ᠭᠠᠴᠠᠭ᠎ᠠ ᠵᠢᠨ ᠠᠷᠠᠳ᠎ᠤᠨ ᠭᠦᠰᠡᠯ ᠠ᠋ᠷᠡᠮᠠᠯᠵᠠᠯᠢ ᠪᠦᠷᠢᠮᠤᠰᠤᠨ ᠦᠢ᠍ᠯᠠᠭ᠋ᠠᠵᠤ᠂ ᠰᠠᠶ᠎ᠠ ᠢᠯᠡᠭᠦᠦ ᠲᠦᠭᠦᠷᠢᠭ ᠪᠠᠯᠠ ᠤᠷᠤᠭᠤᠯᠵᠤ ᠠᠷᠢᠯᠭ᠋ᠠᠭ᠋ᠠᠳ ᠤᠳᠤ ᠯᠢᠨᠭ᠌ᠬᠤᠸᠠᠳᠤ ᠨᠠᠭᠤᠷ ᠪᠤᠯᠭ᠋ᠠᠵᠤ᠂ ᠨᠠᠭᠤᠷ᠎ᠤᠨ ᠤᠰᠤ ᠮᠠᠯᠮᠠᠯᠵᠠᠵᠤ ᠯᠢᠨᠭ᠌ᠬᠤᠠ ᠴᠡᠴᠡᠭ ᠪᠠᠳᠠᠷᠠᠨ ᠲᠡᠯᠭᠡᠷᠡᠵᠤ᠂ ᠭᠠᠴᠠᠭ᠎ᠠ ᠵᠢᠨ ᠠᠷᠠᠳ᠎ᠤᠨ ᠤᠷᠤᠰᠢᠨ ᠠᠮᠢᠳᠤᠷᠠᠬᠤ ᠤᠷᠴᠢᠨ ᠲᠤᠭᠤᠷᠢᠨ ᠰᠠᠢ᠍ᠢ᠍ᠵᠢᠷᠠᠬᠤ ᠵᠢᠨ ᠬᠠᠮᠳᠤ ᠯᠢᠨᠭ᠌ᠬᠤᠠ ᠴᠡᠴᠡᠭ ᠰᠤᠨᠢᠷᠬᠠᠬᠤ ᠦᠵᠡᠮᠵᠢ ᠵᠢᠨ ᠤᠷᠤᠨ ᠪᠤᠯᠤᠬᠰᠠᠨ ᠪᠠᠢ᠍ᠢ᠍ᠨ᠎ᠠ᠃
ᠸᠠᠡᠭ ᠪᠦᠭᠡ ᠪᠤᠯ ᠲᠤᠮᠳᠠᠳᠤ ᠵᠢᠨ ᠲᠦᠭ ᠲᠦᠮᠠᠨ ᠦᠭᠢᠳ ᠭᠦᠪᠡᠭᠦᠳ᠎ᠤᠨ ᠨᠢᠭᠡ ᠪᠤᠯᠤᠨ᠎ᠠ᠂ ᠲᠡᠷᠡ ᠮᠤᠨᠭ᠌ᠭᠤᠯ ᠠᠨᠠᠭ᠋ᠠᠬᠤ ᠤᠬᠠᠭ᠋ᠠᠨ᠎ᠤ ᠫᠷᠦᠹᠸᠰᠰᠤᠷ᠎ᠤᠨ ᠬᠤᠪᠢ᠎ᠪᠠᠷ ᠦᠡᠳᠤᠰᠤᠳᠠᠨᠤ ᠡᠮ ᠠ᠋ᠮᠨᠡᠯᠭᠡ ᠵᠢᠨ ᠦᠢ᠍ᠯᠠᠰ᠎ᠢ ᠤᠯᠠᠮᠵᠢᠯᠠᠨ ᠭᠦᠭᠵᠢᠭᠦᠯᠵᠤ᠂ ᠠ᠋ᠮᠴᠢᠯᠡᠭᠡ ᠵᠢᠨ ᠮᠤᠷᠠᠯ᠎ᠢ ᠪᠠᠳᠠᠷᠠᠭᠤᠯᠤᠬᠰᠠᠨ ᠪᠠᠢ᠍ᠢ᠍ᠨ᠎ᠠ᠃ ᠮᠦᠨ ᠮᠦᠨᠭᠭᠦ ᠵᠤᠭᠤᠰ ᠭᠠᠷᠭ᠋ᠠᠵᠤ ᠰᠤᠷᠤᠬ᠍ᠴᠢ ᠵᠢᠨ ᠰᠤᠷᠤᠯᠭ᠎ᠠ ᠵᠢ ᠳᠡᠳᠭᠦᠵᠦ᠂ ᠶᠠᠳᠠᠭᠤ ᠵᠢ ᠲᠡᠳᠭᠦᠵᠤ ᠭᠦᠴᠢᠷᠳᠡᠯᠳᠡᠢ ᠵᠢ ᠬᠠᠪᠰᠤᠷᠤᠬᠰᠠᠨ ᠬᠠᠢ᠍ᠢ᠍ᠷ᠎ᠠ ᠵᠢᠨ ᠡᠯᠴᠢ ᠪᠠᠢ᠍ᠢ᠍ᠬᠰᠠᠨ ᠶᠤᠮ᠂ ᠠᠳᠠᠯᠢ᠎ᠪᠠᠷ ᠠ᠋ᠯᠡᠰᠤ ᠵᠢ ᠰᠠᠷᠭᠡᠢ᠍ᠢ᠍ᠯᠡᠵᠤ ᠠ᠋ᠯᠡᠰᠤ ᠵᠢ ᠵᠠᠰᠠᠨ ᠤᠷᠴᠢᠨ ᠲᠤᠭᠤᠷᠢᠨ᠎ᠢ ᠰᠠᠢ᠍ᠢ᠍ᠵᠢᠷᠠᠭᠤᠯᠤᠬᠰᠠᠨ ᠲᠠᠭ᠋ᠠᠭᠤᠯᠤᠬ᠍ᠴᠢ ᠪᠠ ᠦᠢ᠍ᠯᠡᠳᠦᠯᠭᠡᠵᠢᠭᠦᠯᠦᠭᠴᠢ ᠪᠤᠯᠤᠨ᠎ᠠ᠃ ᠸᠠᠡᠭ ᠪᠦᠭᠡ ᠵᠢᠨ ᠡᠳᠡᠭᠡᠷ ᠦᠢ᠍ᠯᠠ ᠠᠵᠢᠯᠯᠠᠭ᠎ᠠ ᠳᠤ 《ᠲᠠᠰᠪᠤᠷᠢ ᠬᠠᠳᠠᠭᠤᠵᠢᠯᠳᠠᠢ᠂ ᠴᠣᠴᠠᠯᠲᠠ ᠦᠭᠡᠢ ᠤᠷᠤᠭᠰᠢᠯᠠᠵᠤ᠂ ᠵᠤᠷᠢᠬᠰᠠᠨ ᠳᠤ᠎ᠪᠠᠨ ᠭᠦᠷᠭᠦ ᠦᠭᠡᠢ ᠪᠤᠯᠪᠠᠯ ᠵᠣᠭᠰᠣᠰᠢ ᠦᠭᠡᠢ》 ᠮᠤᠩᠭᠤᠯ ᠮᠤᠷᠢᠨ᠎ᠤ ᠵᠣᠷᠢᠭ ᠰᠠᠨᠠᠭ᠎ᠠ᠂ 《ᠲᠠᠰᠪᠤᠷᠢ ᠬᠠᠳᠠᠭᠤᠵᠢᠯᠳᠠᠢ ᠲᠠᠮᠠᠴᠠᠵᠤ᠂ ᠬᠠᠷᠠᠮ ᠦᠭᠡᠢ ᠵᠣᠷᠢᠭᠤᠯᠬᠤ᠂ ᠰᠢᠡᠳᠡᠷᠡᠰᠢ ᠦᠭᠡᠢ ᠴᠢᠷᠮᠠᠢ᠌ᠵᠤ᠂ ᠤᠷᠲᠤ ᠬᠤᠭᠤᠴᠠᠭ᠎ᠠ᠎ᠪᠠᠷ ᠵᠢᠳᠭᠦᠬᠦ》 ᠤᠮᠠᠷᠡᠳᠤ ᠵᠢᠨ ᠭᠤᠷᠪᠠᠨ ᠣᠷᠤᠨ᠎ᠤ ᠵᠤᠷᠢᠭ ᠰᠠᠨᠠᠭ᠎ᠠ ᠢᠯᠡᠷᠡᠵᠤ᠂ ᠪᠦᠭᠦ ᠰᠠᠳᠭᠢᠯ ᠪᠦᠭᠦ ᠵᠤᠷᠢᠭ ᠵᠶ᠋ᠠᠷ ᠵᠶ᠋ᠠᠨ ᠠᠷᠠᠳ ᠲᠦᠮᠠᠨ᠎ᠳᠤ ᠦᠢ᠍ᠯᠠᠴᠢᠯᠡᠭᠦ ᠠ᠋ᠷᠭᠢᠮ ᠲᠡᠭᠡᠳᠤ ᠵᠠᠩ ᠮᠤᠷᠠᠯ ᠪᠠ ᠠᠴᠢ ᠬᠠᠷᠢᠭᠤᠯᠠᠬᠤ ᠰᠢᠯᠢᠳᠡᠭ ᠤᠯᠠᠮᠵᠢᠯᠠᠯ ᠢᠯᠡᠷᠡᠵᠤ ᠪᠠᠢ᠍ᠢ᠍ᠳᠠᠭ᠃
2013 ᠤᠨ᠎ᠳᠤ᠂ ᠸᠠᠡᠭ ᠪᠦᠭᠡ《ᠪᠦᠭᠦ ᠤᠯᠤᠰ᠎ᠤᠨ ᠭᠦᠳᠡᠭᠡ ᠲᠤᠰᠬᠤᠨ᠎ᠤ ᠬᠠᠮᠤᠭ᠎ᠤᠨ ᠰᠣᠳᠤᠨ ᠠ᠋ᠮᠴᠢ》 ᠵᠢᠨ ᠢᠷᠠᠭᠤ ᠠᠯᠳᠠᠷ᠎ᠤᠨ ᠴᠤᠯᠠ ᠵᠢ ᠭᠦᠷᠳᠡᠭᠰᠡᠨ ᠪᠠᠢ᠍ᠢ᠍ᠨ᠎ᠠ᠃ ᠠ᠋ᠮᠴᠢᠯᠡᠭᠡ ᠵᠢᠨ ᠮᠠᠷᠭᠡᠵᠢᠯ ᠵᠶ᠋ᠠᠷ ᠡᠮ ᠪᠠᠷᠢᠵᠤ᠂ ᠦᠨᠡᠨ ᠰᠠᠳᠭᠢᠯᠠᠴᠠᠪᠠᠨ ᠪᠤᠶᠠᠨ ᠭᠢᠵᠤ ᠪᠤᠰᠤᠳ᠎ᠢ ᠬᠠᠪᠰᠤᠷᠤᠬᠰᠠᠨ ᠸᠠᠡᠭ ᠪᠦᠭᠡ ᠠ᠋ᠮᠴᠢ᠎ᠳᠤ ᠲᠤᠰ ᠢᠷᠠᠭᠤ ᠠᠯᠳᠠᠷ᠎ᠢ ᠤᠯᠭᠤᠬᠰᠠᠨ ᠨᠢ ᠨᠠᠷᠠ ᠨᠢᠳᠡᠷ ᠲᠤ᠎ᠪᠠᠨ ᠨᠠᠢ᠍ᠢ᠍ᠴᠡᠭᠰᠡᠨ ᠶᠠᠪᠤᠳᠠᠯ ᠮᠦᠨ ᠪᠢᠯᠡ᠃