ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠬᠠᠰᠢᠨ ᠬᠤᠩᠭᠢᠯ ᠵᠶ᠋ᠠᠷ ᠠᠶᠠᠯᠠᠭᠰᠠᠨ ᠲᠡᠮᠲᠡᠭᠯᠡᠯ
ᠨᠡᠶᠢᠲᠡᠯᠡᠭᠰᠡᠨ ᠴᠠᠭ᠄ 2025-03-26

  ᠬᠠᠰᠢᠨ ᠬᠤᠩᠭᠢᠯ ᠵᠶ᠋ᠠᠷ ᠠᠶᠠᠯᠠᠭᠰᠠᠨ ᠲᠡᠮᠲᠡᠭᠯᠡᠯ
                                                  ᠵᠢᠭᠳᠡᠨᠸᠠᠩᠵᠢᠯ ᠵᠤᠬᠢᠶᠠᠪᠠ
          ᠬᠠᠰᠢᠨ ᠬᠤᠩᠭᠢᠯ᠎ᠤᠨ ᠵᠡᠭᠦᠨ ᠠᠮᠠᠨ ᠳᠡᠭᠡᠷ᠎ᠡ

      2023 ᠤᠨ᠎ᠤ 6 ᠳ᠋ᠤᠭ᠋ᠠᠷ ᠰᠠᠷ᠎ᠠ ᠵᠢᠨ3᠎ᠤ ᠡᠳᠦᠷ᠂ ᠦᠪᠦᠷ ᠮᠤᠩᠭᠤᠯ᠎ᠤᠨ ᠷᠠᠳᠢᠤ᠋ ᠲᠸᠯᠸᠢᠰ ᠬᠤᠷᠢᠶᠠᠨ᠎ᠤ ᠤᠷᠴᠢᠭᠤᠯᠤᠨ ᠦᠢ᠍ᠯᠡᠳᠬᠦ ᠲᠦᠪ᠎ᠤᠨ 《ᠳᠤᠮᠳᠠᠳᠤ ᠵᠢᠨ ᠰᠤᠶᠤᠯ ᠲᠡᠤᠬᠡ》 ᠳᠡᠯᠭᠡᠴᠡ ᠵᠢᠨ ᠰᠡᠭᠦᠳᠡᠷᠯᠡᠨ ᠮᠡᠳᠡᠭᠡᠯᠡᠬᠦ ᠪᠠᠭ᠎ᠤᠨ᠎ᠬᠢᠨ ᠬᠦᠬᠡᠬᠤᠳᠠ᠎ᠠᠴᠠ  ᠮᠣᠷᠳᠠᠵᠤ ᠬᠠᠰᠢᠨ ᠬᠤᠩᠭᠢᠯ (  ᠾᠸᠰᠢ ᠵᠢᠨ ᠬᠤᠩᠭᠢᠯ)᠎ᠢ ᠵᠤᠷᠢᠨ ᠠᠶᠠᠯᠠᠯ ᠵᠶ᠋ᠠᠨ ᠡᠬᠢᠯᠡᠭᠦᠯᠪᠡ᠃ ᠳᠡᠯᠭᠡᠴᠡ ᠵᠢᠨ ᠬᠦᠲᠦᠯᠦᠭᠴᠢ ᠤᠳᠬᠤᠨᠰᠤᠳᠤ ᠬᠠᠰᠢᠨ ᠬᠤᠩᠭᠢᠯ᠎ᠳᠤ ᠤᠴᠢᠭᠰᠠᠨ᠎ᠤ ᠬᠤᠢ᠌ᠨ᠎ᠠ᠂ ᠲᠡᠤᠬᠡ ᠰᠤᠶᠤᠯ ᠰᠤᠳᠤᠯᠤᠭᠴᠢ ᠪᠦᠬᠡᠪᠠᠭ᠋ᠠᠲᠤᠷ ᠭᠤᠸᠠᠢ ᠵᠢ ᠲᠤᠬᠠᠢ ᠵᠢᠨ ᠤᠷᠤᠨ᠎ᠤ ᠲᠡᠤᠬᠡ ᠰᠤᠶᠤᠯ᠎ᠤᠨ  ᠪᠤᠲᠠᠲᠤ ᠤᠴᠢᠷ᠎ᠤᠨ ᠡᠭᠦᠰᠦᠭᠰᠡᠨ ᠭᠠᠵᠠᠷ ᠪᠤᠶᠤ ᠮᠦᠽᠸᠢ ᠎ᠳᠤ  ᠣᠴᠢᠭᠤᠯᠵᠤ᠂ ᠲᠸᠯᠸᠢᠰ ᠬᠤᠷᠢᠶᠠᠨ᠎ᠤ ᠰᠢᠩᠭᠡᠭᠡᠯᠲᠡ ᠵᠢᠨ ᠦᠷᠭᠦᠭᠡᠨ᠎ᠳᠤ᠎ᠬᠢ ᠬᠠᠰᠢᠨ ᠬᠤᠩᠭᠢᠯ᠎ᠤᠨ ᠳᠤᠰᠬᠠᠢ ᠰᠡᠲᠦᠪᠲᠦ ᠲᠠᠢ᠌ᠯᠤᠮᠵᠢ ᠎ᠳᠤ᠎ᠪᠠᠨ ᠨᠦᠬᠦᠪᠦᠷᠢᠯᠡᠭᠦᠯᠵᠤ᠂ ᠲᠠᠢ᠌ᠯᠤᠮᠵᠢ ᠵᠢᠨ ᠬᠠᠷᠠᠭ᠋ᠠᠨ ᠰᠡᠷᠡᠯ᠎ᠤᠨ ᠲᠠᠯ᠎ᠠ ᠵᠢᠨ ᠰᠤᠨᠢᠷᠬᠠᠯ᠎ᠢ ᠳᠡᠭᠡᠭᠰᠢᠯᠡᠭᠦᠯᠬᠦ ᠵᠢ ᠪᠤᠳᠤᠯᠬᠢᠯᠠᠨ  ᠡᠢ᠌ᠨ ᠬᠦ᠌ ᠲᠤᠭᠲᠠᠭᠰᠠᠨ ᠶᠤᠮ᠃ ᠰᠡᠭᠦᠳᠡᠷᠯᠡᠭᠴᠢ᠂ ᠨᠠᠢ᠌ᠷᠠᠭᠤᠯᠤᠭᠴᠢ᠂  ᠲᠠᠢ᠌ᠯᠤᠮᠵᠢᠯᠠᠭᠴᠢ᠂ ᠲᠦᠰᠦᠪᠯᠡᠭᠴᠢ ᠵᠡᠷᠭᠡ ᠲᠤᠰ ᠲᠤᠰ᠎ᠤᠨ ᠡᠭᠦᠷᠭᠡ ᠬᠠᠷᠢᠭᠤᠴᠠᠯᠭ᠎ᠠ᠎ᠲᠠᠢ ᠵᠢᠷᠭᠤᠭ᠋ᠠᠨ ᠬᠦᠮᠦᠨ ᠵᠶ᠋ᠡᠷ ᠪᠦᠷᠢᠯᠳᠦᠭᠰᠡᠨ ᠰᠡᠭᠦᠳᠡᠷᠯᠡᠬᠦ ᠪᠠᠭ᠎ᠤᠨ᠎ᠬᠢᠨ ᠡᠨᠡ ᠤᠳᠠᠭ᠎ᠠ ᠤᠴᠢᠬᠤ ᠭᠠᠵᠠᠷ ᠠᠷᠪᠢᠨ ᠵᠶ᠋ᠡᠨ ᠪᠤᠳᠤᠯᠬᠢᠯᠠᠨ᠂ ᠪᠠᠢ᠌ᠭᠤᠯᠭ᠎ᠠ᠎ᠠᠴᠠ᠎ᠪᠠᠨ ᠳᠤᠰᠬᠠᠢ ᠲᠡᠷᠭᠡ ᠠᠪᠤᠭᠰᠠᠨ᠎ᠨᠢ ᠠᠵᠢᠯ ᠶᠠᠪᠤᠳᠠᠯ᠎ᠳᠤ ᠮᠠᠰᠢ ᠳᠦᠭᠦᠮ  ᠪᠤᠯᠵᠠᠢ᠃  ᠲᠡᠷᠭᠡ ᠮᠠᠰᠢᠨ ᠎ᠤ ᠰᠠᠢ᠌ᠨ ᠵᠶ᠋ᠠᠷ᠂ ᠵᠠᠮ ᠵᠠᠭᠤᠷ᠎ᠠ ᠪᠢᠳᠠᠨ ᠬᠠᠲᠤᠨ ᠭᠣᠣᠯ᠎ᠤᠨ ᠪᠠᠶᠠᠠᠮᠦ᠋ᠷᠡᠨ (登口)᠎ᠤ ᠬᠠᠭᠤᠴᠢᠨ ᠤᠯᠤᠮ ᠳᠡᠭᠡᠷ᠎ᠡ ᠴᠢᠩ ᠤᠯᠤᠰ᠎ᠤᠨ ᠦᠶ᠎ᠡ ᠵᠢᠨ ᠳᠠᠪᠤᠰᠤᠨ᠎ᠤ ᠦᠢ᠍ᠯᠡᠰ᠎ᠤᠨ ᠦᠷᠲᠡᠭᠡᠨ᠎ᠤ ᠬᠠᠭᠤᠴᠢᠨ ᠪᠠᠭᠤᠷᠢ ᠳᠡᠭᠡᠷ᠎ᠡ ᠬᠦᠷᠪᠡ᠃ ᠡᠨᠡ ᠦᠷᠲᠡᠭᠡ ᠵᠢ  ᠴᠢᠯᠦᠭᠡᠯᠡᠭᠳᠡᠭᠰᠡᠨ᠎ᠤ ᠬᠤᠢ᠌ᠨ᠎ᠠ ᠰᠢᠨ᠎ᠡ  ᠳ᠋ᠸᠩᠺᠸᠦ ᠦᠷᠲᠡᠭᠡ᠎ᠲᠠᠢ ᠨᠢᠭᠡᠳᠭᠡᠵᠠᠢ᠃ ᠲᠠᠨᠢᠯᠴᠠᠭᠤᠯᠭ᠎ᠠ ᠵᠢ᠎ᠨᠢ ᠦᠵᠡᠪᠡᠯ᠂ ᠳᠠᠪᠤᠰᠤᠨ᠎ᠤ ᠠᠴᠢᠶ᠎ᠠ ᠲᠡᠭᠡᠭᠡᠪᠦᠷᠢ ᠬᠠᠮᠤᠭ ᠬᠦᠭᠵᠢᠯ᠎ᠲᠠᠢ ᠪᠠᠢ᠌ᠭᠰᠠᠨ ᠦᠶ᠎ᠡ᠎ᠳᠤ᠂ ᠡᠨᠳᠡ ᠡᠳᠦᠷ᠎ᠲᠤ1600 ᠭᠠᠷᠤᠢ ᠲᠡᠮᠡᠭᠡᠨ ᠠᠴᠢᠶ᠎ᠠ ᠳᠠᠪᠤᠰᠤ᠎ᠠᠴᠠ ᠭᠠᠢ᠌ᠯᠢ ᠲᠠᠳᠠᠪᠤᠷᠢ ᠠᠪᠳᠠᠭ  ᠠᠵᠢ᠃ ᠪᠠᠶᠠᠠᠮᠦ᠋ᠷᠡᠨ᠎ᠤ ᠬᠠᠭᠤᠴᠢᠨ ᠤᠯᠤᠮ ᠪᠠᠢ᠌ᠭ᠎ᠠ ᠠᠯᠠᠱ᠌ᠠ ᠵᠡᠭᠦᠨ ᠬᠤᠰᠢᠭᠤᠨ᠎ᠤ ᠪᠠᠶᠠᠠᠮᠦ᠋ᠷᠡᠨ ᠰᠤᠮᠤ ᠤᠯᠠᠭ᠋ᠠᠠᠪᠤᠬ᠎ᠠ ᠵᠢᠨ ᠡᠯᠡᠰᠦᠨ᠎ᠤ ᠵᠡᠭᠦᠨ ᠬᠦᠪᠡᠭᠡᠨ᠎ᠳᠤ ᠪᠠᠢ᠌ᠷᠢᠯᠠᠵᠤ᠂ ᠬᠠᠲᠤᠨ ᠭᠣᠣᠯ᠎ᠤᠨ ᠤᠰᠤ᠎ᠪᠠᠷ ᠤᠮᠳᠠᠯᠠᠭᠳᠠᠭᠰᠠᠭ᠋ᠠᠷ ᠪᠠᠢ᠌ᠭ᠋ᠠᠳ ᠬᠦᠷᠦᠰᠦ ᠰᠢᠷᠤᠢ ᠰᠠᠢ᠌ᠨᠲᠠᠢ ᠭᠠᠵᠠᠷ ᠪᠣᠯᠵᠠᠢ᠃ ᠡᠨᠳᠡ ᠲᠡᠤᠬᠡᠨ᠎ᠠᠴᠠ᠎ᠪᠠᠨ ᠴᠡᠷᠢᠭ ᠳᠠᠢ᠌ᠨ᠎ᠤ ᠴᠢᠬᠤᠯᠠ ᠪᠤᠭᠤᠮᠳᠠ ᠭᠠᠵᠠᠷ ᠪᠤᠯᠤᠭᠰᠠᠭ᠋ᠠᠷ ᠢᠷᠡᠭᠰᠡᠨ  ᠮᠦᠷᠲᠡᠭᠡᠨ᠂ ᠦᠨᠳᠦᠰᠦᠲᠡᠨ᠎ᠨᠦᠭᠦᠳ ᠬᠤᠭᠤᠷᠤᠨᠳᠤ᠎ᠪᠠᠨ ᠠᠭᠤᠰᠤᠯᠴᠠᠨ ᠠᠵᠤ ᠲᠦᠷᠦᠭᠰᠡᠭᠡᠷ ᠢᠷᠡᠭᠰᠡᠨ ᠭᠠᠵᠠᠷ ᠪᠠᠢ᠌ᠵᠤ᠂ ᠤᠳᠤ ᠴᠤ᠌ ᠭᠡᠰᠡᠨ ᠡᠨᠳᠡ ᠬᠢᠲᠡᠳ ᠦᠨᠳᠦᠰᠦᠲᠡᠨ᠂  ᠬᠤᠳᠤᠩ ᠦᠨᠳᠦᠰᠦᠲᠡᠨ ᠪᠠᠰᠠ ᠨᠢᠭᠡ ᠪᠦᠯᠦᠭ  ᠮᠤᠩᠭᠤᠯ ᠦᠨᠳᠦᠰᠦᠲᠡᠨ ᠠᠵᠤ ᠲᠦᠷᠦᠭᠰᠡᠭᠡᠷ ᠪᠠᠢ᠌ᠬᠤ᠎ᠨᠢ ᠡᠭᠦᠨ᠎ᠢ ᠭᠡᠷᠡᠴᠢᠯᠡᠨ᠎ᠡ᠃ ᠡᠨᠡ  ᠣᠷᠴᠢᠮ ᠵᠶ᠋ᠠᠷ ᠬᠠᠨ ᠤᠯᠤᠰ᠎ᠤᠨ ᠦᠶ᠎ᠡ ᠵᠢᠨ ᠡᠷᠲᠡᠨ᠎ᠤ ᠪᠠᠭᠤᠷᠢ ᠤᠳᠠᠭ᠎ᠠ ᠳᠠᠷᠠᠭ᠋ᠠᠯᠠᠨ ᠢᠯᠡᠷᠡᠭᠡᠳ ᠪᠠᠢ᠌ᠭᠰᠠᠨ᠎ᠨᠢ᠂ ᠡᠨᠡ ᠭᠠᠵᠠᠷ ᠡᠷᠲᠡᠨ᠎ᠠᠴᠠ  ᠢᠨᠠᠭᠰᠢ  ᠠᠷᠠᠯᠵᠢᠶ᠎ᠠ ᠬᠤᠳᠠᠯᠳᠤᠭ᠎ᠠ ᠪᠤᠯᠤᠨ ᠴᠡᠷᠢᠭ ᠳᠠᠢ᠌ᠨ᠎ᠤ ᠴᠢᠬᠤᠯᠠ ᠪᠤᠭᠤᠮᠲᠠ᠂ ᠤᠯᠠᠭ᠎ᠠ ᠦᠷᠲᠡᠭᠡ ᠪᠤᠯᠤᠭᠰᠠᠭ᠋ᠠᠷ ᠢᠷᠡᠭᠰᠡᠨ ᠲᠡᠤᠬᠡ᠎ᠲᠠᠢ ᠪᠠᠢ᠌ᠭᠰᠠᠨ᠎ᠢ ᠭᠡᠷᠡᠴᠢᠯᠡᠵᠤ᠂ ᠡᠨᠡ ᠎ᠨᠢ ᠲᠡᠤᠬᠡᠨ ᠳᠡᠭᠡᠷ᠎ᠡ ᠤᠮᠠᠷᠠᠲᠤ ᠵᠢᠨ 《ᠲᠤᠷᠭ᠋ᠠᠨ᠎ᠤ ᠵᠠᠮ》᠎ᠤᠨ ᠴᠢᠬᠤᠯᠠ ᠪᠤᠭᠤᠮᠲᠠ ᠵᠢᠨ ᠭᠠᠵᠠᠷ ᠪᠠᠢ᠌ᠭᠰᠠᠨ ᠭᠡᠳᠡᠭ᠎ᠢ  ᠬᠦᠦᠷᠨᠢᠨ ᠪᠠᠢ᠌ᠨ᠎ᠠ᠃ ᠪᠠᠶᠠᠠᠮᠦ᠋ᠷᠡᠨ᠎ᠤ ᠬᠠᠭᠤᠴᠢᠨ ᠤᠯᠤᠮ ᠵᠶ᠋ᠠᠷ ᠵᠢᠷᠠᠠᠲᠠᠢ ᠨᠠᠭᠤᠷ᠎ᠤᠨ ᠳᠠᠪᠤᠰᠤ ᠵᠢ ᠭᠠᠳᠠᠭᠰᠢ᠎ᠪᠠᠨ ᠵᠦᠭᠡᠭᠡᠪᠦᠷᠢᠯᠡᠵᠤ ᠪᠠᠢ᠌ᠭᠰᠠᠨ ᠲᠡᠤᠬᠡ ᠬᠠᠨ ᠤᠯᠤᠰ᠎ᠤᠨ  ᠦᠶ᠎ᠡ᠎ᠠᠴᠠ ᠡᠬᠢᠯᠡᠨ᠂ ᠲᠠᠩ ᠤᠯᠤᠰ᠎ᠤᠨ ᠦᠶ᠎ᠡ᠎ᠳᠤ ᠴᠡᠴᠡᠭᠯᠡᠨ ᠬᠦᠭᠵᠢᠭᠡᠳ᠂ ᠴᠢᠩ ᠤᠯᠤᠰ᠎ᠤᠨ ᠰᠡᠭᠦᠯᠴᠢ ᠢᠷᠭᠡᠨ ᠤᠯᠤᠰ᠎ᠤᠨ  ᠡᠬᠢᠨ᠎ᠤ ᠦᠶ᠎ᠡ  ᠪᠤᠯᠲᠠᠯ᠎ᠠ ᠦᠷᠭᠦᠯᠵᠢᠯᠡᠭᠡᠳ᠂ ᠵᠢᠯ ᠪᠣᠯᠭ᠋ᠠᠨ ᠪᠠᠷᠤᠭ ᠲᠦᠮᠡᠨ ᠲᠡᠮᠡᠭᠡᠨ ᠠᠴᠢᠶ᠎ᠠ 140 ᠭᠠᠷᠤᠢ ᠺᠢᠯᠤᠮᠸᠲᠷ ᠤᠷᠲᠤ ᠳᠠᠪᠤᠰᠤᠨ ᠵᠠᠮ ᠵᠶ᠋ᠠᠷ ᠴᠤᠪᠤᠷᠠᠯᠳᠤᠵᠤ᠂ 《ᠲᠡᠮᠡᠭᠡ᠎ᠪᠠᠷ ᠳᠠᠪᠤᠰᠤ ᠲᠡᠭᠡᠭᠡᠵᠤ ᠪᠠᠢ᠌ᠭᠰᠠᠨ ᠡᠷᠲᠡᠨ᠎ᠤ ᠯᠤᠤᠭ᠋ᠠᠷ》᠎ᠤᠨ ᠦᠵᠡᠮᠵᠢ ᠲᠦᠷᠬᠦ᠎ᠪᠠᠷ ᠵᠶ᠋ᠡᠨ ᠠᠯᠳᠠᠷᠰᠢᠵᠤ ᠪᠠᠢ᠌ᠭᠰᠠᠨ ᠭᠡᠳᠡᠭ ᠃
        ᠪᠠᠶᠠᠠᠮᠦ᠋ᠷᠡᠨ ᠠᠯᠠᠱ᠌ᠠ ᠵᠡᠭᠦᠨ ᠬᠤᠰᠢᠭᠤᠨ᠎ᠳᠤ ᠬᠠᠷᠢᠶᠠᠯᠠᠭᠳᠠᠵᠤ᠂ ᠬᠠᠲᠤᠨ ᠭᠣᠣᠯ ᠲᠡᠭᠦᠨ᠎ᠤ ᠬᠢᠵᠠᠭ᠋ᠠᠷ᠎ᠲᠤ 76 ᠺᠢᠯᠤᠮᠸᠲᠷ  ᠤᠷᠤᠰᠤᠨ ᠦᠩᠭᠡᠷᠡᠳᠡᠭ᠂ ᠬᠠᠲᠤᠨ ᠭᠣᠣᠯ᠎ᠤᠨ ᠪᠠᠷᠠᠭᠤᠨ ᠵᠠᠬ᠎ᠠ᠎ᠨᠢ ᠠᠯᠠᠱ᠌ᠠ ᠠᠢ᠌ᠮᠠᠭ᠎ᠤᠨ ᠨᠤᠲᠤᠭ᠂ ᠵᠡᠭᠦᠨ ᠵᠠᠬ᠎ᠠ᠎ᠨᠢ ᠤᠲᠤᠭ ᠬᠤᠰᠢᠭᠤᠨ᠎ᠤ ᠨᠤᠲᠤᠭ ᠪᠤᠯᠤᠨ᠎ᠠ᠃ ᠪᠢᠳ᠋ᠨ ᠲᠡᠨᠳᠡ᠎ᠠᠴᠠ ᠭᠠᠷᠤᠭ᠋ᠠᠳ  ᠶᠢᠠᠴᠤᠸᠠᠨ ᠬᠤᠲᠠ ᠵᠢᠨ ᠭᠣᠣᠯ ᠵᠡᠭᠡᠯᠢ᠎ᠳᠤ ᠨᠠᠷᠠ ᠵᠢᠷᠭ᠋ᠠᠬᠤ ᠎ᠠᠴᠠ ᠡᠮᠦᠨᠡᠬᠡᠨ ᠤᠷᠤᠭ᠋ᠠᠳ ᠢᠷᠡᠪᠡ᠃ ᠡᠨᠳᠡ ᠪᠠᠭᠤᠳᠠᠯ᠎ᠤᠨ ᠮᠦᠩᠭᠦ ᠲᠡᠢ᠌ᠮᠦ ᠦᠨ᠎ᠡ᠎ᠲᠠᠢ ᠪᠢᠰᠢ᠂ ᠵᠡᠭᠡᠯᠢ᠎ᠪᠠᠷ᠎ᠨᠢ ᠲᠡᠷᠭᠡ ᠮᠠᠰᠢᠨ᠂ ᠬᠦᠮᠦᠰ ᠴᠢᠬᠢᠯᠳᠦᠵᠤ ᠬᠠᠷᠠᠭᠳᠠᠬᠤ ᠦᠭᠡᠢ᠂ ᠰᠡᠯᠡᠬᠦᠦ ᠮᠦᠷᠲᠡᠭᠡᠨ ᠤᠳᠠᠭ᠋ᠠᠯᠢᠭ ᠲᠦᠷᠦᠭᠳᠡᠯ ᠥᠭᠬᠦᠨ᠎ᠡ᠃ ᠳᠠᠷᠠᠭ᠎ᠠ ᠡᠳᠦᠷ᠎ᠨᠢ ᠪᠢᠳᠠᠨ ᠶᠢᠠᠴᠤᠸᠠᠨ ᠬᠤᠲᠠ ᠵᠢᠨ ᠲᠡᠭᠦᠷᠭᠡ᠎ᠳᠤ ᠪᠠᠢ᠌ᠭ᠎ᠠ ᠪᠠᠷᠠᠭᠤᠨ ᠰᠢᠶᠠ ᠤᠯᠤᠰ᠎ᠤᠨ ᠮᠦᠽᠸᠢ᠎ᠳᠤ ᠬᠦᠷᠴᠤ ᠰᠢᠩᠭᠡᠭᠡᠯᠲᠡ ᠰᠤᠷᠪᠤᠯᠵᠢᠯᠠᠭ᠎ᠠ ᠬᠢᠭᠰᠡᠨ᠎ᠨᠢ᠂ ᠬᠠᠰᠢᠨ ᠬᠤᠩᠭᠢᠯ ᠵᠶ᠋ᠠᠷ ᠠᠶᠠᠯᠠᠨ ᠰᠤᠷᠪᠤᠯᠵᠢᠯᠠᠬᠤ ᠵᠢᠨ ᠵᠢᠩᠬᠢᠨᠢ ᠡᠬᠢᠯᠡᠯ ᠪᠤᠯᠤᠭᠰᠠᠨ  ᠶᠤᠮ᠃
       ᠬᠠᠰᠢᠨ ᠬᠤᠩᠭᠢᠯ ᠭᠡᠳᠡᠭ ᠪᠣᠯ ᠳᠤᠮᠳᠠᠳᠤ ᠤᠯᠤᠰ᠎ᠤᠨ ᠪᠠᠷᠠᠭᠤᠨ ᠭᠡᠰᠡᠭ ᠵᠶ᠋ᠡᠷ ᠪᠠᠢ᠌ᠷᠢᠯᠠᠵᠤ᠂ ᠬᠠᠲᠤᠨ ᠭᠣᠣᠯ᠎ᠠᠴᠠ ᠪᠠᠷᠠᠭᠤᠨᠰᠢ᠂  ᠴᠢ ᠯᠢᠶᠠᠨ ᠱᠠᠨ  ᠠᠭᠤᠯᠠ ᠪᠣᠯᠣᠨ ᠪᠠᠳᠠᠢ ᠵᠢᠨ ᠵᠢᠷᠠᠨ᠎ᠤ ᠡᠯᠡᠰᠦ ᠵᠢᠨ ᠡᠮᠦᠨᠡᠭᠦᠷ᠂ ᠭᠠᠨᠰᠤ ᠮᠤᠵᠢ ᠵᠢᠨ ᠪᠠᠷᠠᠭᠤᠨ ᠬᠤᠢ᠌ᠳᠤ ᠭᠡᠰᠡᠭ ᠵᠶ᠋ᠡᠷ ᠵᠡᠭᠦᠨ ᠡᠮᠦᠨ᠎ᠡ᠎ᠠᠴᠠ ᠪᠠᠷᠠᠭᠤᠨ ᠬᠤᠢ᠌ᠰᠢ᠎ᠪᠠᠨ ᠨᠠᠷᠢᠬᠠᠨ ᠰᠢᠬᠠᠭᠳᠠᠨ ᠦᠷᠭᠦᠯᠵᠢᠯᠡᠭᠰᠡᠨ ᠬᠤᠩᠭᠢᠯ ᠭᠠᠵᠠᠷ᠎ᠢ ᠬᠡᠯᠡᠳᠡᠭ᠃ ᠡᠨᠡ ᠬᠤᠩᠭᠢᠯ ᠵᠡᠭᠦᠨ ᠡᠮᠦᠨ᠎ᠡ᠎ᠠᠴᠠ ᠪᠠᠷᠠᠭᠤᠨ ᠬᠤᠢ᠌ᠰᠢ᠎ᠪᠠᠨ ᠮᠢᠩᠭ᠎ᠠ ᠭᠠᠷᠤᠢ ᠺᠢᠯᠤᠮᠸᠲᠷ ᠰᠤᠨᠤᠨ ᠦᠷᠭᠦᠯᠵᠢᠯᠡᠵᠤ᠂ ᠡᠮᠦᠨ᠎ᠡ᠎ᠠᠴᠠ ᠬᠤᠢ᠌ᠰᠢ᠎ᠪᠠᠨ ᠬᠠᠮᠤᠭ ᠦᠷᠭᠡᠨ ᠭᠠᠵᠠᠷ ᠎ᠲᠤ᠎ᠪᠠᠨ ᠬᠤᠶᠠᠷ ᠵᠠᠭᠤ ᠭᠠᠷᠤᠢ ᠺᠢᠯᠤᠮᠸᠲᠷ᠂ ᠬᠠᠮᠤᠭ ᠨᠠᠷᠢᠬᠠᠨ ᠭᠠᠵᠠᠷ᠎ᠲᠤ᠎ᠪᠠᠨ ᠬᠡᠳᠦᠬᠡᠨ ᠺᠢᠯᠤᠮᠸᠲᠷ᠎ᠤᠨ ᠵᠠᠢ᠌ᠲᠠᠢ ᠪᠠᠢ᠌ᠳᠠᠭ᠃ ᠡᠨᠡ ᠬᠤᠩᠭᠢᠯ ᠳᠠᠭ᠋ᠠᠤ ᠭᠠᠨᠰᠤ ᠮᠤᠵᠢ ᠵᠢᠨ ᠦ᠋ ᠸᠸᠢ᠂ ᠵᠢᠨ ᠴᠠᠩ᠂ ᠵᠠᠩ ᠶᠸ᠂ ᠵᠢᠤᠴᠢᠤᠸᠠᠨ᠂ ᠳ᠋ᠦᠨᠬᠤᠸᠠᠩ᠂ ᠵᠢᠶᠠ ᠢᠦᠢ ᠭᠤᠸᠠᠨ ᠵᠡᠷᠭᠡ ᠬᠤᠲᠠ ᠪᠠᠢ᠌ᠷᠢᠰᠢᠵᠤ᠂ ᠲᠡᠷᠡ᠎ᠨᠢ ᠡᠷᠲᠡᠨ᠎ᠤ 《ᠲᠤᠷᠭ᠋ᠠᠨ᠎ᠤ ᠵᠠᠮ》᠎ᠤᠨ ᠤᠴᠢᠷ᠎ᠲᠠᠢ ᠬᠤᠯᠪᠤᠭᠳᠠᠭ᠋ᠠᠳ᠂ ᠲᠤᠰ ᠲᠤᠰ᠎ᠲᠤ᠎ᠪᠠᠨ ᠡᠷᠲᠡᠨ᠎ᠤ ᠲᠡᠤᠬᠡ ᠵᠢᠨ ᠤᠯᠠᠷᠢᠯ ᠬᠤᠪᠢᠷᠠᠯ᠎ᠢ ᠬᠠᠷᠠᠭᠤᠯᠤᠭᠰᠠᠨ ᠭᠠᠵᠠᠷ ᠳᠡᠭᠡᠷᠡᠬᠢ ᠭᠡᠷᠡᠴᠢ ᠪᠤᠯᠤᠨ ᠦᠯᠡᠳᠡᠵᠤ᠂ ᠦᠨᠦ ᠪᠣᠯᠬᠤ᠎ᠳᠤ ᠰᠤᠶᠤᠯ ᠲᠡᠤᠬᠡ ᠎ᠳᠤ ᠰᠣᠨᠢᠷᠬᠠᠯᠲᠠᠢ ᠬᠦᠮᠦᠰ᠎ᠤᠨ ᠵᠠᠪᠠᠯ ᠢᠷᠡᠵᠤ ᠦᠵᠡᠬᠦ ᠶᠤᠰᠤᠲᠠᠢ ᠨᠡᠷᠡᠲᠦ ᠭᠠᠵᠠᠷ ᠤᠷᠤᠨ ᠎ᠪᠠᠷ ᠳᠣᠳᠣᠷᠠᠵᠠᠢ᠃ ᠬᠠᠰᠢᠨ ᠬᠤᠩᠭᠢᠯ᠎ᠤᠨ ᠵᠡᠭᠦᠨ ᠠᠮᠠ ᠵᠢ ᠠᠪᠴᠤ ᠰᠠᠭᠤᠭᠰᠠᠨ ᠵᠶ᠋ᠠᠷ ᠵᠶ᠋ᠠᠨ ᠡᠳᠡᠭᠡᠷ ᠬᠤᠲᠠ ᠵᠢᠨ ᠲᠤᠳᠤᠷ᠎ᠠ ᠦ᠋ ᠸᠸᠢ ᠬᠤᠲᠠ ᠠᠯᠳᠠᠷ ᠨᠡᠷ᠎ᠡ ᠪᠤᠶᠤ ᠲᠡᠤᠬᠡ ᠰᠤᠶᠤᠯ᠎ᠤᠨ ᠨᠦᠯᠦᠭᠡ᠎ᠪᠠᠷ ᠵᠶ᠋ᠡᠨ ᠬᠠᠮᠤᠭ᠎ᠤᠨ ᠭᠦᠨ ᠪᠠᠢ᠌ᠵᠤ᠂ ᠬᠠᠰᠢᠨ ᠬᠤᠩᠭᠢᠯ᠎ᠳᠤ ᠤᠷᠤᠵᠤ ᠢᠷᠡᠭᠰᠡᠨ ᠬᠠᠮᠤᠭ ᠠᠩᠬᠠᠨ᠎ᠤ 《ᠲᠤᠷᠭ᠋ᠠᠨ᠎ᠤ ᠵᠠᠮ》᠎ᠤᠨ ᠡᠯᠴᠢᠳ ᠪᠤᠶᠤ ᠲᠤᠷᠭ᠎ᠠ ᠳᠤᠷᠳᠤᠩ ᠠᠴᠢᠭᠰᠠᠨ ᠯᠤᠤᠭ᠋ᠠᠷ᠎ᠤᠨ ᠵᠢᠩᠴᠢᠳ ᠡᠨᠳᠡ ᠢᠷᠡᠭᠡᠳ ᠠᠩᠬᠠᠨ᠎ᠤ ᠪᠠᠭᠤᠴᠠ᠎ᠪᠠᠨ ᠪᠣᠯᠭ᠋ᠠᠳᠠᠭ ᠪᠠᠢ᠌ᠭᠰᠠᠨ ᠵᠶ᠋ᠠᠷ ᠭᠡᠷᠡᠴᠢᠯᠡᠭᠳᠡᠨ᠎ᠡ᠃ ᠲᠡᠷᠡ ᠶᠤᠰᠤᠭ᠋ᠠᠷ ᠪᠢᠳᠠᠨ ᠴᠤ᠌ ᠶᠢᠠᠴᠤᠸᠠᠨ ᠬᠤᠲᠠ᠎ᠠᠴᠠ ᠭᠠᠷᠤᠭ᠋ᠠᠳ᠂ ᠪᠠᠷᠠᠭᠤᠨ ᠰᠢᠶᠠ ᠤᠯᠤᠰ᠎ᠤᠨ ᠰᠤᠶᠤᠯ ᠲᠡᠤᠬᠡ ᠵᠢᠨ ᠲᠤᠬᠠᠢ ᠤᠨᠢᠰᠤᠭ᠎ᠠ ᠮᠡᠲᠥ ᠲᠠᠢ᠌ᠯᠤᠭᠳᠠᠰᠢ ᠦᠭᠡᠢ ᠤᠴᠢᠷ᠎ᠤᠳ᠎ᠢ ᠪᠤᠳᠤᠯᠬᠢᠯᠠᠭᠰᠠᠭ᠋ᠠᠷ ᠦ᠋ ᠸᠸᠢ ᠬᠤᠲᠠ ᠵᠢ ᠵᠤᠷᠢᠨ ᠢᠷᠡᠭᠰᠡᠨ ᠶᠤᠮ᠃
       ᠦ᠋ ᠸᠸᠢ ᠬᠤᠲᠠ ᠪᠣᠯ ᠭᠠᠨᠰᠤ ᠮᠤᠵᠢ ᠵᠢᠨ ᠬᠠᠷᠢᠶᠠᠨ᠎ᠳᠤ᠎ᠬᠢ ᠠᠢ᠌ᠮᠠᠭ᠎ᠤᠨ ᠳᠡᠰ᠎ᠤᠨ ᠬᠤᠲᠠ᠂ ᠳᠦᠭᠦᠮᠴᠢᠯᠡᠭᠡᠳ 《ᠦ᠋》 ᠭᠡᠬᠦ ᠪᠤᠶᠤ 《ᠯᠢᠶᠠᠩ》 ᠭᠡᠳᠡᠭ᠂ ᠲᠡᠤᠬᠡᠨ ᠳᠡᠭᠡᠷ᠎ᠡ ᠯᠢᠶᠠᠩᠵᠸᠦ᠂ ᠭᠦ᠋ ᠽᠠᠩ᠂ ᠶᠦᠩᠵᠸᠦ ᠭᠡᠬᠦ ᠮᠡᠲᠥ᠎ᠪᠠᠷ ᠨᠡᠷᠡᠯᠡᠭᠳᠡᠵᠦ  ᠪᠠᠢ᠌ᠵᠠᠢ᠃ ᠦ᠋ ᠸᠸᠢ ᠬᠤᠲᠠ ᠭᠠᠨᠰᠤ ᠮᠤᠵᠢ ᠵᠢᠨ ᠳᠤᠮᠳᠠ ᠭᠡᠰᠡᠭ᠂ ᠬᠠᠰᠢᠨ ᠬᠤᠩᠭᠢᠯ᠎ᠤᠨ ᠵᠡᠭᠦᠨ ᠭᠡᠰᠡᠭ ᠵᠶ᠋ᠠᠷ ᠪᠠᠢ᠌ᠷᠢᠯᠠᠨ᠂ ᠵᠡᠭᠦᠨᠰᠢ᠎ᠪᠠᠨ ᠯᠠᠨᠵᠸᠦ᠂ ᠤᠷᠤᠭᠰᠢ᠎ᠪᠠᠨ ᠰᠢᠨᠢᠩ᠂ ᠬᠤᠢ᠌ᠰᠢ᠎ᠪᠠᠨ ᠢᠷᠭ᠋ᠠᠢ (ᠶᠢᠠᠴᠤᠸᠠᠨ) ᠪᠤᠯᠤᠨ ᠦᠪᠦᠷ ᠮᠤᠩᠭᠤᠯ᠎ᠲᠠᠢ ᠬᠦᠷᠰᠢᠯᠡᠵᠤ᠂ ᠪᠦᠬᠦ ᠬᠤᠲᠠ ᠵᠢᠨ ᠬᠦᠮᠦᠨ ᠠᠮᠠ᠎ᠨᠢ 144.51 ᠲᠦᠮᠡ᠎ᠳᠤ ᠬᠦᠷᠴᠤ᠂ ᠠᠶᠠᠯᠠᠯ ᠵᠢᠭᠤᠯᠴᠢᠯᠠᠯ ᠵᠶ᠋ᠠᠷ ᠭᠣᠣᠯ  ᠪᠤᠯᠭ᠋ᠠᠨ  ᠬᠦᠭᠵᠢᠵᠦ ᠪᠠᠢ᠌ᠭ᠎ᠠ ᠬᠤᠲᠠ ᠪᠣᠯᠣᠨ᠎ᠠ᠃ ᠪᠢᠳ᠋ᠨ ᠦᠨᠢ ᠤᠳᠠᠭ᠋ᠠᠨ ᠲᠡᠤᠬᠡ ᠰᠤᠷᠪᠤᠯᠵᠢ᠎ᠲᠠᠢ ᠦ᠋ ᠸᠸᠢ ᠬᠤᠲᠠ ᠵᠢᠨ ᠣᠴᠢᠷ᠎ᠢ ᠤᠯᠬᠤ ᠭᠡᠵᠤ ᠮᠠᠷᠭ᠋ᠠᠰᠢ᠎ᠨᠢ ᠡᠷᠲᠡᠯᠡᠨ  ᠬᠤᠲᠠ ᠵᠢᠨ ᠮᠦᠽᠸᠢ ᠎ᠳᠤ᠎ᠨᠢ ᠤᠴᠢᠭᠰᠠᠨ ᠶᠤᠮ᠃1982 ᠣᠨ᠎ᠳᠤ ᠪᠠᠢ᠌ᠭᠤᠯᠤᠭᠳᠠᠵᠤ ᠦᠨᠦ ᠤᠯᠤᠰ᠎ᠤᠨ ᠭᠤᠷᠪᠠᠳᠤᠭ᠋ᠠᠷ ᠳᠡᠰ᠎ᠤᠨ ᠮᠦᠽᠸᠢ ᠪᠣᠯᠣᠭᠰᠠᠨ ᠡᠨᠡ ᠬᠦ᠌ ᠮᠦᠽᠸᠢ ᠦ᠋ ᠸᠸᠢ ᠬᠤᠲᠠ ᠵᠢᠨ ᠯᠢᠶᠠᠩᠵᠸᠦ ᠲᠤᠭᠤᠷᠢᠭ᠎ᠤᠨ ᠰᠢᠤᠸᠠᠨ ᠦ᠋ ᠵᠡᠭᠡᠯᠢ᠎ᠳᠤ ᠪᠠᠢ᠌ᠷᠢᠯᠠᠵᠤ᠂ ᠭᠠᠵᠠᠷ  ᠳᠣᠣᠷᠠᠬᠢ ᠲᠠᠪᠬᠤᠷᠭ᠎ᠠ ᠵᠢᠨ ᠨᠢᠭᠡ ᠭᠡᠰᠡᠭ ᠪᠤᠯᠤᠨ ᠭᠠᠵᠠᠷ ᠳᠡᠭᠡᠷᠡᠬᠢ ᠭᠤᠷᠪᠠ᠎ᠠᠴᠠ ᠳᠦᠷᠪᠡᠨ ᠲᠠᠪᠬᠤᠷᠯᠢᠭ᠎ᠤᠨ ᠭᠡᠰᠡᠭ ᠦᠷᠦᠭᠡ᠎ᠪᠠᠷ ᠪᠦᠷᠢᠯᠳᠦᠭᠡᠳ᠂ 46000 ᠭᠠᠷᠤᠢ  ᠬᠠᠭᠤᠴᠢᠰ᠎ᠤᠨ ᠬᠠᠳᠠᠭ᠋ᠠᠯᠠᠭᠳᠠᠴᠠ ᠲᠤᠳᠤᠷ᠎ᠠ ᠎ᠪᠠᠨ ᠤᠯᠤᠰ᠎ᠤᠨ ᠳᠡᠰ᠎ᠤᠨ ᠬᠠᠭᠤᠴᠢᠰ 2 ᠵᠦᠢ᠍ᠯ᠂ ᠤᠯᠤᠰ᠎ᠤᠨ ᠨᠢᠭᠡᠳᠦᠭᠡᠷ ᠳᠡᠰ᠎ᠤᠨ ᠬᠠᠭᠤᠴᠢᠰ 170 ᠵᠦᠢ᠍ᠯ ᠭᠡᠳ ᠵᠦᠢ᠍ᠯ ᠲᠦᠷᠥᠯ ᠵᠶ᠋ᠡᠷ᠎ᠨᠢ ᠢᠯᠭ᠋ᠠᠨ ᠳᠡᠯᠭᠡᠵᠠᠢ᠃ ᠡᠳᠡᠭᠡᠷ ᠬᠠᠭᠤᠴᠢᠰ᠎ᠨᠢ ᠬᠠᠨ ᠲᠠᠩ᠎ᠤᠨ  ᠦᠶ᠎ᠡ ᠵᠢᠨ ᠲᠤᠷᠭ᠋ᠠᠨ᠎ᠤ ᠵᠠᠮ᠎ᠤᠨ ᠬᠠᠭᠤᠴᠢᠰ᠂ ᠪᠠᠷᠠᠭᠤᠨ ᠰᠢᠶᠠ ᠤᠯᠤᠰ᠎ᠤᠨ ᠬᠠᠭᠤᠴᠢᠰ᠂ ᠡᠯ᠎ᠡ   ᠲᠡᠦᠬᠡᠨ ᠦᠶ᠎ᠡ ᠵᠢᠨ  ᠪᠤᠷᠬᠠᠨ᠎ᠤ ᠱᠠᠰᠢᠨ᠎ᠤ ᠬᠠᠭᠤᠴᠢᠰ ᠪᠣᠯᠤᠨ ᠴᠦᠭᠡᠨ ᠲᠤᠭ᠋ᠠᠲᠤ ᠦᠨᠳᠦᠰᠦᠲᠡᠨ᠎ᠤ ᠬᠠᠭᠤᠴᠢᠰ ᠵᠡᠷᠭᠡ᠎ᠪᠠᠷ ᠵᠶ᠋ᠡᠨ ᠤᠨᠴᠠᠯᠢᠭᠳᠠᠵᠤ᠂ ᠲᠤᠭᠤᠷᠢᠨ ᠦᠵᠡᠭᠴᠢᠳ ᠡᠳᠡᠭᠡᠷ ᠵᠦᠢ᠍ᠯᠡᠰ᠎ᠢ  ᠰᠣᠨᠢᠷᠬᠠᠪᠠᠯ᠂ ᠡᠷᠲᠡᠨ᠎ᠤ ᠲᠤᠷᠭ᠋ᠠᠨ᠎ᠤ ᠵᠠᠮ ᠳᠠᠭ᠋ᠠᠤ ᠎ᠬᠢ ᠰᠤᠶᠤᠯ ᠲᠡᠤᠬᠡ ᠵᠢᠨ ᠲᠤᠬᠠᠢ ᠶᠡᠬᠡ ᠲᠦᠯᠦᠪ ᠤᠢ᠌ᠯᠠᠭ᠋ᠠᠯᠲᠠ᠎ᠲᠠᠢ ᠪᠣᠯᠵᠤ  ᠴᠢᠳᠠᠨ᠎ᠠ᠃ ᠲᠤᠷᠭ᠋ᠠᠨ᠎ᠤ ᠵᠠᠮ ᠳᠠᠭ᠋ᠠᠤ ᠎ᠬᠢ ᠰᠤᠶᠤᠯ ᠲᠡᠤᠬᠡ ᠵᠢ ᠮᠦᠷᠳᠡᠵᠤ ᠪᠠᠢ᠌ᠬᠤ ᠵᠢᠨ ᠤᠴᠢᠷ᠂ ᠪᠢᠳ᠋ᠨ ᠰᠡᠲᠦᠪ᠎ᠲᠠᠢ᠎ᠪᠠᠨ ᠬᠤᠯᠪᠤᠭᠳᠠᠬᠤ  ᠵᠦᠢ᠍ᠯᠡᠰ ᠳᠡᠭᠡᠷ᠎ᠡ ᠢᠯᠡᠭᠦᠦ ᠠᠩᠬᠠᠷᠤᠯ ᠵᠶ᠋ᠠᠨ ᠲᠠᠯᠪᠢᠭᠰᠠᠨ  ᠪᠢᠯᠡ᠃ ᠤᠷᠴᠢᠮ᠎ᠤᠨ ᠵᠢᠯ᠎ᠤᠨ ᠰᠤᠳᠤᠯᠭ᠋ᠠᠨ᠎ᠢ ᠦᠨᠳᠦᠰᠦᠯᠡᠪᠡᠯ᠂ ᠬᠠᠰᠢᠨ ᠬᠤᠩᠭᠢᠯ ᠳᠠᠭ᠋ᠠᠤ ᠲᠤᠷᠭ᠋ᠠᠨ᠎ᠤ ᠵᠠᠮ ᠡᠬᠢᠯᠡᠬᠦ ᠎ᠠᠴᠠ ᠡᠮᠦᠨ᠎ᠡ᠂ ᠲᠠᠷᠢᠶᠠᠯᠠᠩ᠎ᠤᠨ ᠰᠤᠶᠤᠯ ᠪᠣᠯᠪᠠᠰᠤᠨ᠎ᠨᠢ ᠵᠡᠭᠦᠨ ᠪᠠᠷᠠᠭᠤᠨ ᠤᠷᠤᠨ᠎ᠤ ᠬᠤᠭᠤᠷᠤᠨᠳᠤᠬᠢ ᠲᠠᠸᠠᠷ᠎ᠤᠨ ᠰᠤᠯᠢᠯᠴᠠᠭ᠋ᠠᠨ᠎ᠤ ᠭᠣᠣᠯ ᠠᠭᠤᠯᠭ᠎ᠠ ᠪᠣᠯᠵᠤ  ᠨᠢᠭᠡᠨ ᠨᠢᠭᠡᠨ ᠵᠶ᠋ᠡᠨ ᠨᠦᠯᠦᠭᠡᠯᠡᠵᠤ ᠪᠠᠢ᠌ᠵᠠᠢ᠃ ᠹᠢᠠᠯᠠᠨᠳ᠋ ᠵᠡᠷᠭᠡ ᠭᠠᠳᠠᠭ᠋ᠠᠳᠤ ᠵᠢᠨ ᠡᠷᠳᠡᠮᠲᠡᠳ ᠰᠤᠳᠤᠯᠭ᠋ᠠᠨ ᠬᠢᠭᠡᠳ᠂ ᠪᠤᠭᠤᠳᠠᠢ ᠭᠡᠬᠦ ᠲᠠᠷᠢᠮᠠᠯ ᠪᠠᠷᠤᠭ ᠨᠡᠢ᠌ᠲᠡ ᠵᠢᠨ ᠣᠨ ᠲᠤᠭ᠋ᠠᠯᠠᠯ᠎ᠠᠴᠠ  ᠡᠮᠦᠨ᠎ᠡ 3000 ᠭᠠᠷᠤᠢ ᠵᠢᠯ᠎ᠤᠨ   ᠦᠶ᠎ᠡ ᠎ᠪᠠᠷ ᠬᠠᠰᠢᠨ ᠬᠤᠩᠭᠢᠯ ᠵᠶ᠋ᠠᠷ ᠳᠠᠮᠵᠢᠭ᠋ᠠᠳ ᠭᠠᠨᠰᠤ ᠵᠢᠨ ᠬᠤᠢ᠌ᠳᠦ ᠭᠡᠰᠡᠭ ᠤᠷᠤᠨ ᠵᠶ᠋ᠠᠷ ᠤᠯᠠᠮᠵᠢᠯᠠᠭᠳᠠᠵᠤ ᠢᠷᠡᠭᠰᠡᠨ᠎ᠢ ᠲᠤᠳᠤᠯᠠᠵᠠᠢ᠃

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠳᠠᠷᠤᠭ᠎ᠠ ᠺᠠᠩ ᠰᠢᠤᠸᠠᠢ ᠳ᠋ᠦᠩ᠄ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠴᠢᠨᠠᠷᠯᠢᠭ ᠬᠥᠭᠵᠢᠯᠲᠡ ᠵᠢᠨ ᠰᠢᠨ᠎ᠡ ᠪᠠᠢ᠌ᠳᠠᠯ᠎ᠢ ᠴᠢᠷᠮᠠᠢ᠌ᠨ ᠡᠬᠦᠳᠤᠶ᠎ᠡ
ᠰᠢ ᠵᠢᠨ ᠫᠢᠡᠭ ᠶᠡᠷᠤᠡᠭᠭᠡᠢ ᠱᠦᠵᠢ ᠵᠢᠨ ᠠᠷᠠᠳ᠎ᠤᠨ ᠶᠠᠪᠤᠳᠠᠯ᠎ᠤᠨ ᠠᠵᠢᠯ᠎ᠤᠨ ᠲᠤᠬᠠᠢ ᠴᠢᠬᠤᠯᠨ ᠦᠬᠦᠯᠡᠯᠳᠡ
ᠲᠤᠭ᠎ᠠ ᠪᠦᠷᠢᠦᠡᠭᠡᠯ᠎ᠠᠴᠠ ᠤᠢ᠍ᠭᠡᠷᠡᠴᠢᠯᠡᠯᠳᠠ ᠨᠡᠭᠡᠭᠡᠯᠳᠠ ᠬᠢᠭᠰᠡᠠ 40 ᠵᠢᠯ᠎ᠤᠨ ᠬᠦᠭᠵᠢᠯᠳᠠ ᠵᠢᠠ ᠤᠢ᠍ᠷ᠎ᠠ ᠪᠦᠳᠦᠮᠵᠢ ᠵᠢ ᠤᠢ᠍ᠵᠡᠬᠦᠢ
ᠮᠤᠩᠭᠤᠯ ᠨᠤᠳᠦᠬ᠎ᠤᠨ ᠲᠤᠷᠭ᠋ᠠᠠ ᠬᠦᠷᠦᠰᠦᠠ᠎ᠳᠤ ᠮᠤᠢ᠍ᠩᠭᠡ ᠠᠮᠢᠯᠡᠬᠤ ᠰᠤᠶᠦᠯ᠎ᠤᠨ ᠤᠪᠦᠭ᠎ᠠ
ᠥᠪᠤᠷ ᠮᠤᠡᠭᠭᠤᠯ᠎ᠤᠨ ᠥᠪᠡᠷᠳᠡᠬᠡᠨ ᠵᠠᠰᠠᠬᠤ ᠤᠷᠤᠨ᠎ᠤ ᠨᠠᠮ᠎ᠤᠨ ᠬᠤᠷᠢᠶ᠎ᠠ ᠥᠪᠡᠷᠳᠡᠬᠡᠨ ᠵᠠᠰᠠᠬᠤ ᠤᠷᠤᠨ᠎ᠤ ᠠᠷᠠᠤᠨ᠎ᠤᠨ ᠵᠠᠰᠠᠭ᠎ᠤᠨ ᠤᠷᠳᠤᠨ᠎ᠤ 《ᠠᠷᠠᠤᠨ ᠎ᠤᠨ ᠡᠵᠡᠡᠭᠨᠡᠯᠳᠠ ᠵᠢᠨ ᠠᠵᠤ ᠠᠬᠤᠢ ᠵᠢᠨ ᠴᠢᠨᠠᠷ ᠰᠠᠢ᠍ᠢ᠍ᠳᠠᠢ ᠬᠦᠭᠵᠢᠯᠳᠠ ᠵᠢ ᠠᠬᠢᠭᠤᠯᠬᠤ ᠲᠤᠬᠠᠢ ᠠᠷᠭ᠎ᠠ ᠬᠡᠮᠵᠢᠶ᠎ᠠ᠎ᠨᠦᠭᠦᠳ》᠎ᠢ ᠲᠠᠷᠤᠮᠠᠯᠯᠠᠨ ᠲᠠᠷᠬᠠᠭ᠋ᠠᠬᠤ ᠮᠡᠳᠡᠭᠳᠡᠯ
 
            