︿︿2019 ᠤᠡ ᠤ ᠪᠦᠬᠦ ᠤᠷᠤᠨ  ᠤ ᠨᠠᠶᠢᠭᠡᠮ ᠤᠨ ᠳᠤᠰᠠᠯᠠᠮᠵᠢ ᠶᠢᠨ ᠪᠠᠷᠢᠮᠵᠢᠶ᠎ᠠ ᠶᠢᠨ ᠬᠤᠯᠪᠣᠭᠳᠠᠯ ᠪᠦᠬᠦᠢ  ᠠᠰᠠᠭᠤᠳᠠᠯ ᠤᠨ ᠲᠤᠬᠠᠢ ᠮᠡᠳᠡᠭᠳᠡᠯ﹀﹀  ᠤᠨ ᠲᠦᠷᠤ ᠶᠢᠨ ᠪᠤᠳᠦᠯᠭ᠎ᠠ ᠶᠢᠨ ᠲᠠᠶᠢᠯᠤᠮᠵᠢ
ᠨᠡᠶᠢᠲᠡᠯᠡᠭᠰᠡᠨ ᠴᠠᠭ᠄
2020/11/26
                                     ᠲᠦᠷᠤ ᠶᠢᠨ ᠶᠠᠪᠤᠳᠠᠯ ᠤᠨ ᠬᠤᠷᠢᠶᠠᠨ ᠤ ︿︿ᠨᠠᠶᠢᠭᠡᠮ ᠤᠨ ᠳᠤᠰᠠᠯᠠᠮᠵᠢ ᠶᠢᠨ ᠲᠦᠷ ᠭᠡᠷᠡᠭᠵᠢᠬᠦᠯᠬᠦ  ᠠᠷᠭ᠎ᠠ ﹀﹀  ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂  ᠰᠢ ᠶᠢᠨ ᠫᠢᠩ  ᠶᠡᠷᠤᠩᠭᠡᠢ ᠱᠦᠵᠢ ᠶᠢᠨ ᠠᠷᠠᠤᠨ  ᠤᠨ ᠠᠮᠢᠳᠤᠷᠠᠯ ᠤᠨ ᠪᠠᠳᠤᠯᠠᠭ᠎ᠠ ᠶᠢᠨ ᠭᠢᠷᠢ ᠳᠦᠪᠰᠢᠨ ᠢ ᠲᠤᠭᠳᠠᠭᠤᠨ ᠢᠶᠠᠷ ᠲᠡᠭᠡᠭᠰᠢᠯᠡᠬᠦᠯᠬᠦ ᠲᠤᠬᠠᠢ ᠴᠢᠬᠤᠯᠠ ᠶᠠᠷᠢᠶᠠᠨ ᠤ  ᠵᠤᠷᠢᠡᠠ  ᠰᠠᠨᠠᠭ᠎ᠠ ᠶᠢ ᠨᠠᠶᠢᠳᠠᠪᠤᠷᠢᠵᠢᠭᠤᠯᠬᠤ ᠶᠢᠨ ᠲᠦᠯᠤᠭᠡ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠡ᠂ ᠵᠠᠰᠠᠭ ᠤᠨ ᠤᠷᠳᠤᠨ ᠠᠴᠠ ᠠᠷᠠᠤᠨ  ᠤᠨ ᠠᠮᠢᠳᠤᠷᠠᠯ ᠤᠨ ᠪᠠᠳᠤᠯᠠᠭ᠎ᠠ ᠶᠢᠨ ᠭᠢᠷᠢ ᠳᠦᠪᠰᠢᠨ ᠢ ᠦᠨᠡᠨ ᠬᠦ ᠲᠡᠭᠡᠭᠰᠢᠯᠡᠬᠦᠯᠬᠦ ᠭᠡᠰᠡᠨ ᠱᠠᠭᠠᠷᠳᠠᠯᠭ᠎ᠠ ᠶᠤᠰᠤᠭᠠᠷ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠠᠯᠪᠠᠨ ᠲᠢᠩᠭᠢᠮ ᠨᠢ 2019  ᠤᠡ ᠤ 5 ᠳ᠋ᠤᠭᠠᠷ ᠰᠠᠷ᠎ᠠ ᠶᠢᠨ 28  ᠤ ᠡᠳᠤᠷ ︿︿2019    ᠤᠡ ᠤ ᠪᠦᠬᠦ ᠤᠷᠤᠨ ᠤ ᠨᠠᠶᠢᠭᠡᠮ ᠤᠨ ᠳᠤᠰᠠᠯᠠᠮᠵᠢ ᠶᠢᠨ ᠪᠠᠷᠢᠮᠵᠢᠶ᠎ᠠ ᠶᠢᠨ ᠬᠤᠯᠪᠣᠭᠳᠠᠯ ᠪᠦᠬᠦᠢ ᠠᠰᠠᠭᠤᠳᠠᠯ ᠤᠨ ᠲᠤᠬᠠᠢ ᠮᠡᠳᠡᠭᠳᠡᠯ﹀﹀  ᠢ ᠲᠠᠷᠤᠮᠠᠯᠯᠠᠨ ᠲᠠᠷᠬᠠᠭᠠᠵᠤ᠂   ︵ᠲᠤᠷᠤᠭᠰᠢ ︿ ᠳᠤᠰᠠᠯᠠᠮᠵᠢ ᠶᠢᠨ ᠪᠠᠷᠢᠮᠵᠢᠶ᠎ᠠ  ﹀﹀ ᠭᠡᠵᠤ ᠲᠦᠬᠦᠮᠴᠢᠯᠡᠨ᠎ᠡ︶  ᠪᠦᠬᠦ ᠤᠷᠤᠨ ᠤ ᠨᠠᠶᠢᠭᠡᠮ ᠤᠨ ᠳᠤᠰᠠᠯᠠᠮᠵᠢ ᠶᠢᠨ ᠪᠠᠷᠢᠮᠵᠢᠶᠠᠨ ᠳᠤ ᠲᠤᠬᠢᠷᠠᠭᠤᠯᠤᠯᠳᠠ ᠭᠢᠵᠤ᠂  ᠡᠯ᠎ᠡ ᠭᠠᠵᠠᠷ ᠤᠨ ᠬᠢᠨ 2019   ᠤᠡ ᠤ 6 ᠳ᠋ᠤᠭᠠᠷ ᠰᠠᠷ᠎ᠠ ᠶᠢᠨ ᠰᠡᠬᠦᠯᠴᠢ ᠠᠴᠠ ᠡᠮᠤᠨ᠎ᠡ ᠰᠢᠨ᠎ᠡ ᠪᠠᠷᠢᠮᠵᠢᠶ᠎ᠠ ᠪᠠᠷ ᠵᠤᠭᠤᠰ ᠮᠦᠩᠬᠦ ᠶᠢ ᠨᠢ ᠨᠦᠬᠦᠪᠤᠷᠢᠯᠡᠨ ᠦᠭᠭᠦ ᠠᠵᠢᠯ ᠢᠶᠠᠨ ᠲᠠᠭᠤᠰᠬᠠᠵᠤ᠂ ᠳᠤᠰᠠᠯᠠᠮᠵᠢ ᠶᠢᠨ ᠪᠠᠳᠤᠯᠠᠭ᠎ᠠ ᠠᠴᠠ ᠭᠠᠷᠤᠭᠰᠠᠳ ᠲᠤ ᠲᠠᠭᠢᠨ ᠨᠦᠬᠦᠪᠤᠷᠢᠯᠡᠨ ᠦᠭᠴᠦ ᠪᠤᠯᠠᠬᠤ ᠦᠭᠡᠢ ᠭᠡᠵᠤ ᠱᠠᠭᠠᠷᠳᠠᠵᠠᠢ᠃         ᠨᠢᠭᠡ᠂  ︿︿ ᠳᠤᠰᠠᠯᠠᠮᠵᠢ ᠶᠢᠨ ᠪᠠᠷᠢᠮᠵᠢᠶ᠎ᠠ﹀﹀  ᠶᠢ  ᠲᠤᠭᠳᠠᠭᠠᠭᠰᠠᠨ ᠠᠬᠤᠢ ᠪᠠᠶᠢᠳᠠᠯ ᠪᠠ  ᠴᠢᠬᠤᠯᠠ ᠴᠢᠨᠠᠷ       2019 ᠤᠡ  ᠪᠤᠯ ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠪᠤᠯᠠᠬᠤ ᠮᠦᠷᠳᠡᠭᠡᠨ ᠴᠢᠨᠡᠭᠡᠯᠢᠭ ᠨᠠᠶᠢᠭᠡᠮ ᠢ ᠪᠦᠬᠦ ᠲᠠᠯ᠎ᠠ ᠪᠠᠷ ᠪᠠᠶᠢᠭᠤᠯᠬᠤ ᠶᠢᠨ ᠵᠠᠩᠭᠢᠯᠠᠭ᠎ᠠ ᠶᠢᠨ ᠵᠢᠯ ᠪᠤᠯᠤᠨ᠎ᠠ᠃  ᠬᠦᠴᠢᠷᠳᠡᠯ ᠲᠠᠢ ᠤᠯᠠᠨ ᠲᠦᠮᠠᠨ ᠤ ᠦᠨᠳᠦᠰᠤᠨ ᠠᠮᠢᠳᠤᠷᠠᠯ ᠤᠨ ᠪᠠᠳᠤᠯᠠᠭ᠎ᠠ ᠶᠢᠨ ᠠᠵᠢᠯ ᠢ ᠰᠠᠶᠢᠳᠤᠷ ᠭᠢᠵᠤ᠂ ᠬᠦᠴᠢᠷᠳᠡᠯ ᠲᠠᠢ ᠤᠯᠠᠨ ᠲᠦᠮᠠᠨ ᠳᠤ ᠠᠰᠢᠭ   ᠬᠦᠷᠳᠡᠮᠵᠢ ᠶᠢᠨ ᠲᠦᠷᠦᠭᠳᠡᠯ᠂ ᠵᠤᠯ ᠵᠢᠷᠭᠠᠯ ᠤᠨ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ  ᠢ ᠲᠠᠰᠤᠷᠠᠯᠳᠠ ᠦᠭᠡᠢ   ᠣᠯᠭᠤᠬᠤ ᠪᠤᠯ ᠨᠠᠮ ᠤᠨ ᠠᠷᠪᠠ ᠶᠢᠰᠤᠳᠤᠭᠡᠷ ᠶᠡᠭᠡ ᠬᠤᠷᠠᠯ᠂ ᠠᠷᠪᠠ ᠶᠢᠰᠤᠳᠤᠭᠡᠷ ᠬᠤᠭᠤᠴᠠᠭᠠᠨ ᠤ ᠬᠤᠶᠠᠳᠤᠭᠠᠷ ᠪᠦᠬᠦᠳᠠ  ᠬᠤᠷᠠᠯ᠂  ᠭᠤᠷᠪᠡᠳᠤᠭᠠᠷ ᠪᠦᠬᠦᠳᠠ ᠬᠤᠷᠠᠯ ᠤᠨ  ᠵᠣᠷᠢᠭ ᠰᠠᠨᠠᠭ᠎ᠠ ᠪᠤᠯᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠠᠷᠪᠠᠨ ᠨᠠᠢᠮᠠᠳᠤᠭᠠᠷ ᠬᠤᠭᠤᠴᠠᠭᠠᠨ ᠤ ᠨᠠᠢᠮᠠᠳᠤᠭᠠᠷ ᠪᠦᠬᠦᠳᠠ ᠬᠤᠷᠠᠯᠳᠤᠭᠠᠨ ᠤ ᠵᠤᠷᠢᠡᠠ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ   ᠶᠢᠨ ᠴᠢᠬᠤᠯᠠ ᠠᠷᠭ᠎ᠠ ᠭᠡᠮᠵᠢᠶ᠎ᠡ ᠪᠤᠯᠠᠬᠤ ᠶᠤᠮ᠃ ᠮᠥᠨ ᠴᠦ ᠶᠠᠳᠠᠭᠤ ᠠᠴᠠ ᠠᠩᠬᠢᠵᠢᠷᠠᠭᠤᠯᠬᠤ ᠪᠣᠭᠤᠮᠲᠠ ᠶᠢ ᠰᠢᠪᠲᠤᠯᠬᠤ ᠳᠠᠶᠢᠨ ᠤ ᠢᠯᠠᠯᠳᠠ ᠤᠯᠬᠤ ᠶᠢ ᠪᠠᠳᠤᠯᠠᠵᠤ᠂  ᠬᠤᠳᠠ ᠬᠦᠳᠡᠭᠡ ᠶᠢᠨ ᠬᠦᠴᠢᠷᠳᠡᠯ ᠲᠠᠢ ᠤᠯᠠᠨ ᠲᠦᠮᠠᠨ ᠤ ᠦᠨᠳᠤᠰᠤᠨ ᠠᠮᠢᠳᠤᠷᠠᠯ ᠤᠨ ᠪᠠᠳᠤᠯᠠᠭ᠎ᠠ ᠶᠢᠨ ᠲᠤᠤᠷᠵᠢᠭᠤᠯᠤᠯᠳᠠ ᠶᠢ ᠪᠠᠳᠦ ᠪᠠᠭᠢ  ᠪᠠᠶᠢᠭᠤᠯᠵᠤ᠂  ᠴᠢᠨᠡᠭᠡᠯᠢᠭ ᠨᠠᠶᠢᠭᠡᠮ ᠢ ᠪᠦᠬᠦ ᠲᠠᠯ᠎ᠠ ᠪᠠᠷ  ᠪᠠᠶᠢᠭᠤᠯᠬᠤ ᠳᠤ ᠮᠠᠰᠢ ᠴᠢᠬᠤᠯᠠ ᠠᠴᠢ ᠬᠤᠯᠪᠤᠭᠳᠠᠯ ᠲᠠᠢ  ᠶᠤᠮ᠃         ᠬᠤᠶᠠᠷ  ᠂ ︿︿ᠳᠤᠰᠠᠯᠠᠮᠵᠢ ᠶᠢᠨ ᠪᠠᠷᠢᠮᠵᠢᠶ᠎ᠠ︾ ᠶᠢ ᠲᠤᠭᠤᠷᠪᠢᠭᠰᠠᠨ ᠡᠰᠢ ᠪᠠᠷᠢᠮᠳᠠ     ᠪᠦ᠋ ᠰᠢᠶᠥᠥ ᠯᠢᠨ ᠲᠡᠷᠢᠬᠦᠯᠡᠭᠴᠢ ᠥᠪᠡᠷᠲᠡᠭᠡᠨ ᠵᠠᠰᠠᠬᠤ  ᠤᠷᠤᠨ ᠤ 2019 ᠤᠡ ᠤ ᠵᠠᠰᠠᠭ ᠤᠨ ᠤᠷᠳᠥᠨ ᠤ  ᠠᠵᠢᠯ ᠤᠨ ᠢᠯᠠᠠᠳᠭᠡᠯ ᠳᠡᠭᠡᠨ ᠡᠨᠠ ᠵᠢᠯ ᠤᠨ ᠬᠦᠭᠵᠢᠯᠳᠡ ᠶᠢᠨ ᠭᠤᠣᠯ ᠵᠢᠱᠢᠭᠰᠡᠨ ᠬᠠᠷᠠᠯᠲᠠ ᠪᠣᠯ ᠬᠤᠳᠠ ᠬᠦᠳᠡᠭᠡ ᠶᠢᠨ ᠰᠠᠭᠤᠭᠠᠯᠢ ᠠᠷᠠᠤᠨ   ᠬᠦᠮᠤᠨ ᠪᠦᠷᠢ ᠶᠢᠨ ᠲᠡᠭᠰᠢᠳᠭᠡᠭᠰᠡᠨ ᠤᠷᠤᠯᠭ᠎ᠠ   ᠶᠢ ᠲᠤᠰ ᠪᠦᠷᠢ  7% ᠪᠠ 8%  ᠤᠷᠴᠢᠮ ᠲᠡᠭᠡᠭᠰᠢᠯᠡᠬᠦᠯᠬᠦ ᠭᠡᠷᠡᠭᠳᠡᠢ  ᠭᠡᠵᠤ ᠱᠠᠭᠠᠷᠳᠠᠭᠰᠠᠨ ᠪᠠᠶᠢᠨ᠎ᠠ᠃  ᠡᠯ᠎ᠡ  ᠠᠶᠢᠮᠠᠭ ᠬᠤᠳᠠ ᠨᠢ ᠦᠪᠡᠷᠳᠡᠭᠡᠨ ᠵᠠᠰᠠᠬᠤ ᠤᠷᠤᠨ ᠤ ᠨᠢᠭᠡᠳᠤᠯᠳᠠᠢ ᠲᠤᠭᠢᠷᠠᠭᠤᠯᠤᠯᠳᠠ ᠶᠤᠰᠤᠭᠠᠷ ᠭᠠᠵᠠᠷ ᠤᠷᠤᠨ ᠤ ᠠᠵᠤ ᠠᠬᠤᠢ ᠶᠢᠨ ᠬᠦᠭᠵᠢᠯᠳᠡ ᠶᠢᠨ ᠬᠢᠷᠢ ᠳᠦᠪᠰᠢᠨ ᠢᠶᠠᠨ ᠪᠣᠳᠠᠲᠤ ᠪᠠᠶᠢᠳᠠᠯ ᠳᠠᠭᠠᠨ ᠵᠤᠭᠢᠴᠠᠭᠤᠯᠤᠨ᠂  ᠪᠦᠬᠦ ᠬᠦᠴᠤ ᠪᠠᠷ ᠢᠶᠠᠨ ᠴᠢᠳᠠᠬᠤᠶᠢᠴᠠ ᠲᠤᠭᠳᠠᠭᠤᠨ ᠢᠶᠠᠷ ᠲᠡᠭᠡᠭᠰᠢᠯᠡᠬᠦᠯᠬᠦ ᠵᠠᠷᠴᠢᠮ ᠢᠶᠠᠷ ᠲᠤᠭᠳᠠᠭᠠᠭᠰᠠᠨ ᠪᠦᠭᠡᠤᠨ ᠨᠠᠶᠢᠭᠡᠮ ᠤᠨ ᠳᠤᠰᠠᠯᠠᠮᠵᠢ ᠶᠢᠨ ᠪᠠᠷᠢᠮᠵᠢᠶ᠎ᠠ  ᠪᠠᠨ ᠴᠤ ᠲᠡᠭᠡᠭᠰᠢ ᠮᠡᠳᠡᠬᠦᠯᠦᠭᠰᠡᠨ ᠪᠠᠶᠢᠨ᠎ᠠ᠃  ᠭᠡᠮᠵᠢᠨ ᠪᠤᠳᠤᠭᠰᠠᠨ ᠢᠶᠠᠷ ᠦᠵᠡᠪᠡᠯ ᠪᠦᠬᠦ ᠤᠷᠤᠨ ᠤ ᠬᠤᠳᠠ ᠶᠢᠨ ᠬᠠᠮᠤᠭ ᠤᠨ ᠲᠤᠤᠷ᠎ᠠ ᠪᠠᠲᠤᠯᠠᠭ᠎ᠠ ᠶᠢᠨ ᠭᠡᠮᠵᠢᠶ᠎ᠡ ᠶᠢ  ᠲᠡᠭᠰᠢᠳᠭᠡᠭᠡᠤᠨ  6.9%   ᠪᠠᠷ ᠲᠡᠭᠡᠭᠰᠢᠯᠡᠵᠤ᠂  ᠲᠡᠭᠡᠷ᠎ᠡ ᠵᠢᠯ ᠠᠴᠠ 45 ᠲᠦᠬᠦᠷᠢᠭ  ᠨᠡᠮᠡᠭᠳᠡᠵᠦ᠂ ᠲᠠᠷᠢᠶᠠᠯᠠᠬᠤ ᠮᠠᠯᠵᠢᠬᠤ ᠤᠷᠤᠨ ᠤ ᠬᠠᠮᠤᠭ  ᠤᠨ ᠲᠤᠤᠷ᠎ᠠ     ᠪᠠᠲᠤᠯᠠᠭ᠎ᠠ ᠶᠢᠨ ᠪᠠᠷᠢᠮᠵᠢᠶ᠎ᠠ ᠶᠢ ᠲᠡᠭᠰᠢᠳᠭᠡᠤᠭᠡᠤᠨ  6.6% ᠪᠠᠷ ᠲᠡᠭᠡᠭᠰᠢᠯᠡᠵᠤ  ᠂ ᠲᠡᠭᠡᠷ᠎ᠡ ᠵᠢᠯ ᠠᠴᠠ 367  ᠲᠦᠬᠦᠷᠢᠭ  ᠨᠡᠮᠡᠭᠳᠡᠭᠰᠡᠨ ᠪᠠᠶᠢᠨ᠎ᠠ᠃       ᠭᠤᠷᠪᠡ᠂  ︿︿ ᠳᠤᠰᠠᠯᠠᠮᠵᠢ ᠶᠢᠨ ᠪᠠᠷᠢᠮᠵᠢᠶ᠎ᠠ﹀﹀   ᠶᠢᠨ  ᠭᠤᠦᠯ ᠠᠭᠤᠯᠭ᠎ᠠ      ︵ᠨᠢᠭᠡ︶  ᠨᠠᠶᠢᠭᠡᠮ ᠤᠨ  ︿︿ᠳᠤᠰᠠᠯᠠᠮᠵᠢ ᠶᠢᠨ ᠪᠠᠷᠢᠮᠵᠢᠶ᠎ᠠ︾  ᠶᠢ  ᠲᠤᠭᠳᠠᠭᠠᠬᠤ     ᠡᠯ᠎ᠡ ᠠᠶᠢᠮᠠᠭ ᠬᠤᠳᠠ ᠨᠢ ᠬᠦᠴᠢᠷᠳᠡᠯ ᠲᠠᠢ ᠤᠯᠠᠨ ᠲᠦᠮᠡᠨ ᠤ ᠦᠨᠳᠦᠰᠤᠨ ᠠᠮᠢᠳᠤᠷᠠᠯ ᠢ ᠪᠠᠳᠤᠯᠠᠬᠤ᠂  ᠲᠤᠬᠠᠢ ᠶᠢᠨ ᠭᠠᠵᠠᠷ ᠣᠷᠣᠨ ᠤ ᠪᠠᠨ ᠡᠳ᠋ ᠪᠠᠷᠠᠭᠠᠨ ᠤ ᠦᠨ᠎ᠡ ᠬᠠᠩᠰᠢ ᠶᠢᠨ ᠭᠡᠮᠵᠢᠶ᠎ᠡ᠂  ᠬᠤᠳᠠ ᠬᠦᠳᠡᠭᠡ ᠶᠢ ᠨᠢᠭᠡᠳᠦᠯᠳᠠᠢ ᠲᠦᠯᠣᠪᠵᠢᠭᠦᠯᠤᠨ   ᠬᠦᠭᠵᠢᠭᠦᠯᠬᠦ ᠶᠢᠨ ᠱᠠᠭᠠᠷᠳᠠᠯᠭ᠎ᠠ ᠵᠢᠴᠢ  ᠬᠤᠳᠠ  ᠬᠦᠳᠡᠭᠡ   ᠶᠢᠨ ᠰᠠᠭᠤᠭᠠᠯᠢ ᠠᠷᠠᠤᠨ  ᠤᠨ ᠬᠦᠮᠤᠨ ᠲᠣᠳᠣᠮ ᠤᠨ ᠡᠵᠡᠮᠳᠡᠬᠦ  ᠤᠷᠤᠯᠭ᠎ᠠ ᠶᠢᠨ ᠨᠡᠮᠡᠭᠳᠡᠯ᠂  ᠴᠢᠨᠡᠭᠡᠯᠢᠭ ᠨᠠᠶᠢᠭᠡᠮ ᠤᠨ ᠨᠠᠭᠠᠳᠤ ᠵᠠᠬ᠎ᠠ ᠶᠢᠨ ᠪᠠᠳᠤᠯᠭᠠᠳᠤ ᠡᠳᠡᠭᠡᠤᠨ ᠤᠨ ᠤᠷᠤᠯᠭ᠎ᠠ ᠪᠠ ᠠᠮᠢᠳᠤᠷᠠᠯ ᠤᠨ ᠭᠢᠷᠢ ᠳᠦᠪᠰᠢᠨ ᠵᠡᠷᠭᠡ ᠰᠢᠯᠳᠠᠭᠠᠨ ᠢ ᠶᠡᠷᠦᠩᠭᠡᠶᠢᠯᠡᠨ ᠪᠤᠳᠤᠯᠭᠢᠯᠠᠵᠤ᠂ ᠰᠢᠨᠵᠢᠯᠡᠬᠦ ᠤᠬᠠᠭᠠᠨᠴᠢ ᠪᠠᠷ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ  ᠤᠨ ᠪᠠᠲᠤᠯᠠᠭ᠎ᠠ ᠶᠢᠨ ᠪᠠᠷᠢᠮᠵᠢᠶ᠎ᠠ ᠶᠢ ᠲᠤᠭᠳᠠᠭᠠᠨ᠂  ᠠᠶᠢᠮᠠᠭ ᠬᠤᠳᠠ ᠶᠢᠨ ᠵᠠᠰᠠᠭ ᠤᠨ ᠤᠷᠳᠤᠨ ᠠᠴᠠ ᠦᠪᠡᠷᠳᠡᠭᠡᠨ  ᠵᠠᠰᠠᠬᠤ ᠤᠷᠤᠨ ᠤ ᠠᠷᠠᠤᠨ ᠤᠨ ᠵᠠᠰᠠᠭ ᠤᠨ  ᠤᠷᠳᠤᠨ ᠳᠤ ᠮᠡᠳᠡᠭᠦᠯᠤᠨ ᠨᠠᠶᠢᠳᠡᠯᠡᠬᠦ ᠬᠡᠷᠡᠭᠲᠠᠢ᠃       ︵ᠬᠤᠶᠠᠷ︶   ᠨᠡᠶᠢᠭᠡᠮ ᠤᠨ ᠳᠤᠰᠠᠯᠠᠮᠵᠢ ᠶᠢᠨ ᠪᠦᠬᠦᠨ ᠢ  ᠪᠠᠳᠤᠯᠠᠬᠤ ᠦᠢᠯᠡᠳᠤᠯ ᠢ  ᠬᠦᠢᠴᠡᠤᠨ ᠪᠠᠳᠠᠷᠠᠭᠤᠯᠬᠤ      ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠨᠦᠬᠦᠪᠤᠷᠢ ᠶᠢ ᠨᠡᠮᠡᠭᠳᠡᠬᠦᠯᠵᠤ᠂   ᠨᠦᠬᠦᠪᠤᠷᠢ ᠶᠢᠨ ᠭᠡᠮᠵᠢᠶ᠎ᠡ ᠪᠤᠯᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠪᠠᠷᠢᠮᠵᠢᠶ᠎ᠠ   ᠶᠢᠨ ᠲᠡᠭᠡᠭᠰᠢᠯᠡᠯᠳᠠ  ᠶᠢ ᠵᠤᠭᠢᠴᠠᠭᠤᠯᠤᠨ᠎ᠠ᠃ ᠲᠦᠷ ᠴᠠᠭ ᠤᠨ ᠳᠤᠰᠠᠯᠠᠮᠵᠢ ᠶᠢᠨ ᠬᠦᠴᠤᠯᠡᠴᠠ ᠪᠠᠨ ᠨᠡᠮᠡᠭᠳᠡᠭᠦᠯᠵᠤ᠂ ᠨᠦᠬᠦᠴᠡᠯ ᠳᠤ ᠨᠡᠶᠢᠴᠡᠭᠰᠡᠨ ᠲᠡᠭᠢᠨ  ᠶᠠᠳᠠᠭᠤᠷᠠᠭᠰᠠᠨ ᠬᠦᠮᠤᠰ ᠢ ᠴᠠᠭ ᠲᠤᠬᠠᠢ ᠳᠤ ᠨᠢ ᠳᠤᠰᠠᠯᠠᠯᠲᠠ ᠶᠢᠨ ᠭᠡᠪᠴᠢᠶᠠᠨ ᠳᠤ ᠤᠷᠤᠭᠤᠯᠬᠤ ᠭᠡᠷᠡᠭᠳᠡᠢ᠃ ᠨᠡᠶᠢᠭᠡᠮ ᠤᠨ ᠳᠤᠰᠠᠯᠠᠮᠵᠢ ᠶᠢᠨ ᠠᠵᠢᠯ ᠤᠨ  ᠬᠠᠷᠢᠯᠴᠠᠬᠤ ᠬᠤᠷᠠᠯ ᠤᠨ ᠳᠦᠷᠢᠮ ᠢ ᠭᠡᠷᠡᠭᠵᠢᠬᠦᠯᠵᠤ᠂ ᠭᠠᠵᠠᠷ ᠣᠷᠣᠨ ᠤ ᠪᠠᠨ ᠪᠦᠬᠦᠨ ᠢ  ᠪᠠᠳᠤᠯᠠᠵᠤ ᠶᠠᠳᠠᠭᠤ ᠠᠴᠠ ᠠᠩᠬᠢᠵᠢᠷᠠᠭᠤᠯᠬᠤ ᠠᠵᠢᠯ ᠤᠨ ᠲᠤᠮᠳᠠ ᠲᠤᠯᠭᠠᠷᠠᠭᠰᠠᠨ ᠰᠢᠨ᠎ᠡ ᠪᠠᠶᠢᠳᠠᠯ ᠰᠢᠨ᠎ᠡ ᠠᠰᠠᠭᠤᠳᠠᠯ ᠢ  ᠴᠠᠭ ᠬᠤᠭᠤᠴᠠᠭᠠᠨ ᠳᠤ ᠨᠢ ᠰᠡᠷᠡᠵᠤ ᠮᠡᠳᠡᠬᠦ ᠶᠢᠨ ᠬᠠᠮᠳᠤ ᠪᠦᠳᠤᠮᠵᠢᠳᠠᠢ ᠰᠢᠳᠪᠤᠷᠢᠯᠡᠵᠤ᠂ ᠨᠠᠶᠢᠭᠡᠮ ᠤᠨ ᠳᠤᠰᠠᠯᠠᠮᠵᠢ ᠶᠢᠨ ᠠᠵᠢᠯ ᠤᠨ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠲᠤᠯᠬᠤ ᠳᠠᠶᠢᠨ ᠤ ᠢᠯᠠᠯᠲᠠ ᠶᠢ ᠣᠯᠬᠤ ᠲᠡᠮᠡᠴᠡᠯ ᠲᠤᠮᠳᠠᠭᠢ ᠪᠦᠬᠦᠨ ᠢ  ᠪᠠᠳᠤᠯᠠᠬᠤ ᠦᠢᠯᠡᠳᠤᠯ ᠢ ᠨᠢ ᠬᠦᠢᠴᠡᠤᠨ ᠪᠠᠳᠠᠷᠠᠭᠤᠯᠬᠤ ᠭᠡᠷᠡᠭᠳᠡᠢ᠃     ᠲᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯ ᠲᠠᠢ ᠬᠦᠮᠤᠰ ᠤᠨ ᠲᠤᠳᠤᠷᠠᠭᠢ ᠬᠦᠨᠳᠤ ᠵᠡᠮᠲᠡᠭ ᠪᠣᠯᠤᠭᠰᠠᠨ ᠬᠦᠮᠤᠰ ᠤᠨ    ᠣᠨᠴᠠᠭᠠᠢ ᠬᠦᠴᠢᠷᠳᠠᠯ ᠢ ᠪᠤᠳᠤᠯᠭᠢᠯᠠᠨ᠂ 2018 ᠤᠡ ᠳᠤ ᠦᠪᠡᠷᠳᠡᠭᠡᠨ ᠵᠠᠰᠠᠬᠤ ᠤᠷᠤᠨ ᠤ ᠠᠷᠠᠤᠨ  ᠤᠨ ᠶᠠᠪᠤᠳᠠᠯ ᠤᠨ ᠲᠢᠩᠭᠢᠮ᠂  ᠡᠳ᠋ ᠤᠨ ᠵᠠᠰᠠᠭ ᠤᠨ ᠲᠢᠩᠭᠢᠮ᠂  ᠶᠠᠳᠠᠭᠤ ᠶᠢ ᠲᠡᠳᠬᠦᠬᠦ ᠠᠯᠪᠠᠨ ᠭᠡᠷ ᠬᠠᠮᠳᠤᠷᠠᠨ ︿︿ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠲᠤᠯᠬᠤ ᠭᠤᠷᠪᠡᠨ ᠵᠢᠯ ᠤᠨ ᠠᠵᠢᠯᠯᠠᠭᠠᠨ ᠤ ᠳᠤᠮᠳᠠ ᠨᠠᠶᠢᠭᠡᠮ ᠤᠨ ᠳᠤᠰᠠᠯᠠᠮᠵᠢ ᠶᠢᠨ ᠪᠦᠬᠦᠨ ᠢ ᠪᠠᠳᠤᠯᠠᠬᠤ ᠠᠵᠢᠯ ᠢ ᠰᠠᠶᠢᠲᠤᠷ ᠭᠡᠷᠡᠭᠵᠢᠬᠦᠯᠬᠦ ᠳᠦᠰᠤᠯ﹀﹀ ᠢ     ᠳᠠᠷᠤᠮᠠᠯᠯᠠᠨ ᠲᠠᠷᠬᠠᠭᠠᠵᠤ᠂ ︿︿ᠶᠠᠳᠠᠭᠤ ᠠᠴᠠ ᠠᠩᠬᠢᠵᠢᠷᠠᠭᠠᠳᠤᠢ ᠲᠠᠩᠰᠠᠯᠠᠵᠤ ᠺᠠᠷᠲᠯᠠᠭᠰᠠᠨ ᠶᠠᠳᠠᠭᠤ ᠡᠷᠤᠭᠡ ᠶᠢᠨ ᠲᠤᠳᠤᠷᠠᠭᠢ ᠬᠤᠪᠢ ᠪᠠᠷ ᠢᠶᠠᠨ ᠡᠷᠤᠭᠡ ᠪᠠᠶᠢᠭᠤᠯᠵᠤ ᠲᠠᠶᠢᠯᠬᠦ ᠦᠭᠡᠢ ᠭᠡᠷ ᠪᠦᠯᠢ ᠪᠠᠨ ᠲᠦᠰᠢᠨ ᠠᠮᠢᠳᠤᠷᠠᠵᠤ ᠪᠠᠶᠢᠭ᠎ᠠ ᠬᠦᠨᠳᠤ ᠵᠡᠮᠳᠡᠭ ᠪᠣᠯᠤᠭᠰᠠᠨ ᠵᠡᠮᠳᠡᠭᠴᠦᠳ ᠤᠨ ᠬᠦᠳᠠᠯᠮᠤᠷᠢ ᠶᠢᠨ ᠴᠢᠳᠠᠪᠤᠷᠢ  ᠪᠠᠨ ᠪᠦᠷᠢᠮᠤᠰᠤᠨ ᠠᠯᠳᠠᠭᠰᠠᠨ ᠪᠤᠶᠤ ᠭᠡᠰᠡᠭ ᠠᠯᠳᠠᠭᠰᠠᠨ ᠶᠠᠳᠠᠭᠤ   ᠬᠦᠴᠢᠷᠳᠡᠯ ᠲᠠᠢ ᠬᠦᠮᠤᠰ ᠢ ᠦᠪᠡᠷ ᠤᠨ ᠬᠢᠨᠢ ᠡᠷᠡᠮᠡᠯᠵᠡᠯᠡᠯ ᠢᠶᠠᠷ ᠲᠠᠮᠵᠢᠨ ᠲᠤᠰ ᠬᠦᠮᠤᠨ ᠤ ᠡᠷᠤᠬᠡ ᠠᠮᠠ ᠶᠢ ᠬᠦᠳᠡᠭᠡ ᠳᠤᠰᠬᠤᠨ ᠤ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠭᠡᠪᠴᠢᠶᠠᠨ ᠳᠤ ᠪᠠᠭᠳᠠᠭᠠᠨ ᠬᠠᠷᠠᠭᠠᠯᠵᠠᠵᠤ ᠪᠤᠯᠤᠨ᠎ᠠ﹀﹀ ᠭᠡᠵᠤ ᠱᠠᠭᠠᠷᠳᠠᠭᠰᠠᠨ ᠪᠠᠶᠢᠨ᠎ᠠ᠃ ᠡᠬᠦᠨ ᠤ ᠬᠠᠮᠳᠤ ︿︿ᠬᠦᠨᠳᠦ ᠵᠡᠮᠳᠡᠭᠴᠦᠳ﹀﹀  ᠤᠨ ᠬᠡᠪᠴᠢᠶ᠎ᠡ ᠶᠢ  ︿︿ᠶᠠᠳᠠᠭᠤ ᠠᠴᠠ ᠠᠩᠬᠢᠵᠢᠷᠠᠭᠠᠳᠤᠢ  ᠲᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯ ᠲᠠᠢ ᠡᠷᠤᠭᠡ  ᠶᠢᠨ ᠲᠤᠳᠤᠷᠠᠭᠢ ᠪᠦᠬᠦᠳᠠ ᠨᠠᠶᠢᠷᠠᠮᠳᠠᠬᠤ ᠲᠤᠮᠳᠠᠳᠤ ᠠᠷᠠᠤᠨ ᠤᠯᠤᠰ ᠤᠨ ᠨᠢᠭᠡᠳᠤᠭᠡᠷ᠂ ᠬᠤᠶᠠᠳᠤᠭᠠᠷ ᠲᠡᠰ ᠤᠨ ᠬᠦᠨᠳᠤ ᠵᠡᠮᠳᠡᠭᠴᠦᠳ ᠤᠨ ᠲᠡᠮᠳᠡᠭ ᠲᠠᠢ ᠪᠠ  ᠭᠤᠷᠪᠠᠳᠤᠭᠠᠷ ᠲᠡᠰ ᠤᠨ ᠣᠶᠤᠨ ᠤᠬᠠᠭᠠᠨ ᠤ ᠵᠡᠮᠲᠡᠭᠴᠤᠳ ᠬᠢᠭᠡᠳ ᠭᠤᠷᠪᠡᠳᠤᠭᠠᠷ ᠲᠡᠰ ᠤᠨ ᠤᠶᠤᠨ ᠮᠡᠳᠡᠷᠡᠯ ᠤᠨ ᠵᠡᠮᠳᠡᠭᠴᠤᠳ﹀﹀ ᠢ ᠪᠠᠭᠳᠠᠭᠠᠨ ᠦᠷᠭᠡᠳᠭᠡᠵᠡᠢ᠃      ᠡᠬᠦᠨ ᠤ ᠬᠠᠮᠳᠤ ᠲᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯ ᠲᠠᠢ ᠡᠷᠤᠭᠡ ᠶᠢ ᠲᠤᠭᠳᠠᠭᠤᠨ ᠢᠶᠠᠷ ᠶᠠᠳᠠᠭᠤ ᠠᠴᠠ  ᠠᠩᠭᠢᠵᠢᠷᠠᠭᠤᠯᠬᠤ   ᠶᠢᠨ ᠲᠦᠯᠤᠭᠡ ︿︿ᠲᠡᠳᠬᠦᠨ ᠳᠡᠮᠵᠢᠵᠤ ᠵᠠᠮ ᠳᠤᠨᠢ ᠤᠷᠤᠭᠤᠯᠬᠤ﹀﹀  ᠶᠢ ᠪᠠᠷᠢᠮᠳᠠᠯᠠᠵᠤ᠂ ︿︿ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠲᠤᠯᠬᠤ ᠭᠤᠷᠪᠡᠨ ᠵᠢᠯ ᠤᠨ ᠠᠵᠢᠯᠯᠠᠭᠠᠨ ᠤ ᠲᠤᠮᠳᠠ ᠨᠠᠶᠢᠭᠡᠮ ᠤᠨ ᠳᠤᠰᠠᠯᠠᠮᠵᠢ ᠶᠢᠨ ᠪᠦᠬᠦᠨ ᠢ ᠪᠠᠳᠤᠯᠠᠬᠤ ᠭᠡᠷᠡᠭᠵᠢᠬᠦᠯᠦᠯᠳᠠ ᠶᠢᠨ ᠳᠦᠰᠤᠯ﹀﹀  ︵ᠦᠪᠤᠷ ᠠᠷᠠᠤᠨ ᠵᠠᠰᠠᠭ ᠲᠠᠷᠬᠠᠭᠠᠬᠤ〔2018〕89  ᠳ᠋ᠦ᠋ᠭᠡᠷ︶  ᠶᠢ ᠳᠠᠷᠤᠮᠠᠯᠯᠠᠨ ᠲᠠᠷᠬᠠᠭᠠᠵᠤ᠂  ᠤᠤᠯ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠠᠴᠠ ᠠᠭᠠᠵᠢᠮ ᠢᠶᠠᠷ ᠭᠠᠷᠭᠠᠬᠤ ᠲᠤᠭᠳᠠᠴᠠ ᠶᠢᠨ ᠰᠠᠭᠤᠷᠢᠨ ᠲᠡᠭᠡᠷ᠎ᠠ ᠠᠭᠠᠵᠢᠮ ᠢᠶᠠᠷ ᠭᠠᠷᠭᠠᠬᠤ ᠬᠤᠭᠤᠴᠠᠭ᠎ᠠ ᠶᠢ ᠨᠢ ᠲᠤᠳᠤᠷᠬᠠᠶᠢᠯᠠᠭᠰᠠᠨ ᠪᠠᠶᠢᠨ᠎ᠠ᠃ ᠶᠠᠳᠠᠭᠤ ᠠᠴᠠ ᠠᠩᠬᠢᠵᠢᠷᠠᠭᠤᠯᠬᠤ ᠪᠣᠭᠤᠮᠲᠠ ᠰᠢᠪᠲᠤᠯᠬᠤ  ᠬᠤᠭᠤᠴᠠᠭᠠᠨ ᠳᠤ ᠲᠠᠷᠢᠶᠠᠯᠠᠬᠤ ᠮᠠᠯᠵᠢᠬᠤ ᠤᠷᠤᠨ ᠤ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠳᠤ ᠤᠷᠤᠭᠰᠠᠨ ᠲᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯ ᠲᠠᠢ  ᠡᠷᠤᠭᠡ   ᠶᠢᠨ ᠬᠦᠮᠤᠨ ᠲᠣᠳᠣᠮ ᠤᠨ ᠲᠡᠭᠰᠢᠳᠭᠡᠭᠰᠡᠨ ᠤᠷᠤᠯᠭ᠎ᠠ ᠨᠢ ᠲᠤᠬᠠᠢ ᠶᠢᠨ   ᠭᠠᠵᠠᠷ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠪᠠᠷᠢᠮᠵᠢᠶ᠎ᠠ ᠠᠴᠠ ᠳᠠᠪᠠᠭᠰᠠᠨ ᠪᠣᠯ ᠬᠠᠪᠰᠤᠷᠣᠨ ᠲᠡᠳᠬᠦᠬᠦ ᠬᠡᠪᠴᠢᠶᠡᠨ ᠠᠴᠠ ᠪᠠᠨ ᠠᠭᠠᠵᠢᠮ ᠢᠶᠠᠷ ᠭᠠᠷᠭᠠᠬᠤ ᠬᠡᠷᠡᠭᠳᠡᠢ᠃  ᠭᠡᠪᠡᠴᠤ ᠪᠠᠶᠢᠳᠠᠯ ᠢ ᠨᠢ ᠦᠨᠳᠤᠰᠤᠯᠠᠨ 12—24  ᠰᠠᠷ᠎ᠠ ᠶᠢᠨ ᠠᠭᠠᠵᠢᠮ ᠢᠶᠠᠷ ᠰᠠᠯᠵᠤ ᠭᠠᠷᠬᠤ ᠬᠤᠭᠤᠴᠠᠭ᠎ᠠ ᠲᠤᠭᠳᠠᠭᠠᠵᠤ᠂ ᠬᠦᠴᠢᠷᠳᠡᠯ  ᠲᠠᠢ ᠤᠯᠠᠨ ᠲᠦᠮᠠᠨ ᠢ ᠲᠡᠳᠬᠦᠨ ᠲᠡᠮᠵᠢᠵᠤ ᠲᠤᠭᠳᠠᠭᠤᠨ ᠢᠶᠠᠷ ᠶᠠᠳᠠᠭᠤ ᠠᠴᠠ ᠠᠩᠭᠢᠵᠢᠷᠠᠭᠤᠯᠬᠤ ᠪᠤᠯᠤᠨ᠎ᠡ᠃     ︵ᠭᠤᠷᠪᠡ︶  ᠨᠠᠶᠢᠭᠡᠮ ᠤᠨ ᠳᠤᠰᠠᠯᠠᠮᠵᠢ ᠶᠢᠨ ᠠᠵᠢᠯ ᠤᠨ ᠬᠠᠮᠢᠶᠠᠷᠤᠯᠳᠠ ᠶᠢᠨ ᠲᠦᠷᠢᠮᠵᠢᠬᠦᠯᠤᠯᠳᠠ ᠶᠢ ᠠᠭᠢᠭᠤᠯᠬᠤ   ᠨᠢᠭᠡ ᠳᠤ᠂ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠬᠠᠮᠢᠶᠠᠷᠤᠯᠳᠠ  ᠶᠢᠨ ᠲᠦᠷᠢᠮᠵᠢᠬᠦᠯᠤᠯᠳᠠ ᠶᠢ ᠬᠦᠨᠵᠡᠭᠡᠶᠢᠷᠡᠬᠦᠯᠤᠨ᠎ᠡ᠃ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠠᠵᠢᠯ ᠤᠨ ᠬᠠᠮᠢᠶᠠᠷᠤᠯᠲᠠ   ᠶᠢᠨ ᠲᠦᠷᠢᠮᠵᠢᠬᠦᠯᠤᠯᠳᠠ ᠶᠢᠨ ᠲᠠᠯ᠎ᠠ ᠪᠠᠷ ︿︿ᠡᠷᠭᠢᠵᠤ ᠦᠵᠡᠬᠦ﹀﹀ ᠠᠵᠢᠯᠯᠠᠭ᠎ᠠ ᠦᠷᠨᠢᠬᠦᠯᠵᠤ᠂  ᠭᠢᠨᠠᠨ ᠬᠠᠷᠭᠤᠭᠤᠯᠬᠤ ᠭᠢᠨᠠᠨ ᠵᠦᠪᠰᠢᠶᠡᠷᠡᠬᠦ ᠶᠠᠪᠤᠴᠠ ᠶᠢ   ᠲᠦᠷᠢᠮᠵᠢᠬᠦᠯᠵᠤ᠂ ᠭᠢᠨᠠᠨ ᠬᠠᠷᠭᠤᠭᠤᠯᠬᠤ ᠭᠢᠨᠠᠨ ᠵᠦᠪᠰᠢᠶᠡᠷᠡᠬᠦ ᠵᠢᠴᠢ ᠲᠤᠭᠳᠠᠭᠰᠠᠨ ᠬᠤᠭᠤᠴᠠᠭᠠᠨ ᠳᠤ ᠪᠠᠨ ᠲᠠᠭᠢᠨ ᠭᠢᠨᠠᠬᠤ᠂  ᠲᠤᠭᠳᠠᠭᠰᠠᠨ ᠬᠤᠭᠤᠴᠠᠭᠠᠨ ᠳᠤ ᠪᠠᠨ ᠮᠠᠳᠡᠬᠦᠯᠬᠦ ᠵᠡᠷᠭᠡ  ᠶᠢᠨ ᠠᠵᠢᠯ ᠤᠨ ᠱᠠᠭᠠᠷᠳᠠᠯᠭ᠎ᠠ ᠶᠢ ᠨᠠᠷᠢᠨ ᠭᠢᠨᠠᠮᠠᠭᠠᠢ ᠨᠠᠶᠢᠳᠠᠪᠤᠷᠢᠵᠢᠭᠤᠯᠬᠤ ᠭᠡᠷᠡᠭᠳᠡᠢ᠃ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠡᠳᠡᠭᠡᠤᠨ ᠢ ᠣᠨᠣᠴᠠᠲᠠᠢ ᠲᠤᠭᠳᠠᠭᠠᠬᠤ ᠶᠢ ᠦᠷᠬᠦᠯᠵᠢᠯᠠᠨ ᠠᠭᠢᠭᠤᠯᠵᠤ᠂ ᠪᠤᠳᠠᠳᠤ ᠪᠠᠶᠢᠳᠠᠯ ᠢᠶᠠᠨ ᠦᠨᠳᠤᠰᠤᠯᠡᠨ ᠬᠠᠷᠢᠶᠠᠨ ᠳᠤ ᠬᠢ ᠶᠡᠷᠤᠩᠭᠡᠶᠢᠯᠡᠨ ᠨᠣᠲᠠᠯᠠᠬᠤ ᠭᠦᠢᠴᠡᠳᠬᠡᠬᠦ ᠲᠤᠭ᠎ᠠ ᠶᠢ  ᠠᠭᠠᠵᠢᠮ  ᠢᠶᠠᠷ ᠨᠢᠭᠡᠳᠤᠯᠲᠠᠢ ᠲᠦᠯᠣᠪᠵᠢᠭᠦᠯᠵᠤ᠂ ᠤᠷᠤᠨ ᠲᠤᠭᠤᠷᠢᠭ ᠤᠨ ᠭᠡᠪᠴᠢᠶᠠᠨ ᠳᠤ ᠪᠠᠨ ᠬᠠᠷᠢᠴᠠᠩᠭᠤᠢ ᠨᠢᠭᠡᠳᠤᠯᠳᠠᠢ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠡᠳᠡᠭᠡᠤᠨ ᠤᠨ ᠶᠡᠷᠤᠩᠭᠡᠶᠢᠯᠡᠨ ᠳᠣᠭᠲᠠᠭᠠᠬᠤ ᠭᠦᠢᠴᠡᠳᠬᠡᠬᠦ  ᠲᠣᠭᠠᠨ ᠤ ᠰᠢᠰᠲ᠋ᠧᠮ ᠢ ᠰᠦᠪᠡᠭᠴᠢᠯᠡᠨ ᠪᠠᠶᠢᠭᠤᠯᠵᠤ᠂ ᠬᠦᠴᠢᠷᠳᠡᠯ ᠲᠠᠢ ᠤᠯᠠᠨ ᠲᠦᠮᠠᠨ ᠤ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠳᠤᠰᠠᠯᠠᠮᠵᠢ ᠶᠢᠨ ᠲᠠᠯ᠎ᠠ ᠪᠠᠷ ᠡᠷᠭᠡ ᠠᠰᠢᠭ᠂ ᠠᠵᠠ ᠵᠠᠪᠰᠢᠶᠠᠨ᠂ ᠳᠦᠷᠢᠮ ᠳᠣᠭᠲᠠᠭᠠᠯ ᠨᠢ ᠲᠥᠪ ᠭᠤᠣᠯᠴᠢ ᠪᠠᠶᠢᠬᠤ ᠶᠢ ᠪᠠᠶᠠᠯᠠᠬᠦᠯᠬᠦ ᠭᠡᠷᠡᠭᠳᠡᠢ᠃    ᠬᠤᠶᠠᠷ  ᠲᠤ᠂  ᠤᠨᠴᠡ ᠬᠦᠴᠢᠷᠳᠡᠯ ᠲᠠᠢ ᠬᠦᠮᠤᠰ ᠢ ᠠᠰᠠᠷᠠᠨ ᠲᠡᠳᠬᠦᠬᠦ ᠪᠠ ᠲᠦᠷ ᠴᠠᠭ ᠤᠨ ᠳᠤᠰᠠᠯᠠᠮᠵᠢ ᠦᠵᠡᠭᠦᠯᠬᠦ  ᠠᠵᠢᠯ ᠢ ᠰᠠᠶᠢᠳᠤᠷ ᠭᠢᠬᠦ ᠭᠡᠷᠡᠭᠳᠡᠢ᠃  ᠰᠠᠯᠤᠩᠬᠢ ᠪᠠᠷ ᠠᠰᠠᠷᠠᠨ ᠲᠡᠳᠬᠦᠵᠤ ᠪᠠᠶᠢᠭ᠎ᠠ ᠬᠦᠮᠤᠰ ᠢ ᠬᠠᠷᠠᠭᠠᠯᠵᠠᠨ   ᠰᠤᠪᠢᠯᠠᠵᠤ ᠦᠢᠯᠡᠴᠢᠯᠡᠬᠦ ᠠᠵᠢᠯ ᠢ ᠰᠠᠶᠢᠳᠤᠷ ᠭᠢᠬᠦ ᠭᠡᠷᠡᠭᠳᠡᠢ᠃  ᠪᠠᠴᠢᠮ ᠬᠦᠴᠢᠷᠳᠡᠯ ᠳᠤ ᠲᠤᠯᠭᠠᠷᠠᠭᠰᠠᠨ ᠬᠦᠮᠤᠰ ᠪᠠ ᠶᠡᠭᠡ ᠵᠠᠷᠤᠳᠠᠯ ᠭᠠᠷᠭᠠᠬᠤ ᠬᠦᠴᠢᠷᠳᠡᠯ ᠲᠠᠢ ᠡᠳᠡᠭᠡᠤᠨ ᠢ ᠲᠦᠷᠣᠯ ᠢᠯᠭᠠᠨ ᠲᠤᠰᠠᠯᠠᠬᠤ ᠪᠠᠷᠢᠮᠵᠢᠶ᠎ᠠ ᠪᠠᠨ ᠨᠠᠷᠢᠯᠢᠭᠵᠢᠭᠤᠯᠵᠤ᠂  ᠭᠢᠨᠠᠨ ᠬᠠᠷᠭᠤᠭᠤᠯᠬᠤ  ᠭᠢᠨᠠᠨ ᠵᠦᠪᠰᠢᠶᠡᠷᠡᠬᠦ ᠶᠠᠪᠤᠴᠠ ᠪᠠᠨ ᠤᠯᠠᠮ ᠰᠢᠯᠢᠳᠡᠭᠵᠢᠬᠦᠯᠵᠤ᠂  ︿︿ ᠳᠡᠰ ᠬᠤᠪᠢᠶᠠᠨ ᠭᠢᠨᠠᠨ ᠵᠦᠪᠰᠢᠶᠡᠷᠡᠬᠦ﹀﹀  ᠂ ︿︿ᠤᠷᠢᠳᠠᠪᠠᠷ ᠲᠤᠰᠠᠯᠠᠬᠤ﹀﹀  ᠵᠡᠷᠭᠡ ᠲᠦᠷᠤ ᠶᠢᠨ  ᠪᠤᠳᠦᠯᠭ᠎ᠠ ᠳᠦᠷᠢᠮ  ᠲᠤᠭᠳᠠᠭᠠᠯ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠬᠤ  ᠭᠡᠷᠡᠭᠳᠡᠢ᠃     ᠭᠤᠷᠪᠠ ᠳᠤ᠂ ᠭᠡᠷ ᠪᠦᠯᠢ ᠶᠢᠨ ᠠᠵᠤ ᠠᠬᠤᠢ ᠶᠢᠨ ᠪᠠᠶᠢᠳᠠᠯ ᠢ ᠭᠢᠨᠠᠨ ᠬᠠᠷᠭᠤᠭᠤᠯᠬᠤ ᠲᠤᠭᠳᠠᠴᠠ ᠶᠢ ᠲᠡᠬᠦᠯᠳᠡᠷᠵᠢᠬᠦᠯᠬᠦ ᠭᠡᠷᠡᠭᠳᠡᠢ᠃  ᠡᠯ᠎ᠠ ᠠᠶᠢᠮᠠᠭ ᠬᠤᠳᠠ᠂ ᠬᠤᠰᠢᠭᠤ ᠰᠢᠶᠠᠨ ︵ᠬᠤᠳᠠ ᠲᠤᠭᠤᠷᠢᠭ︶ ᠨᠢ ᠨᠡᠶᠢᠬᠡᠮ  ᠤᠨ ᠳᠤᠰᠠᠯᠠᠮᠵᠢ ᠶᠢ ᠰᠢᠨ᠎ᠡ ᠪᠠᠷ ᠡᠷᠡᠮᠡᠯᠵᠡᠯᠡᠵᠤ ᠪᠠᠶᠢᠭ᠎ᠠ ᠡᠳᠡᠭᠡᠤᠨ ᠢ ᠳᠣᠭᠲᠠᠭᠠᠯ ᠶᠣᠰᠤᠭᠠᠷ ᠭᠢᠨᠠᠨ ᠬᠠᠷᠭᠤᠭᠤᠯᠬᠤ᠂  ᠭᠢᠨᠠᠨ ᠵᠦᠪᠰᠢᠶᠡᠷᠡᠬᠦ ᠶᠠᠪᠤᠴᠨ ᠶᠢ ᠨᠢ  ᠭᠢᠨᠠᠨ ᠬᠠᠷᠭᠤᠭᠤᠯᠬᠤ ᠬᠡᠷᠡᠭᠲᠠᠢ᠃ ᠨᠢᠭᠡᠨᠳᠠ ᠨᠠᠶᠢᠭᠡᠮ ᠤᠨ ᠳᠤᠰᠠᠯᠠᠮᠵᠢ ᠣᠯᠭᠤᠭᠰᠠᠨ ᠡᠳᠡᠭᠡᠤᠨ ᠢ ᠪᠠᠭ᠎ᠠ ᠳᠤ ᠪᠠᠨ ᠤᠯᠠᠷᠢᠯ ᠪᠦᠷᠢ  ᠨᠢᠭᠡ ᠤᠳᠠᠭ᠎ᠠ ᠭᠢᠨᠠᠨ ᠬᠠᠷᠭᠤᠭᠤᠯᠵᠤ᠂ ᠨᠦᠬᠦᠴᠡᠯ ᠳᠤ ᠨᠡᠶᠢᠴᠡᠬᠦ ᠦᠭᠡᠢ ᠶᠢ ᠨᠢ ᠴᠠᠭ ᠲᠤᠬᠠᠢ ᠳᠤᠨᠢ ᠰᠠᠯᠭᠠᠵᠤ ᠭᠠᠷᠭᠠᠬᠤ ᠭᠡᠷᠡᠭᠳᠡᠢ᠃  ᠦᠪᠡᠷᠳᠡᠭᠡᠨ ᠵᠠᠰᠠᠬᠤ ᠤᠷᠤᠨ ᠠᠴᠠ ᠪᠠᠭᠤᠯᠭᠠᠭᠰᠠᠨ ᠭᠤᠣᠯᠳᠠᠯᠭ᠎ᠠ ᠲᠠᠢ ᠭᠢᠨᠠᠨ ᠭᠡᠮᠵᠢᠬᠦ ᠲᠤᠭ᠎ᠠ ᠪᠠᠷᠢᠮᠳᠠ ᠶᠢ ᠨᠠᠷᠢᠨ ᠭᠢᠨᠠᠮᠠᠭᠠᠢ  ᠦᠨᠳᠤᠷ ᠪᠦᠳᠤᠮᠵᠢᠳᠠᠢ ᠬᠦᠢᠴᠡᠳᠭᠡᠬᠦ ᠭᠡᠷᠡᠭᠳᠡᠢ᠂ ᠳᠦᠬᠦᠮ ᠲᠦᠳᠠ ᠪᠠᠷ ᠪᠠᠳᠤᠯᠠᠭ᠎ᠠ ᠶᠢ ᠨᠢ ᠵᠤᠭᠰᠤᠭᠠᠨ ᠰᠢᠢᠳᠪᠤᠷᠢᠯᠡᠵᠤ  ᠪᠣᠯᠬᠤ ᠦᠭᠡᠢ᠃      ︵ᠳᠥᠷᠪᠡ︶ ᠦᠨᠳᠤᠰᠤᠨ ᠱᠠᠳᠤᠨ ᠤ ᠨᠠᠶᠢᠭᠡᠮ ᠤᠨ ᠳᠤᠰᠠᠯᠠᠮᠵᠢ ᠶᠢᠨ ᠠᠵᠢᠯ   ᠤᠨ ᠭᠠᠷᠳᠠᠨ ᠭᠦᠢᠴᠡᠳᠬᠡᠬᠦ ᠦᠢᠯᠡᠴᠢᠯᠡᠭᠡᠨ ᠤ ᠴᠢᠳᠠᠪᠤᠷᠢ ᠪᠠᠨ ᠴᠢᠩᠭᠠᠳᠬᠠᠬᠤ ᠭᠡᠷᠡᠭᠳᠡᠢ      ᠡᠯ᠎ᠡ ᠭᠠᠵᠠᠷ ᠣᠷᠣᠨ ᠡᠷᠬᠡᠪᠰᠢ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠦᠢᠯᠡᠴᠢᠯᠡᠭᠡ ᠶᠢ ᠬᠤᠳᠠᠯᠳᠤᠨ ᠠᠪᠴᠤ ᠦᠨᠳᠦᠰᠤᠨ ᠱᠠᠳᠤᠨ ᠤ ᠨᠠᠶᠢᠭᠡᠮ ᠤᠨ ᠳᠤᠰᠠᠯᠠᠮᠵᠢ ᠶᠢᠨ ᠠᠵᠢᠯ ᠤᠨ ᠭᠠᠷᠳᠠᠨ ᠭᠦᠢᠴᠡᠳᠬᠡᠬᠦ ᠦᠢᠯᠡᠴᠢᠯᠡᠭᠡᠨ ᠤ ᠴᠢᠳᠠᠪᠤᠷᠢ ᠪᠠᠨ ᠴᠢᠩᠭᠠᠳᠬᠠᠬᠤ ᠲᠤᠬᠠᠢ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠬᠠᠷᠢᠶᠠᠨ ᠤ ᠪᠠᠨ ᠬᠤᠰᠢᠭᠤ ᠰᠢᠶᠠᠨ ︵ᠬᠤᠳᠠ᠂  ᠲᠤᠭᠤᠷᠢᠭ︶ ᠳᠤ ᠪᠦᠷᠢᠨ ᠳᠦᠬᠦᠷ ᠲᠦᠷᠤ ᠶᠢᠨ ᠪᠤᠳᠦᠯᠭ᠎ᠠ ᠶᠢ ᠰᠢᠪᠠᠳᠠᠨ ᠲᠤᠭᠳᠠᠭᠠᠬᠤ ᠬᠡᠷᠡᠭᠳᠡᠢ᠃ ᠵᠠᠰᠠᠭ ᠤᠨ ᠤᠷᠳᠤᠨ ᠤ  ᠨᠠᠶᠢᠭᠡᠮ ᠤᠨ ᠳᠤᠰᠠᠯᠠᠮᠵᠢ ᠶᠢᠨ ᠦᠢᠯᠡᠴᠢᠯᠡᠭᠡᠨ ᠢ ᠬᠤᠳᠠᠯᠳᠤᠨ ᠠᠪᠬᠤ ᠠᠵᠢᠯ ᠢ  ᠭᠢᠭᠰᠡᠨ ᠦᠭᠡᠢ ᠬᠤᠰᠢᠭᠤ ᠰᠢᠶᠠᠨ ︵ᠬᠤᠳᠠ᠂  ᠲᠤᠭᠤᠷᠢᠭ︶ ᠶᠢ ᠰᠢᠪᠠᠳᠠᠨ ᠡᠨᠡ ᠲᠠᠯ᠎ᠠ ᠶᠢᠨ ᠠᠵᠢᠯ ᠢ ᠪᠦᠳᠤᠮᠵᠢᠳᠠᠢ ᠦᠷᠨᠢᠬᠦᠯᠬᠦ ᠭᠡᠷᠡᠭᠳᠡᠢ᠃ ᠵᠠᠰᠠᠭ ᠤᠨ ᠤᠷᠳᠤᠨ   ᠤ ᠨᠠᠶᠢᠭᠡᠮ ᠤᠨ ᠳᠤᠰᠠᠯᠠᠮᠵᠢ  ᠶᠢᠨ ᠦᠢᠯᠡᠴᠢᠯᠡᠭᠡᠨ ᠢ ᠬᠤᠳᠠᠯᠳᠤᠨ ᠠᠪᠬᠤ ᠠᠵᠢᠯ ᠢ ᠦᠷᠨᠢᠬᠦᠯᠦᠭᠰᠡᠨ ᠬᠤᠰᠢᠭᠤ ᠰᠢᠶᠠᠨ ︵ᠬᠤᠳᠠ᠂  ᠲᠤᠭᠤᠷᠢᠭ ︶   ᠨᠢ ᠭᠤᠷᠪᠡᠳᠤᠭᠠᠷ ᠡᠳᠡᠭᠡᠤᠨ ᠢ ᠵᠤᠭᠢᠶᠠᠨ ᠪᠠᠶᠢᠭᠤᠯᠵᠤ᠂  ᠦᠷ᠎ᠡ ᠪᠦᠳᠤᠮᠵᠢ ᠶᠢᠨ ᠦᠨᠡᠯᠡᠯᠳᠠ ᠭᠢᠵᠤ᠂  ᠵᠠᠰᠠᠭ ᠤᠨ ᠣᠷᠳᠤᠨ ᠤ ᠨᠠᠶᠢᠭᠡᠮ ᠤᠨ ᠳᠤᠰᠠᠯᠠᠮᠵᠢ ᠶᠢᠨ ᠦᠢᠯᠡᠴᠢᠯᠡᠭᠡᠨ ᠢ ᠬᠤᠳᠠᠯᠳᠤᠨ ᠠᠪᠬᠤ ᠠᠵᠢᠯ ᠢᠶᠠᠨ ᠦᠨᠳᠦᠷ ᠪᠦᠳᠤᠮᠵᠢᠳᠠᠢ ᠬᠢᠬᠦ   ᠶᠢ ᠪᠠᠳᠤᠯᠠᠬᠤ ᠭᠡᠷᠡᠭᠳᠡᠢ᠃ ᠭᠢᠨᠠᠨ ᠪᠠᠶᠢᠴᠠᠭᠠᠵᠤ ᠰᠢᠯᠭᠠᠨ ᠭᠢᠨᠠᠬᠤ ᠲᠤᠭᠳᠠᠴᠠ ᠶᠢ ᠪᠠᠶᠢᠭᠤᠯᠤᠨ ᠲᠡᠬᠦᠯᠳᠡᠷᠵᠢᠬᠦᠯᠵᠤ᠂  ᠵᠠᠰᠠᠭ ᠤᠨ ᠤᠷᠳᠤᠨ ᠤ ᠨᠠᠶᠢᠭᠡᠮ ᠤᠨ ᠳᠤᠰᠠᠯᠠᠮᠵᠢ ᠶᠢᠨ ᠦᠢᠯᠡᠴᠢᠯᠡᠭᠡᠨ ᠢ ᠬᠤᠳᠠᠯᠳᠤᠨ ᠠᠪᠬᠤ ᠠᠵᠢᠯ ᠢᠶᠠᠨ ᠡᠯ᠎ᠡ ᠭᠠᠵᠠᠷ ᠣᠷᠣᠨ ᠤ ᠨᠠᠮ ᠵᠠᠰᠠᠭ ᠤᠨ ᠤᠳᠤᠷᠢᠳᠬᠤ ᠪᠠᠭ ᠤᠨ ᠠᠵᠢᠯ ᠤᠨ ᠦᠷ᠎ᠡ ᠪᠦᠳᠤᠭᠡᠯ ᠤᠨ ᠬᠠᠷᠠᠯᠳᠠ ᠶᠢᠨ ᠨᠠᠶᠢᠭᠡᠮ ᠤᠨ ᠳᠤᠰᠠᠯᠠᠮᠵᠢ ᠶᠢᠨ  ᠰᠢᠰᠲ᠋ᠧᠮ ᠤᠨ ᠬᠢᠨᠠᠨ  ᠰᠢᠯᠭᠠᠬᠤ ᠠᠵᠢᠯ  ᠳᠤ  ᠤᠷᠤᠭᠤᠯᠵᠤ᠂  ᠠᠵᠢᠯ ᠤᠨ ᠡᠬᠦᠷᠭᠡ  ᠪᠠᠨ ᠨᠠᠷᠢᠯᠢᠭᠵᠢᠭᠤᠯᠬᠤ ᠭᠡᠷᠡᠭᠳᠡᠢ᠃     ᠬᠤᠯᠪᠤᠭᠳᠠᠬᠤ ᠪᠢᠴᠢᠭ ᠮᠠᠲ᠋ᠧᠷᠢᠶᠠᠯ᠄ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠤᠨ ᠤᠨ ᠵᠠᠰᠠᠭ ᠤᠨ ᠤᠷᠳᠤᠨ ᠤ ᠠᠯᠪᠠᠨ ᠲᠢᠩᠭᠢᠮ ᠤᠨ 2019 ᠤᠨ ᠤ ᠨᠠᠶᠢᠭᠡᠮ ᠤᠨ ᠳᠤᠰᠠᠯᠠᠮᠵᠢ ᠶᠢᠨ ᠪᠠᠷᠢᠮᠵᠢᠶ᠎ᠠ ᠶᠢᠨ ᠬᠤᠯᠪᠣᠭᠳᠠᠯ ᠪᠦᠬᠦᠢ ᠶᠠᠪᠤᠳᠠᠯ ᠤᠨ  ᠲᠤᠬᠠᠢ ᠮᠡᠳᠡᠭᠳᠡᠯ  
 
ᠢᠷᠡᠯᠲᠡ᠄ ᠠᠷᠠᠳ ᠤᠨ ᠶᠠᠪᠤᠳᠠᠯ ᠤᠨ ᠲᠢᠩᠬᠢᠮ ᠤᠨ ᠬᠢᠲᠠᠳ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号