ᠪᠤᠭᠤᠲᠤ ᠬᠤᠲᠠ ᠰᠢᠨ᠎ᠡ ᠴᠠᠭ ᠦᠶ᠎ᠡ ᠶᠢᠨ ᠣᠷᠤᠭ ᠳᠠᠩᠰᠠᠯᠠᠭᠤᠯᠬᠤ ᠠᠵᠢᠯ ᠢ ᠰᠠᠶᠢᠲᠤᠷ ᠬᠢᠵᠤ ᠪᠤᠢ
ᠨᠡᠶᠢᠲᠡᠯᠡᠭᠰᠡᠨ ᠴᠠᠭ᠄
2020/6/5
   ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢᠨ ᠶᠡᠭᠡ ᠣᠷᠴᠢᠨ ᠨᠥᠬᠦᠴᠡᠯ ᠳᠣᠣᠷ᠎ᠠ᠂ ᠪᠤᠭᠤᠲᠤ ᠬᠤᠲᠠ ᠶᠢᠨ ᠠᠷᠠᠳ ᠤᠨ ᠶᠠᠪᠤᠳᠠᠯ ᠤᠨ ᠲᠣᠪᠴᠢᠶ᠎ᠠ ᠤᠶᠢᠯᠡᠴᠢᠯᠡᠭᠡᠨ ᠤ ᠣᠨᠣᠯᠵᠢᠬᠤᠨ ᠢᠶᠠᠨ ᠰᠢᠨᠠᠤᠡᠭᠡᠵᠤ᠂ ᠤᠶᠢᠯᠡᠴᠢᠯᠡᠭᠡᠨ ᠤ ᠠᠷᠭ᠎ᠠ ᠪᠠᠨ ᠰᠢᠯᠢᠳᠡᠭᠵᠢᠭᠦᠯᠦᠨ᠂ ᠤᠷᠤᠰ ᠤᠨ ᠬᠡᠪ ᠵᠠᠩᠰᠢᠯ ᠤᠨ ᠥᠭᠡᠷᠡᠴᠢᠯᠡᠯᠲᠡ ᠶᠢᠨ ᠬᠤᠰᠢᠭᠤᠴᠢ ᠪᠣᠯᠬᠤ ᠪᠠᠷ ᠴᠢᠷᠮᠠᠶᠢᠬᠤ ᠪᠠᠶᠢᠨ᠎ᠠ᠃     — ᠬᠠᠮᠢᠶᠠᠷᠤᠯᠲᠠ ᠪᠠᠨ ᠴᠢᠩᠭᠠᠳᠬᠠᠵᠤ᠂ ᠤᠶᠢᠯᠡᠴᠢᠯᠡᠭᠡᠨ ᠤ ᠦᠷ᠎ᠡ ᠪᠦᠲᠦᠮᠵᠢ ᠶᠢ ᠪᠦᠲᠦᠮᠵᠢᠲᠡᠶ ᠲᠡᠭᠡᠭᠰᠢᠯᠡᠬᠦᠯᠵᠡᠢ᠃ ᠵᠠᠰᠠᠭ ᠢ ᠴᠣᠮᠬᠠᠳᠬᠠᠨ ᠡᠷᠬᠡ ᠶᠢ ᠪᠠᠭᠤᠯᠭᠠᠬᠤ ᠶᠢ ᠴᠢᠩᠭᠠᠳᠬᠠᠵᠤ᠂ ︽ᠬᠠᠴᠢᠨ ᠵᠢᠭᠲᠡᠶ ᠭᠡᠷᠡᠴᠢᠯᠡᠯ᠂ ᠬᠡᠲᠤ ᠲᠠᠬᠢᠨ᠋ᠠᠰᠠᠨ ᠭᠡᠷᠡᠴᠢᠯᠡᠯ᠂ ᠲᠦᠯᠬᠢᠯᠴᠡᠭᠰᠡᠨ ᠭᠡᠷᠡᠴᠢᠯᠡᠯ᠂ ᠬᠡᠷᠡᠭ ᠦᠭᠡᠶ ᠭᠡᠷᠡᠴᠢᠯᠡᠯ︾ ᠵᠡᠷᠭᠡ ᠦᠵᠡᠭᠳᠡᠯ ᠠᠴᠠ ᠵᠠᠶᠢᠯᠠᠰᠬᠢᠵᠠᠢ᠃ ᠨᠠᠰᠤᠲᠠᠶᠢᠴᠤᠳ ᠤᠨ ᠤᠷᠤᠭ ᠤᠨ ᠲᠡᠮᠳᠡᠭ ᠢᠶᠠᠨ ᠭᠡᠭᠡᠭᠰᠡᠨ᠂ ᠳᠠᠩᠰᠠ ᠡᠪᠬᠡᠮᠡᠯ ᠦᠭᠡᠢ  ᠪᠤᠯᠤᠠᠠᠰᠠᠨ ᠢ ᠬᠠᠤᠯᠢ ᠶᠣᠰᠣᠨ ᠳᠤ ᠨᠡᠶᠢᠴᠡᠬᠦ᠂ ᠠᠷᠠᠳ ᠲᠤ ᠲᠥᠬᠦᠮ ᠠᠷᠠᠳ ᠲᠤ ᠠᠰᠢᠭ ᠬᠦᠷᠲᠡᠭᠡᠬᠦ︾ ᠵᠠᠷᠴᠢᠮ   ᠢᠶᠠᠷ᠂ ᠡᠷ᠎ᠡ ᠡᠮ᠎ᠡ ᠬᠤᠶᠠᠭᠤᠯᠠ ᠠᠳᠠᠯᠢ ᠨᠢᠭᠡᠨ ᠡᠷᠦᠬᠡ ᠠᠮᠠ ᠶᠢᠨ ᠳᠡᠪᠲᠡᠷ ᠲᠤ ᠤᠷᠤᠭ ᠤᠨ ᠬᠠᠷᠢᠴᠠᠭ᠎ᠠ ᠪᠠᠨ ᠲᠣᠳᠣᠷᠬᠠᠶ ᠢᠯᠡᠷᠡᠭᠦᠯᠦᠭᠰᠡᠨ ᠪᠠᠶᠢᠪᠠᠯ᠂ ᠲᠡᠳᠡᠨ ᠠᠴᠠ ᠪᠢᠴᠢᠭ ᠤᠨ ᠠᠮᠠᠯᠠᠯᠲᠠ᠂ ᠭᠠᠷ ᠤᠨ ᠥᠰᠥᠭ  ᠵᠢᠷᠤᠭᠤᠯᠵᠤ ᠪᠠᠶᠢᠭᠠᠤᠨ ᠤᠷᠤᠭ ᠤᠨ ᠲᠡᠮᠳᠡᠭ ᠨᠦᠬᠦᠵᠤ ᠦᠭᠴᠦ ᠪᠣᠯᠤᠨ᠎ᠠ᠂  ᠬᠠᠷᠢᠨ ᠲᠥᠷᠥᠯ ᠰᠠᠳᠤᠨ  ᠢᠶᠠᠷ ᠨᠢ ᠭᠡᠷᠡᠴᠢᠯᠡᠬᠦᠯᠬᠦ ᠬᠡᠷᠡᠭ  ᠦᠭᠡᠢ ᠪᠣᠯᠭᠠᠪᠠ᠃     — ᠣᠷᠴᠢᠨ ᠲᠣᠭᠤᠷᠢᠨ ᠢ ᠰᠢᠯᠢᠳᠡᠭᠵᠢᠭᠦᠯᠵᠦ᠂ ᠬᠤᠷᠢᠮ ᠤᠨ ᠬᠡᠪ ᠵᠠᠩᠰᠢᠯ ᠤᠨ ᠥᠭᠡᠷᠡᠴᠢᠯᠡᠯᠲᠡ ᠶᠢ ᠠᠬᠢᠭᠤᠯᠵᠠᠢ᠃ ᠣᠷᠤᠭ ᠳᠠᠩᠰᠠᠯᠠᠬᠤ ᠪᠠᠶᠢᠭᠤᠯᠭ᠎ᠠ ᠳᠤ ᠬᠦᠯᠢᠶᠡᠬᠦ ᠲᠣᠭᠤᠷᠢᠭ᠂ ᠰᠤᠶᠢᠤᠡᠭᠡᠯ ᠬᠤᠷᠢᠶᠠᠬᠤ ᠥᠬᠡᠶ ᠪᠠᠷ ᠳᠠᠷᠤᠮᠠᠯᠯᠠᠬᠤ ᠲᠣᠭᠤᠷᠢᠭ᠂ ᠣᠷᠤᠭ ᠳᠠᠩᠰᠠᠯᠠᠬᠤ ᠴᠣᠩᠬᠤ᠂ ᠰᠤᠶᠢᠤᠡᠭᠡᠯ ᠬᠤᠷᠢᠶᠠᠬᠤ ᠥᠬᠡᠶ ᠪᠠᠷ ᠣᠷᠤᠭ ᠤᠨ ᠬᠠᠤᠯᠢ ᠵᠦᠪᠯᠡᠬᠦ ᠴᠣᠩᠬᠤ᠂ ᠣᠷᠤᠭ ᠰᠠᠯᠬᠤ  ᠶᠢ ᠲᠠᠩᠰᠠᠯᠠᠬᠤ ᠲᠤᠰᠠᠭᠠᠷ ᠲᠠᠰᠤᠭ᠂ ᠣᠷᠤᠭ ᠤᠨ ᠤᠴᠢᠷ ᠲᠤ ᠲᠥᠬᠦᠮ ᠦᠵᠡᠭᠦᠯᠬᠦ ᠤᠶᠢᠯᠡᠴᠢᠯᠡᠭᠡᠨ ᠤ ᠲᠠᠰᠤᠭ᠂ ᠦᠨᠡᠮᠯᠡᠯ ᠣᠯᠭᠤᠬᠤ ᠲᠢᠩᠬᠢᠮ ᠪᠠ ᠣᠷᠤᠭ ᠬᠡᠷ ᠢ ᠬᠠᠪᠰᠤᠷᠤᠨ ᠵᠢᠯᠤᠭᠤᠤᠡᠬᠤ ᠲᠠᠰᠤᠭ ᠵᠡᠷᠭᠡ ᠣᠯᠠᠨ ᠵᠤᠶᠢᠯ ᠤᠨ ᠤᠶᠢᠯᠡᠴᠢᠯᠡᠭᠡᠨ ᠤ ᠴᠢᠳᠠᠮᠵᠢ ᠲᠠᠢ ᠲᠠᠰᠤᠯᠭ᠎ᠠ ᠶᠢ ᠭᠠᠷᠭᠠᠵᠤ᠂ ᠣᠯᠠᠨ ᠲᠦᠮᠡᠨ ᠤ ᠣᠷᠤᠭ ᠬᠤᠷᠢᠮ ᠤᠨ ᠲᠤᠬᠠᠶ ᠶᠢᠨ ᠬᠥᠮᠦᠨ ᠬᠡᠷᠡᠭᠴᠡᠭᠡ ᠶᠢ ᠬᠠᠩᠭᠠᠵᠠᠢ᠃ ᠰᠤᠶᠢᠤᠡᠭᠡᠯ ᠬᠤᠷᠢᠶᠠᠬᠤ ᠦᠭᠡᠢ ︽ᠬᠤᠷᠢᠮ ᠤᠨ ᠬᠡᠯᠪᠡᠷᠢ ᠪᠠᠷ ᠦᠨᠡᠮᠯᠡᠯ ᠣᠯᠭᠤᠬᠤ︾  ᠤᠶᠢᠯᠡᠴᠢᠯᠡᠭᠡ ᠭᠠᠷᠭᠠᠵᠤ᠂  ︽ᠠᠮᠠᠷᠠᠭ ᠤᠨ ᠪᠠᠶᠠᠷ︾᠂ ︽520︾᠂ ︽ᠳᠣᠯᠣᠭᠠᠨ ᠰᠠᠷ᠎ᠠ ᠶᠢᠨ ᠳᠣᠯᠣᠭᠠᠨ︾ ᠵᠡᠷᠭᠡ ᠤᠷᠤᠭ  ᠲᠠᠩᠰᠠᠯᠠᠬᠤ ᠬᠦᠮᠤᠨ ᠠᠷᠪᠢᠨ ᠪᠤᠯᠳᠠᠭ ᠡᠳᠤᠷ ᠢ ᠠᠰᠢᠠᠠᠯᠠᠵᠤ᠂ ᠲᠥᠷᠥᠯ ᠰᠠᠳᠤᠨ ᠨᠠᠶᠢᠵᠠ ᠨᠥᠬᠦᠳ ᠬᠢᠨᠢ ᠭᠡᠷᠡᠴᠢᠯᠡᠯ ᠳᠣᠤᠷ᠎ᠠ᠂ ᠬᠠᠶᠢᠷ᠎ᠠ ᠶᠢᠨ  ᠲᠠᠩᠭᠠᠷᠠᠭ ᠬᠢᠯᠭᠡᠳᠡᠭ᠃  ᠭᠡᠷ ᠤᠨ ᠭᠠᠳᠠᠨᠠᠬᠢ ᠤᠬᠠᠭᠤᠯᠭ᠎ᠠ ᠶᠢᠨ ᠳᠡᠯᠭᠡᠴᠡ᠂ ᠬᠦᠯᠢᠶᠡᠬᠦ ᠲᠣᠭᠤᠷᠢᠭ ᠤᠨ ᠲᠧᠯᠸᠢᠰ ᠵᠡᠷᠭᠡ ᠶᠢ ᠠᠰᠢᠭᠯᠠ᠂   ᠵᠠᠯᠠᠭᠤᠴᠤᠳ ᠲᠤ ᠪᠣᠬᠢᠷᠲᠤᠯ ᠥᠬᠡᠶ ᠬᠤᠷᠢᠮ ᠤᠨ ᠣᠶᠢᠯᠠᠭᠠᠭᠳᠠᠬᠤᠨ ᠤ  ᠤᠬᠠᠭᠤᠯᠭ᠎ᠠ ᠬᠢᠵᠡᠶ᠃    — ᠬᠦᠷᠢᠶ᠎ᠡ ᠬᠡᠪᠴᠢᠶ᠎ᠡ ᠪᠠᠨ ᠥᠷᠭᠡᠳᠬᠡᠵᠦ᠂ ᠡᠷᠡᠭᠦᠯ ᠰᠠᠷᠠᠭᠤᠯ ᠣᠷᠤᠭ ᠤᠨ ᠣᠶᠢᠯᠠᠭᠠᠭᠳᠠᠬᠤᠨ ᠢ ᠰᠠᠨᠠᠭᠠᠴᠢᠯᠠᠵᠠᠢ᠃ ᠣᠷᠤᠭ ᠭᠡᠷ ᠤᠨ ᠲᠤᠰᠬᠠᠶ ᠠᠵᠢᠯ ᠤᠨ ᠰᠡᠳᠬᠢᠴᠡ ᠶᠢᠨ ᠵᠦᠪᠯᠡᠭᠴᠢ᠂ ᠬᠠᠤᠯᠢᠴᠢ ᠶᠢ ᠤᠷᠢᠵᠤ 400 ᠭᠠᠷᠤᠶ ᠤᠳᠠᠭ᠎ᠠ ᠣᠷᠤᠭ ᠭᠡᠷ ᠤᠨ ᠬᠡᠷᠡᠭ ᠢ ᠬᠠᠪᠰᠤᠷᠤᠨ ᠵᠢᠯᠣᠭᠤᠳᠴᠤ᠂ ᠣᠷᠤᠭ ᠬᠤᠷᠢᠮ ᠤᠨ ᠬᠠᠤᠯᠢ ᠶᠢᠨ ᠵᠥᠪᠯᠡᠯᠭᠡ 100 ᠰᠢᠬᠠᠮ ᠬᠢᠵᠤ᠂ ᠡᠭᠦᠨ ᠳᠤ ᠭᠡᠷ ᠪᠦᠯᠢ ᠶᠢᠨ ᠳᠣᠲᠣᠨᠣ ᠬᠠᠷᠢᠴᠠᠭ᠎ᠠ ᠶᠢ ᠵᠤᠬᠢᠴᠠᠭᠤᠯᠤᠨ ᠡᠷ᠎ᠡ ᠡᠮ᠎ᠡ ᠬᠤᠶᠠᠭᠤᠯᠠ ᠣᠷᠤᠭ ᠤᠨ ᠬᠢᠮᠤᠷᠠᠯ ᠠᠴᠠ ᠮᠤᠯᠲᠤᠷᠠᠵᠤ᠂ ᠦᠷ᠎ᠡ ᠪᠦᠲᠦᠮᠵᠢ ᠨᠢ 33% ᠳᠤ ᠬᠦᠷᠴᠡᠶ︔ ᠤᠷᠤᠭᠯᠠᠬᠤ ᠠᠴᠠ ᠡᠮᠦᠨᠡᠬᠢ ᠡᠯ᠎ᠡ ᠲᠥᠷᠥᠯ ᠤᠨ ᠰᠤᠷᠭᠠᠨ ᠬᠥᠮᠦᠵᠢᠯ ᠢ 6 ᠤᠳᠠᠭ᠎ᠠ ᠬᠢᠵᠤ᠂ 300 ᠭᠠᠷᠤᠶ ᠬᠦᠮᠤᠰ ᠪᠤᠯᠪᠠᠰᠤᠷᠠᠯ ᠬᠦᠷᠳᠡᠵᠡᠢ᠃ ᠴᠢᠩᠱᠠᠨ ᠲᠣᠭᠤᠷᠢᠭ ᠤᠨ ᠡᠸᠤ ᠯᠦ ᠨᠡᠶᠢᠭᠡᠮ ᠲᠣᠭᠤᠷᠢᠭ ᠲᠤ ᠲᠤᠷᠰᠢᠯᠲᠠ ᠬᠢᠵᠦ᠂ ᠪᠤᠭᠤᠲᠤ ᠬᠤᠲᠠ ᠶᠢᠨ ᠠᠩᠬᠠᠳᠠᠭᠴᠢ ᠨᠡᠶᠢᠭᠡᠮ ᠲᠣᠭᠤᠷᠢᠭ ᠤᠨ ᠣᠷᠤᠭ ᠤᠨ ᠬᠠᠪᠰᠤᠷᠤᠨ ᠵᠢᠯᠣᠭᠤᠳᠬᠤ ᠥᠷᠳᠡᠭᠡ ᠪᠠᠶᠢᠭᠤᠯᠵᠠᠢ᠃  ︿︿ᠨᠠᠰᠤᠲᠠᠶᠢᠴᠤᠳ ᠢ ᠬᠠᠯᠠᠮᠵᠢᠯᠠᠨ᠂ ᠠᠵᠠ ᠵᠢᠷᠭᠠᠯᠲᠤ ᠠᠯᠲᠠᠨ ᠤᠷᠤᠭ ᠢ ᠭᠡᠷᠡᠴᠢᠯᠡᠬᠦ﹀﹀ ᠤᠷᠤᠭ ᠤᠨ ᠰᠣᠷᠪᠣᠯᠵᠢᠯᠠᠭ᠎ᠠ ᠶᠢᠨ ᠠᠵᠢᠯᠯᠠᠭ᠎ᠠ ᠶᠢ ᠦᠷᠨᠢᠭᠦᠯᠪᠡ᠃ ᠪᠣᠭᠤᠲᠤ ᠶᠢᠨ ᠪᠠᠭᠰᠢ ᠶᠢᠨ ᠳᠡᠭᠡᠳᠤ ᠰᠤᠷᠭᠠᠭᠤᠯᠢ ᠪᠠ ᠬᠦᠩᠭᠡᠨ ᠠᠵᠤ ᠦᠢᠯᠡᠳᠪᠤᠷᠢ ᠶᠢᠨ ᠳᠤᠰᠬᠠᠢ ᠮᠡᠷᠭᠡᠵᠢᠯ ᠤᠨ ᠳᠡᠭᠡᠳᠤ ᠰᠤᠷᠭᠠᠭᠤᠯᠢ ᠳᠤ ᠢᠨᠠᠭ ᠳᠤᠷᠠᠯᠠᠯ ᠤᠨ ᠮᠦᠨ ᠴᠢᠨᠠᠷ᠂ ᠬᠠᠨᠢ ᠰᠤᠩᠭᠤᠬᠤ ᠪᠠᠷᠢᠮᠵᠢᠶ᠎ᠠ᠂ ᠢᠨᠠᠭ ᠳᠤᠷᠠᠯᠠᠯ ᠪᠠ ᠤᠷᠤᠭ ᠤᠨ ᠬᠠᠷᠢᠴᠠᠭ᠎ᠠ᠂ ᠤᠷᠤᠭ ᠤᠨ ᠶᠣᠰᠤ ᠰᠤᠷᠲᠠᠬᠤᠨ ᠪᠣᠯᠤᠨ ᠬᠠᠷᠢᠭᠤᠴᠠᠯᠭ᠎ᠠ ᠵᠡᠷᠭᠡ ᠰᠡᠳᠤᠪ ᠢᠶᠠᠷ ᠭᠦᠨᠵᠡᠭᠡᠢ ᠶᠠᠷᠢᠯᠴᠠᠭ᠎ᠠ ᠬᠢᠵᠤ᠂ ᠤᠷᠤᠭᠯᠠᠭᠰᠠᠨ ᠬᠤᠶᠠᠷ ᠲᠤ ᠬᠤᠣᠰ ᠲᠠᠯ᠎ᠠ ᠶᠢᠨ ᠪᠠᠶᠢᠴᠠᠭᠠᠯᠲᠠ ᠬᠢᠬᠦ ᠪᠠᠷ ᠳᠠᠮᠵᠢᠨ᠂  ᠤᠷᠤᠠᠠᠯᠠᠭᠠᠤᠨ ᠭᠤᠴᠢᠨ ᠵᠢᠯ ᠪᠤᠯᠤᠠᠠᠰᠠᠨ ᠭᠡᠷ ᠪᠦᠯᠢ ᠶᠢᠨ ᠠᠮᠢᠳᠤᠷᠠᠯ ᠢ ᠮᠦᠷᠳᠡᠨ᠂ ᠵᠤᠯ ᠵᠢᠷᠭᠠᠯ ᠤᠨ ᠵᠢᠭᠠᠯᠲᠠ ᠲᠤᠭ᠎ᠠ ᠶᠢ ᠣᠯᠬᠤ ᠠᠵᠢᠯᠯᠠᠭ᠎ᠠ ᠦᠷᠨᠢᠭᠦᠯᠪᠡ᠃ ᠪᠠᠶᠢᠴᠠᠭᠠᠯᠲᠠ ᠶᠢᠨ ᠦᠷ᠎ᠡ ᠳ᠋ᠦᠩ ᠢ ᠳᠤᠰᠬᠠᠢ ᠪᠦᠯᠬᠦᠮ ᠢᠶᠠᠷ ᠵᠠᠳᠠᠯᠤᠨ ᠰᠤᠳᠤᠯᠤᠭᠤᠯᠵᠤ  ᠂ ︿︿ᠤᠷᠤᠭ ᠤᠨ ᠬᠢᠮᠤᠷᠠᠯ ᠳᠤ ᠭᠠᠷ ᠳᠦᠷᠤᠬᠦ ᠪᠠ ᠤᠷᠤᠭ ᠳᠠᠩᠰᠠᠯᠠᠬᠤ ᠶᠢ ᠨᠡᠶᠢᠬᠡᠮᠴᠢᠯᠡᠬᠦ ᠠᠵᠢᠯ ᠢ ᠠᠰᠢᠭᠲᠠᠢ ᠪᠠᠷ ᠠᠬᠢᠭᠤᠯᠬᠤ ᠰᠦᠪᠡᠭᠴᠢᠯᠡᠯᠲᠡ ᠶᠢᠨ ᠲᠤᠬᠠᠢ ᠮᠡᠳᠡᠭᠦᠯᠤᠯᠲᠡ﹀﹀ ᠶᠢ ᠲᠣᠭᠤᠷᠪᠢᠨ ᠪᠢᠴᠢᠵᠠᠢ᠃
 
ᠢᠷᠡᠯᠲᠡ᠄ ᠠᠷᠠᠳ ᠤᠨ ᠶᠠᠪᠤᠳᠠᠯ ᠤᠨ ᠲᠢᠩᠬᠢᠮ ᠤᠨ ᠬᠢᠲᠠᠳ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号