| | ᠤᠷᠠᠨᠰᠡᠴᠡᠨ ᠰᠢᠯᠢ ᠶᠢᠨ ᠭᠤᠣᠯ ᠤᠨ ᠲᠠᠯ᠎ᠠ ᠨᠤᠲᠤᠭ ᠲᠤ ᠵᠠᠶᠠᠭᠠᠵᠣ᠂ ᠣᠨᠠᠭᠠᠨ ᠨᠠᠰᠣᠨ ᠠᠴᠠ ᠪᠠᠨ | ᠮᠠᠯᠴᠢᠨ ᠬᠦᠮᠦᠨ ᠤ ᠠᠰᠪᠤᠷ ᠴᠠᠶᠢᠯᠭᠠᠨ᠂ ᠡᠭᠡᠯ ᠪᠣᠷᠣᠭᠵᠢᠭᠤᠨ᠂ ᠠᠵᠢᠯᠴᠢ ᠬᠦᠳᠡᠯᠮᠦᠷᠢᠴᠢ᠂ ᠡᠨᠡᠷᠢᠭᠬᠦᠢ ᠵᠠᠩ | ᠠᠷᠠᠨᠰᠢᠨ ᠢ ᠦᠪᠯᠡᠭᠰᠡᠨ ᠶᠤᠮ᠃ ᠲᠡᠷᠡ ᠪᠠᠷ 2005 ᠣᠨ ᠠᠴᠠ ᠰᠢᠯᠢ ᠶᠢᠨ ᠭᠤᠣᠯ ᠠᠶᠢᠮᠠᠭ ᠤᠨ ᠬᠡᠦᠭᠡᠳ ᠤᠨ | ᠠᠰᠠᠷᠠᠮᠵᠢ ᠶᠢᠨ ᠬᠦᠷᠢᠶᠡᠯᠡᠩ ᠳᠤ ᠠᠵᠢᠯ ᠤᠨ ᠭᠠᠷᠤᠭ᠎ᠠ ᠪᠠᠨ ᠠᠪᠣᠭᠰᠠᠨ ᠠᠴᠠ ᠨᠠᠭᠠᠰᠢ᠂ ᠦᠨᠦᠴᠢᠨ ᠦᠷᠦᠭᠡᠰᠦᠨ | ᠡᠷᠡᠮᠳᠡᠭ ᠵᠡᠷᠡᠮᠳᠡᠭ ᠬᠡᠦᠭᠡᠳ ᠪᠦᠬᠦᠨ ᠢ ᠬᠠᠶᠢᠷ᠎ᠠ ᠪᠠᠷ ᠢᠶᠠᠨ ᠳᠣᠯᠠᠭᠠᠯᠠᠵᠣ᠂ ᠴᠢᠩ ᠬᠠᠶᠢᠷ᠎ᠠ ᠪᠠᠷ ᠢᠶᠠᠨ ᠲᠡᠳᠡᠨ ᠢ ᠪᠠᠨ | ᠬᠠᠯᠠᠮᠵᠢᠯᠠᠵᠣ ᠢᠷᠡᠵᠡᠢ᠃ ᠡᠶᠢᠨ ᠬᠦ᠂ ᠡᠩ ᠤᠨ ᠠᠷᠠᠳ ᠤᠨ ᠶᠠᠪᠣᠳᠠᠯ ᠤᠨ ᠠᠵᠢᠯᠲᠠᠨ ᠠᠴᠠ ᠪᠠᠨ ᠳᠡᠪᠰᠢᠭᠡᠳ᠂ | ᠰᠢᠯᠢ ᠶᠢᠨ ᠭᠤᠣᠯ ᠠᠶᠢᠮᠠᠭ ᠤᠨ ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠤᠨ ᠨᠠᠮ ᠤᠨ ᠡᠭᠦᠷ ᠤᠨ ᠳᠡᠳ᠋ | ᠱᠦᠵᠢ᠂ ᠠᠯᠪᠠᠨ ᠭᠡᠷ ᠤᠨ ᠡᠷᠬᠢᠯᠡᠭᠴᠢ ᠪᠣᠯᠪᠠ᠃ ᠣᠷᠠᠨᠰᠡᠴᠡᠨ ᠢᠮᠠᠭᠲᠠ ᠬᠦᠮᠦᠨ ᠢᠶᠠᠷ ᠦᠨᠳᠦᠰᠦ ᠪᠣᠯᠭᠠᠵᠣ᠂ | ᠠᠷᠠᠳ ᠤᠨ ᠬᠦᠴᠢᠷᠳᠡᠯ ᠢ ᠰᠢᠢᠳᠪᠦᠷᠢᠯᠡᠵᠦ᠂ ᠠᠷᠠᠳ ᠲᠤ ᠦᠢᠯᠡᠴᠢᠯᠡᠬᠦ ᠣᠬᠠᠪᠣᠷᠢ ᠶᠢ ᠪᠠᠷᠢᠮᠲᠠᠯᠠᠵᠣ᠂ ᠬᠡᠦᠭᠡᠳ ᠤᠨ | ᠠᠰᠠᠷᠠᠮᠵᠢ ᠶᠢᠨ ᠠᠵᠢᠯ ᠦᠢᠯᠡᠰ ᠲᠤ ᠪᠠᠨ《 ᠠᠯᠢᠪᠠ ᠪᠦᠬᠦᠨ ᠬᠡᠦᠭᠡᠳ ᠤᠨ ᠲᠦᠯᠦᠭᠡ᠂ ᠬᠡᠦᠭᠡᠳ ᠤᠨ ᠠᠯᠢᠪᠠ | ᠪᠦᠬᠦᠨ ᠤ ᠲᠦᠯᠦᠭᠡ》 ᠭᠡᠮᠡᠬᠦ ᠵᠣᠷᠢᠯᠲᠠ ᠪᠠᠨ ᠦᠢᠯᠡᠳᠦᠯᠭᠡᠵᠢᠭᠦᠯᠦᠨ᠂ ᠡᠯ᠎ᠡ ᠲᠦᠷᠦᠯ ᠤᠨ ᠠᠵᠢᠯ ᠢᠶᠠᠨ ᠨᠠᠷᠢᠨ | ᠨᠢᠮᠪᠠᠢ ᠭᠠᠷᠳᠠᠨ ᠬᠢᠵᠦ᠂ ᠬᠡᠦᠭᠡᠳ ᠤᠨ ᠢᠳᠡᠵᠦ ᠡᠮᠦᠰᠬᠦ ᠶᠠᠪᠣᠵᠣ ᠰᠠᠭᠤᠬᠤ᠂ ᠬᠦᠷᠢᠶᠡᠯᠡᠩ ᠤᠨ ᠠᠯᠪᠠᠨ ᠭᠡᠷ ᠤᠨ | ᠠᠵᠢᠯ᠂ ᠨᠠᠮ ᠤᠨ ᠡᠭᠦᠷ ᠤᠨ ᠢᠶᠠᠨ ᠣᠠᠬᠠᠭᠤᠯᠭᠠ ᠪᠠ ᠵᠣᠬᠢᠶᠠᠨ ᠪᠠᠶᠢᠭᠤᠯᠬᠤ ᠠᠵᠢᠯ ᠭᠡᠰᠡᠨ ᠦᠬᠡᠢ ᠪᠦᠷ | ᠯᠠᠪᠳᠠᠭᠤᠨ ᠬᠢᠨᠠᠭᠤᠷ ᠡᠷᠬᠢᠯᠡᠨ ᠭᠦᠢᠴᠡᠳᠭᠡᠭᠰᠡᠭᠡᠷ ᠢᠷᠡᠪᠡ᠃ | ᠰᠢᠯᠢ ᠶᠢᠨ ᠭᠤᠣᠯ ᠠᠶᠢᠮᠠᠭ ᠤᠨ ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠨᠢ2005ᠣᠨ ᠳᠤ | ᠪᠠᠶᠢᠭᠤᠯᠣᠭᠳᠠᠵᠣ᠂ ᠡᠬᠢᠨ ᠳᠤ ᠪᠠᠨ ᠦᠨᠦᠴᠢᠨ ᠵᠡᠮᠳᠡᠭ ᠬᠡᠦᠭᠡᠳ ᠣᠯᠠᠨ ᠴᠦ ᠠᠵᠢᠯᠲᠠᠳ ᠨᠢ ᠴᠦᠬᠡᠨ᠂ | ᠳᠦᠷᠢᠮ ᠳᠣᠭᠲᠠᠭᠠᠯ ᠨᠢ ᠬᠠᠷᠠᠬᠠᠨ ᠲᠡᠭᠦᠯᠳᠡᠷᠵᠢᠭᠡ ᠦᠬᠡᠢ᠂ ᠠᠵᠢᠯ ᠶᠡᠬᠡᠳᠡᠢ ᠪᠠᠶᠢᠭᠰᠠᠨ ᠲᠤᠯᠠ᠂ ᠣᠷᠠᠨᠰᠠᠴᠡᠨ | ᠬᠦᠷᠢᠶᠡᠯᠡᠩ ᠤᠨ ᠢᠶᠠᠨ ᠶᠡᠬᠡᠩᠬᠢ ᠠᠵᠢᠯ ᠢ ᠭᠠᠭᠴᠠᠭᠠᠷ ᠡᠭᠦᠷᠭᠡᠯᠡᠵᠦ᠂ ᠳᠦᠷᠢᠮ ᠲᠣᠭᠳᠠᠭᠠᠯ ᠳᠣᠭᠲᠠᠭᠠᠬᠤ ᠠᠴᠠ | ᠠᠪᠣᠭᠠᠳ ᠬᠡᠦᠭᠡᠳ ᠤᠨ ᠢᠳᠡᠵᠦ ᠡᠮᠦᠰᠬᠦ ᠶᠠᠪᠣᠵᠣ ᠰᠠᠭᠤᠬᠤ ᠬᠦᠷᠳᠡᠯᠡᠬᠢ ᠠᠵᠢᠯ ᠪᠣᠯᠭᠠᠨ ᠳᠤ ᠮᠠᠬᠠᠷᠠᠨ | ᠵᠢᠳᠭᠦᠭᠰᠡᠨ ᠠᠵᠢ᠃ ᠠᠵᠢᠯ ᠤᠨ ᠡᠭᠦᠷᠭᠡ ᠳᠠᠷᠣᠭᠠᠰᠣ ᠬᠦᠨᠳᠦ ᠪᠠᠶᠢᠭᠰᠠᠨ ᠴᠦ ᠲᠡᠷᠡ ᠠᠯᠳᠠᠭ᠎ᠠ ᠶᠡᠷᠦ ᠭᠠᠷᠭᠠᠭ᠎ᠠ | ᠦᠬᠡᠢ ᠃ ᠲᠡᠷᠡ ᠪᠠᠷ ᠮᠦᠨ ᠷᠢᠳᠢ ᠰᠢᠳᠢᠲᠡᠨ ᠴᠦ ᠪᠢᠰᠢ᠂ ᠬᠠᠷᠢᠨ ᠦᠪᠡᠷ ᠤᠨ ᠠᠮᠣᠰᠬᠢᠬᠦ᠂ ᠠᠵᠢᠯ ᠠᠴᠠ ᠪᠠᠨ | ᠪᠠᠭᠤᠬᠤ ᠴᠠᠭ ᠢᠶᠠᠨ ᠠᠵᠢᠯ ᠳᠤ ᠪᠠᠨ ᠦᠷᠡᠭᠡᠵᠦ᠂ ᠦᠨᠡᠨ ᠰᠡᠳᠭᠢᠯ ᠠᠴᠠ ᠪᠠᠨ ᠬᠡᠦᠭᠡᠳ ᠲᠤ ᠪᠠᠨ ᠦᠢᠯᠡᠴᠢᠯᠡᠵᠦ | ᠂ ᠨᠡᠩ ᠣᠯᠠᠨ ᠬᠦᠮᠦᠨ ᠢ ᠳᠠᠶᠢᠴᠢᠯᠠᠨ ᠬᠡᠦᠭᠡᠳ ᠤᠨ ᠠᠰᠠᠷᠠᠮᠵᠢ ᠶᠢᠨ ᠠᠵᠢᠯ ᠦᠢᠯᠡᠰ ᠢ ᠬᠠᠯᠠᠮᠵᠢᠯᠠᠭᠤᠯᠣᠨ᠂ | ᠢᠳᠡᠪᠬᠢᠯᠡᠨ ᠣᠷᠣᠯᠴᠠᠭᠤᠯᠭᠰᠠᠨ ᠪᠠᠶᠢᠨ᠎ᠠ᠃ | ᠲᠡᠷᠡ ᠠᠷᠪᠠᠨ ᠲᠠᠪᠤᠨ ᠵᠢᠯ ᠤᠨ ᠲᠣᠷᠰᠢᠳᠠ ᠶᠡᠭᠡ ᠪᠠᠭ᠎ᠠ ᠣᠯᠠᠨ ᠠᠵᠢᠯ ᠳᠤ ᠵᠢᠳᠬᠦᠪᠡ ᠃ ᠰᠢᠯᠢ ᠶᠢᠨ | ᠭᠤᠣᠯ ᠠᠶᠢᠮᠠᠭ ᠤᠨ ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠤᠨ ᠦᠷᠨᠢᠭᠦᠯᠦᠭᠰᠡᠨ ᠨᠠᠮ ᠤᠨ ᠬᠡᠰᠢᠭᠦᠨ ᠤ | ᠬᠠᠪᠰᠣᠷᠣᠨ ᠲᠡᠳᠭᠦᠬᠦ ᠠᠵᠢᠯᠯᠠᠭᠠᠨ ᠳᠣᠮᠳᠠ ᠲᠡᠭᠦᠨ ᠤ ᠬᠠᠪᠰᠣᠷᠣᠨ ᠲᠡᠳᠭᠦᠬᠦ ᠬᠦᠮᠦᠨ ᠨᠢ ᠨᠢᠭᠡᠨ ᠮᠣᠩᠭᠤᠯ | ᠬᠡᠦᠭᠡᠳ ᠪᠠᠶᠢᠵᠣ᠂ ᠬᠡᠦᠭᠡᠳ ᠤᠨ ᠠᠪᠤ ᠨᠢ ᠵᠢᠯ ᠲᠣᠵᠢ ᠠᠷᠢᠬᠢᠨ ᠳᠤ ᠣᠨᠠᠵᠣ᠂ ᠠᠷᠢᠬᠢ ᠪᠠᠨ ᠣᠣᠭᠤᠪᠠᠯ | ᠭᠡᠷ ᠤᠨ ᠬᠦᠮᠦᠰ ᠢᠶᠠᠨ ᠡᠯᠳᠡᠵᠦ ᠵᠣᠳᠣᠳᠠᠭ ᠠᠴᠠ ᠬᠡᠦᠭᠡᠳ ᠤᠨ ᠡᠵᠢ ᠨᠢ ᠭᠡᠷ ᠠᠴᠠ ᠪᠠᠨ ᠵᠠᠶᠢᠯᠠᠵᠣ ᠶᠠᠪᠣᠭᠠᠳ | ᠪᠠᠷ᠎ᠠ ᠲᠠᠰᠣ ᠪᠣᠯᠵᠤ᠂ ᠠᠪᠤ ᠶᠢᠨ ᠬᠢ ᠨᠢ ᠦᠢᠯᠡ ᠬᠢᠲᠡᠯ ᠨᠢ ᠬᠡᠦᠭᠡᠳ ᠤᠨ ᠵᠠᠩ ᠠᠷᠠᠨᠰᠢᠨ ᠢ ᠴᠦ ᠬᠠᠷᠠᠲᠠᠢ | ᠨᠦᠯᠦᠭᠡᠯᠡᠵᠦ᠂ ᠲᠡᠷᠡ ᠬᠡᠦᠭᠡᠳ ᠬᠡᠳᠡᠷ ᠲᠣᠭᠰᠢᠨ ᠠᠭᠠᠰᠢ ᠲᠠᠢ᠂ ᠠᠭᠤᠷᠯᠠᠬᠤ ᠳᠣᠷᠠᠳᠠᠢ᠂ ᠦᠷᠦᠭᠡᠯ ᠢ ᠴᠣᠬᠢᠵᠣ | ᠵᠣᠳᠣᠳᠠᠭ᠂ ᠰᠣᠷᠣᠯᠴᠠᠬᠤ ᠳᠤᠷ᠎ᠠ ᠪᠠᠷ ᠠᠨᠠᠢ᠂ ᠬᠤᠳᠠᠯ ᠬᠡᠯᠡᠵᠦ ᠬᠤᠯᠣ ᠳᠡᠯᠡᠰᠳᠡᠭ ᠪᠠᠶᠢᠵᠣ᠂ | ᠬᠦᠷᠢᠶᠡᠯᠡᠩ ᠤᠨ ᠢᠶᠠᠨ《 ᠬᠦᠴᠢᠷ ᠨᠦᠮᠵᠦᠭ ᠠᠰᠠᠭᠤᠳᠠᠯ》 ᠪᠣᠯᠪᠠ᠃ ᠣᠷᠠᠨᠰᠠᠴᠡᠨ ᠣᠯᠠᠨᠲᠠ ᠲᠡᠭᠦᠨ ᠢ ᠡᠷᠢᠵᠦ | ᠰᠡᠳᠭᠢᠯ ᠤᠨ ᠵᠣᠭᠤᠭ ᠳᠡᠯᠭᠡᠨ᠂ ᠡᠨᠡᠷᠢᠩᠭᠦᠢ ᠬᠠᠶᠢᠷ᠎ᠠ ᠪᠣᠯᠣᠨ ᠭᠦᠨ ᠲᠡᠪᠴᠢᠶᠡᠷᠢ ᠪᠠᠷ ᠢᠶᠠᠨ ᠲᠡᠭᠦᠨ ᠢ ᠳᠣᠯᠠᠭᠠᠯᠠᠵᠣ | ᠂ ᠠᠮᠢᠳᠣᠷᠠᠯ ᠤᠨ ᠵᠢᠵᠢᠭ ᠰᠠᠵᠢᠭ ᠣᠴᠢᠷ ᠠᠴᠠ ᠭᠠᠷᠳᠠᠨ ᠲᠡᠭᠦᠨ ᠢ ᠬᠠᠯᠠᠮᠵᠢᠯᠠᠵᠣ᠂ ᠦᠷᠭᠦᠯᠵᠢᠲᠡ | ᠰᠣᠷᠭᠠᠭᠤᠯᠢ ᠶᠢᠨ ᠪᠠᠭᠰᠢ ᠨᠠᠷ ᠲᠠᠢ ᠨᠢ ᠶᠠᠷᠢᠯᠴᠠᠨ᠂ ᠲᠡᠭᠦᠨ ᠤ ᠰᠣᠷᠭᠠᠭᠤᠯᠢ ᠳᠤ ᠬᠢ ᠢᠯᠡᠷᠡᠯ ᠪᠠ | ᠰᠣᠷᠣᠯᠭ᠎ᠠ ᠶᠢᠨ ᠬᠢᠷᠢ ᠪᠦᠲᠦᠮᠵᠢ ᠶᠢ ᠨᠢ ᠠᠩᠬᠠᠷᠣᠨ ᠯᠠᠪᠯᠠᠳᠠᠭ᠃ ᠬᠤᠶᠠᠷ ᠵᠢᠯ ᠭᠠᠷᠣᠢ ᠶᠢᠨ ᠴᠢᠷᠮᠠᠶᠢᠯᠭ᠎ᠠ ᠪᠠᠷ | ᠳᠠᠮᠵᠢᠨ᠂ ᠣᠯᠠᠨ ᠢᠶᠠᠷ ᠢᠶᠠᠨ ᠠᠭᠠᠵᠢᠮ ᠳᠤ ᠪᠠᠨ᠂ ᠲᠡᠷᠡ ᠬᠡᠦᠭᠡᠳ ᠬᠦᠮᠦᠨ ᠤ ᠥᠭᠡᠳᠡ ᠢᠨᠢᠶᠡᠪᠬᠢᠯᠡᠵᠦ᠂ | ᠬᠦᠷᠢᠶᠡᠯᠡᠩ ᠤᠨ ᠢᠶᠠᠨ ᠪᠣᠰᠣᠳ ᠬᠡᠦᠭᠡᠳ ᠢ ᠴᠦ ᠬᠠᠪᠰᠣᠷᠳᠠᠭ ᠂ ᠵᠠᠩ ᠠᠭᠠᠰᠢ ᠨᠢ ᠴᠦ ᠳᠠᠷᠣᠣ ᠵᠦᠭᠡᠯᠡᠨ | ᠪᠣᠯᠵᠤ᠂ ᠬᠡᠦᠬᠡᠳ ᠤᠳ ᠲᠡᠭᠦᠨ ᠲᠠᠢ ᠨᠠᠭᠠᠳᠬᠤ ᠳᠣᠷᠠᠲᠠᠢ ᠪᠣᠯᠣᠭᠰᠠᠨ ᠢ ᠣᠯᠵᠣ ᠮᠡᠳᠡᠯ᠎ᠡ᠃ ᠡᠨᠡ ᠬᠡᠦᠭᠡᠳ ᠤᠨ | ᠬᠤᠪᠢᠷᠠᠯᠳᠠ ᠳᠠᠪᠰᠢᠯᠳᠠ ᠨᠢ ᠣᠷᠠᠨᠰᠡᠴᠡᠨ ᠤ ᠰᠢᠷᠭᠠᠭᠤ ᠴᠢᠷᠮᠠᠶᠢᠯᠭ᠎ᠠ ᠶᠢᠨ ᠦᠷ᠎ᠡ ᠪᠦᠳᠦᠭᠡᠯ ᠪᠣᠯᠬᠤ ᠪᠢᠯᠡ᠃ | ᠣᠷᠠᠨᠰᠡᠴᠡᠨ ᠠᠷᠪᠠᠨ ᠬᠡᠳᠦᠨ ᠵᠢᠯ ᠠᠵᠢᠯ ᠳᠤ ᠪᠠᠨ ᠨᠠᠷᠢᠨ ᠨᠢᠮᠪᠠᠢ ᠬᠠᠨᠳᠣᠨ᠂ ᠡᠭᠦᠷᠭᠡ ᠬᠠᠷᠢᠭᠤᠴᠠᠯᠭ᠎ᠠ᠂ | ᠡᠨᠡᠷᠢᠩᠭᠦᠢ ᠬᠠᠶᠢᠷ᠎ᠠ ᠪᠠᠨ ᠦᠢᠯᠡᠰ ᠲᠤ ᠪᠠᠨ ᠶᠡᠭᠦᠯᠡᠭᠰᠡᠨ ᠶᠤᠮ᠃ | 2020 ᠣᠨ ᠤ ᠴᠠᠭᠠᠨ ᠰᠠᠷ᠎ᠠ ᠠᠴᠠ ᠭᠡᠨᠡᠳᠲᠡ ᠪᠠᠷ ᠡᠭᠦᠰᠦᠭᠰᠡᠨ ᠰᠢᠨ᠎ᠡ ᠲᠢᠳᠢᠮᠯᠢᠭ ᠠᠭᠤᠰᠬᠢᠨ | ᠥᠷᠪᠢᠰᠦᠯ ᠤᠨ ᠬᠢᠵᠢᠭ ᠰᠠᠷ᠎ᠠ ᠰᠢᠨ᠎ᠡ ᠶᠢᠨ ᠪᠠᠶᠠᠷ ᠨᠠᠶᠢᠷ ᠢ ᠰᠠᠨᠳᠠᠭᠠᠵᠣ᠂ ᠴᠠᠭᠠᠨ ᠰᠠᠷ᠎ᠠ ᠶᠢᠨ ᠰᠢᠨ᠎ᠡ ᠶᠢᠨ | ᠬᠤᠶᠠᠷ ᠠᠴᠠ ᠣᠷᠠᠨᠰᠡᠴᠡᠨ ᠳᠠᠷᠣᠢ ᠠᠵᠢᠯ ᠳᠤ ᠪᠠᠨ ᠭᠠᠷᠴᠣ᠂ ᠬᠦᠷᠢᠶᠡᠯᠡᠩ ᠤᠨ ᠢᠶᠠᠨ ᠦᠨᠦᠴᠢᠨ ᠵᠡᠮᠳᠡᠭ | ᠬᠡᠦᠭᠡᠳ ᠤᠨ ᠢᠶᠠᠨ ᠲᠦᠯᠦᠭᠡ ᠰᠡᠳᠭᠢᠯ ᠠᠯᠭᠠᠰᠠᠨ ᠪᠠᠶᠢᠵᠣ᠂《ᠰᠢᠯᠢ ᠶᠢᠨ ᠭᠤᠣᠯ ᠠᠶᠢᠮᠠᠭ ᠤᠨ ᠬᠡᠦᠭᠡᠳ ᠤᠨ | ᠠᠰᠠᠷᠠᠮᠵᠢ ᠶᠢᠨ ᠬᠦᠷᠢᠶᠡᠯᠡᠩ ᠤᠨ ᠰᠢᠨ᠎ᠡ ᠲᠢᠳᠢᠮᠯᠢᠭ ᠠᠭᠤᠰᠬᠢᠨ ᠥᠷᠪᠢᠰᠦᠯ ᠤᠨ ᠬᠢᠵᠢᠭ ᠢ ᠰᠡᠷᠭᠡᠶᠢᠯᠡᠨ | ᠡᠷᠬᠡᠰᠢᠶᠡᠬᠦ ᠠᠵᠢᠯ ᠢᠶᠠᠨ ᠦᠷᠨᠢᠭᠦᠯᠦᠶᠢᠭᠰᠡᠨ ᠪᠠᠶᠢᠳᠠᠯ ᠵᠢᠴᠢ ᠪᠠᠴᠢᠮ ᠪᠠᠶᠢᠳᠠᠯ ᠢ ᠠᠷᠭᠠᠴᠠᠭᠠᠬᠤ ᠲᠦᠰᠦᠪ》᠂ | 《ᠰᠢᠯᠢ ᠶᠢᠨ ᠭᠤᠣᠯ ᠠᠶᠢᠮᠠᠭ ᠤᠨ ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠤᠨ ᠰᠢᠨ᠎ᠡ ᠲᠢᠳᠢᠮᠯᠢᠭ | ᠠᠭᠤᠰᠬᠢᠨ ᠥᠷᠪᠢᠰᠦᠯ ᠤᠨ ᠬᠢᠵᠢᠭ ᠢ ᠰᠡᠷᠭᠡᠶᠢᠯᠡᠨ ᠡᠷᠬᠡᠰᠢᠶᠡᠬᠦ ᠠᠵᠢᠯ ᠤᠨ ᠳᠦᠷᠢᠮᠵᠢᠯ》 ᠢ ᠳᠠᠷᠣᠶᠢᠬᠠᠨ | ᠳᠣᠭᠳᠠᠭᠠᠵᠣ᠂ ᠬᠦᠷᠢᠶᠡᠯᠡᠩ ᠤᠨ ᠦᠨᠦᠴᠢᠨ ᠵᠡᠮᠳᠡᠭ ᠬᠡᠦᠭᠡᠳ ᠪᠣᠯᠣᠨ ᠠᠵᠢᠯᠲᠠᠳ ᠲᠤ ᠪᠠᠨ ᠴᠠᠭ ᠲᠣᠬᠠᠢ ᠳᠤ | ᠨᠢ ᠬᠢᠵᠢᠭ ᠠᠴᠠ ᠰᠡᠷᠭᠡᠶᠢᠯᠡᠬᠦ ᠡᠳ᠋ ᠪᠣᠳᠠᠰ ᠢ ᠬᠤᠳᠠᠯᠳᠣᠨ ᠠᠪᠴᠣ ᠦᠭᠭᠦᠭᠡᠳ᠂ ᠬᠦᠷᠢᠶᠡᠯᠡᠩ ᠤᠨ ᠪᠦᠬᠦ | ᠠᠵᠢᠯᠲᠠᠨ ᠪᠠ ᠬᠡᠦᠭᠡᠳ ᠤᠳ ᠤᠨ ᠢᠶᠠᠨ ᠡᠷᠡᠭᠦᠯ ᠮᠡᠨᠳᠦ ᠶᠢᠨ ᠪᠠᠶᠢᠳᠠᠯ ᠢ ᠡᠳᠦᠷ ᠪᠦᠷᠢ ᠪᠦᠷᠢᠳᠭᠡᠨ᠂ | ᠲᠣᠰᠠᠭᠠᠷᠯᠠᠭᠤᠯᠬᠤ ᠠᠵᠢᠯ ᠢᠶᠠᠨ ᠡᠮᠬᠢ ᠴᠡᠭᠴᠡ ᠲᠠᠢ ᠶᠠᠪᠣᠭᠳᠠᠭᠤᠯᠵᠣ᠂ ᠪᠠᠶᠢᠭᠤᠯᠭ᠎ᠠ ᠶᠢᠨ ᠳᠣᠲᠣᠨ᠎ᠠ ᠭᠠᠳᠠᠨ᠎ᠠ | ᠭᠡᠰᠡᠨ ᠦᠬᠡᠢ ᠬᠢᠵᠢᠭ ᠢ ᠰᠡᠷᠭᠡᠶᠢᠯᠡᠨ ᠡᠷᠬᠡᠰᠢᠶᠡᠬᠦ ᠬᠦᠮᠦᠵᠢᠯ ᠬᠢᠬᠦ ᠪᠠ ᠣᠬᠠᠭᠤᠯᠭ᠎ᠠ ᠶᠢᠨ ᠠᠵᠢᠯ ᠢᠶᠠᠨ ᠳᠦᠢᠳᠡᠢ | ᠰᠠᠶᠢᠬᠠᠨ ᠬᠢᠭᠰᠡᠨ ᠪᠠᠶᠢᠯ᠎ᠠ᠃ ᠮᠦᠨ ᠴᠦ ᠠᠶᠢᠮᠠᠭ ᠤᠨ ᠠᠷᠠᠳ ᠤᠨ ᠶᠠᠪᠣᠳᠠᠯ ᠤᠨ ᠲᠣᠪᠴᠢᠶ᠎ᠠ ᠠᠴᠠ | ᠲᠣᠬᠢᠷᠠᠭᠤᠯᠣᠭᠰᠠᠨ ᠬᠠᠮᠲᠤᠷᠠᠨ ᠳᠠᠭᠠᠭᠠᠴᠢᠯᠠᠭᠰᠠᠨ ᠨᠡᠶᠢᠭᠡᠮ ᠲᠣᠭᠤᠷᠢᠭ ᠲᠤ ᠵᠢᠵᠢᠭᠦᠷᠯᠡᠬᠦ ᠠᠵᠢᠯ ᠢᠶᠠᠨ ᠬᠢᠯᠠᠯᠵᠠᠳᠠᠯ᠎ᠠ | ᠪᠡᠶᠡᠯᠡᠭᠦᠯᠪᠡ᠃ ᠬᠢᠵᠢᠭ ᠢ ᠰᠡᠷᠭᠡᠶᠢᠯᠡᠨ ᠡᠷᠬᠡᠰᠢᠶᠡᠬᠦ ᠬᠤᠭᠤᠴᠠᠭᠠᠨ ᠳᠤ ᠲᠡᠷᠡ ᠣᠯᠠᠨ ᠤ ᠲᠦᠯᠦᠭᠡ ᠭᠡᠷ ᠪᠦᠯᠢ ᠪᠠᠨ | ᠣᠮᠠᠷᠳᠠᠨ ᠠᠵᠢᠯᠯᠠᠵᠣ᠂ ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠤᠨ ᠡᠮᠦᠨ᠎ᠡ ᠹᠷᠣᠨᠲ ᠲᠤ ᠪᠠᠨ | ᠵᠢᠭᠰᠠᠭᠠᠯ ᠢᠶᠠᠨ ᠪᠠᠲᠤ ᠰᠠᠬᠢᠵᠣ᠂ ᠰᠢᠨ᠎ᠡ ᠲᠢᠳᠢᠮᠯᠢᠭ ᠠᠭᠤᠰᠬᠢᠨ ᠥᠷᠪᠢᠰᠦᠯ ᠤᠨ ᠬᠢᠵᠢᠭ ᠲᠠᠢ ᠲᠡᠮᠡᠴᠡᠬᠦ ᠳᠤ | ᠬᠦᠴᠦᠨ ᠴᠢᠳᠠᠯ ᠢᠶᠠᠨ ᠬᠠᠷᠠᠮ ᠦᠬᠡᠢ ᠬᠠᠨᠳᠢᠪᠯᠠᠭᠰᠠᠨ ᠪᠢᠯᠡ᠃ | ᠲᠡᠷᠡ ᠶᠡᠷᠦ ᠶᠢᠨ ᠴᠠᠭ ᠲᠤ ᠪᠠᠨ ᠰᠣᠷᠣᠯᠴᠠᠯᠭ᠎ᠠ ᠪᠠᠨ ᠴᠢᠩᠭ᠎ᠠ ᠠᠳᠬᠤᠨ᠂ ᠲᠣᠬᠠᠶᠢᠯᠠᠭᠰᠠᠨ ᠠᠵᠢᠯ ᠲᠠᠢ ᠪᠠᠨ | ᠣᠶᠠᠯᠳᠣᠭᠤᠯᠣᠨ ᠪᠦᠬᠦ ᠣᠯᠣᠰ ᠤᠨ ᠨᠡᠶᠢᠭᠡᠮ ᠤᠨ ᠠᠵᠢᠯᠲᠠᠨ ᠤ ᠰᠢᠯᠭᠠᠯᠲᠠ ᠳᠤ ᠢᠳᠡᠪᠬᠢᠲᠡᠢ ᠣᠷᠣᠯᠴᠠᠵᠣ᠂ | ᠠᠵᠢᠯ ᠤᠨ ᠴᠢᠳᠠᠪᠣᠷᠢ ᠪᠣᠯᠣᠨ ᠲᠣᠰᠬᠠᠢ ᠮᠡᠷᠭᠡᠵᠢᠯ ᠤᠨ ᠬᠢᠷᠢ ᠲᠦᠪᠰᠢᠨ ᠢᠶᠠᠨ ᠪᠠᠲᠣᠳᠬᠠᠨ ᠳᠡᠭᠡᠭᠰᠢᠯᠡᠭᠦᠯᠵᠦ᠂ | ᠥᠨᠦᠴᠢᠨ ᠵᠡᠮᠳᠡᠭ ᠬᠡᠦᠭᠡᠳ ᠤᠳ ᠤᠨ ᠡᠷᠡᠭᠦᠯ ᠮᠡᠨᠳᠦ ᠦᠰᠦᠨ ᠪᠣᠶᠢᠵᠢᠬᠤ ᠶᠢᠨ ᠲᠦᠯᠦᠭᠡᠨ᠎ᠡ ᠨᠡᠩ ᠰᠠᠶᠢᠬᠠᠨ | ᠦᠢᠯᠡᠴᠢᠯᠡᠭᠡ ᠬᠠᠩᠭᠠᠬᠤ ᠪᠠᠷ ᠴᠢᠷᠮᠠᠶᠢᠨ ᠵᠢᠳᠭᠦᠭᠰᠡᠨ ᠶᠤᠮ᠃ ᠬᠠᠮᠲᠣ ᠠᠵᠢᠯᠯᠠᠭᠴᠢ᠂ ᠨᠠᠶᠢᠵᠠ ᠨᠦᠬᠦᠳ᠂ | ᠭᠡᠷ ᠤᠨ ᠬᠦᠮᠦᠰ ᠤᠨ ᠢᠶᠠᠨ ᠭᠡᠭᠡᠨ ᠮᠡᠯᠮᠡᠢ ᠳᠤ᠂ ᠣᠷᠠᠨᠰᠡᠴᠡᠨ ᠠᠵᠢᠯ ᠦᠢᠯᠡᠰ ᠢᠶᠠᠨ ᠳᠡᠭᠡᠳᠦᠯᠡᠵᠦ᠂ | ᠦᠭᠬᠢᠶᠡᠮᠦᠷ ᠬᠠᠶᠢᠷ᠎ᠠ ᠪᠠᠨ ᠵᠣᠷᠢᠭᠤᠯᠳᠠᠭ᠂ ᠬᠦᠮᠦᠰ ᠤᠨ ᠰᠣᠷᠣᠯᠴᠠᠬᠤ ᠬᠡᠪ ᠳᠠᠭᠤᠷᠢᠶᠠᠯ ᠢᠶᠠᠷ ᠳᠣᠳᠣᠷᠠᠵᠣ | ᠪᠠᠶᠢᠳᠠᠭ᠃ | ᠡᠳᠡᠭᠡᠷ ᠴᠢᠷᠮᠠᠶᠢᠯᠭ᠎ᠠ ᠵᠢᠳᠬᠦᠯ ᠤᠨ ᠬᠠᠷᠢᠭᠤ ᠳᠤ᠂ ᠣᠷᠠᠨᠰᠡᠴᠡᠨ ᠨᠦᠬᠦᠷ 2006 ᠣᠨ᠂ 2010 ᠣᠨ | ᠳᠤ ᠲᠣᠰ ᠲᠣᠰ ᠵᠢᠯ ᠤᠨ ᠰᠢᠯᠢᠳᠡᠭ ᠠᠵᠢᠯᠲᠠᠨ ᠤ ᠢᠷᠠᠭᠤ ᠠᠯᠳᠠᠷ ᠤᠨ ᠴᠣᠯᠠ ᠶᠢ ᠬᠦᠷᠲᠡᠵᠦ᠂ 2017 ᠣᠨ | ᠳᠤ ᠰᠢᠯᠢ ᠶᠢᠨ ᠭᠤᠣᠯ ᠠᠶᠢᠮᠠᠭ ᠤᠨ ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠤᠨ ᠲᠡᠷᠢᠭᠦᠨ ᠤ | ᠠᠵᠢᠯᠲᠠᠨ ᠢᠶᠠᠷ ᠮᠢᠯᠢᠶᠠᠯᠭᠠᠨ᠂ 2017 ᠣᠨ ᠳᠤ《 ᠠᠷᠢᠭᠤᠨ ᠴᠢᠭᠴᠢ ᠲᠥᠪ ᠰᠣᠷᠲᠠᠯ ᠢ ᠭᠡᠷ ᠲᠤ ᠪᠠᠨ | ᠦᠪᠯᠡᠨ ᠣᠯᠠᠮᠵᠢᠯᠠᠬᠤ》 ᠠᠵᠢᠯᠯᠠᠭᠠᠨ ᠤ ᠬᠠᠮᠤᠭ ᠰᠠᠶᠢᠬᠠᠨ ᠭᠡᠷ ᠪᠦᠯᠢ ᠶᠢᠨ ᠴᠣᠯᠠ ᠶᠢ ᠬᠦᠷᠲᠡᠵᠦ᠂ 2018 | ᠣᠨ ᠳᠤ ᠠᠶᠢᠮᠠᠭ ᠤᠨ ᠠᠷᠠᠳ ᠤᠨ ᠶᠠᠪᠣᠳᠠᠯ ᠤᠨ ᠲᠣᠪᠴᠢᠶ᠎ᠠ ᠶᠢᠨ ᠪᠠᠶᠢᠭᠤᠯᠭ᠎ᠠ ᠶᠢᠨ ᠨᠠᠮ ᠤᠨ ᠬᠤᠷᠢᠶ᠎ᠠ ᠶᠢᠨ | ᠰᠢᠯᠢᠳᠡᠭ ᠨᠠᠮ ᠤᠨ ᠭᠡᠰᠢᠭᠦᠨ ᠢᠶᠠᠷ ᠦᠨᠡᠯᠡᠭᠳᠡᠨ᠂ 2019 ᠣᠨ ᠳᠤ ᠰᠢᠯᠢ ᠶᠢᠨ ᠭᠤᠣᠯ ᠠᠶᠢᠮᠠᠭ ᠤᠨ | ᠬᠡᠦᠭᠡᠳ ᠤᠨ ᠠᠰᠠᠷᠠᠮᠵᠢ ᠶᠢᠨ ᠬᠦᠷᠢᠶᠡᠯᠡᠩ ᠤᠨ ᠲᠡᠷᠢᠭᠦᠨ ᠤ ᠠᠵᠢᠯᠲᠠᠨ ᠢᠶᠠᠷ ᠮᠢᠯᠢᠶᠠᠯᠭᠠᠵᠣ᠂ 2020 ᠣᠨ | ᠳᠤ ᠪᠦᠬᠦ ᠠᠶᠢᠮᠠᠭ ᠤᠨ《 ᠲᠠᠪᠣᠨ ᠰᠠᠶᠢᠨᠲᠠᠢ ᠭᠡᠷ ᠪᠦᠯᠢ》 ᠶᠢᠨ ᠢᠷᠠᠭᠤ ᠠᠯᠳᠠᠷ ᠤᠨ ᠴᠣᠯᠠ ᠶᠢ ᠬᠦᠷᠲᠡᠪᠡ᠃ | ᠣᠷᠠᠨᠰᠡᠴᠡᠨ᠄《 ᠠᠷᠠᠳ ᠤᠨ ᠶᠠᠪᠣᠳᠠᠯ ᠤᠨ ᠠᠵᠢᠯᠳᠠᠨ ᠤ ᠬᠤᠪᠢ ᠳᠤ᠂ ᠪᠢ ᠠᠷᠠᠳ ᠤᠨ | ᠶᠠᠪᠣᠳᠠᠯ ᠤᠨ ᠠᠵᠢᠯ ᠢ ᠭᠡᠷᠡᠯᠲᠦ ᠵᠤᠯᠠ ᠪᠠᠷ ᠵᠦᠢᠷᠯᠡᠳᠡᠭ᠂ ᠳᠠᠷᠣᠢ ᠬᠠᠷᠠᠩᠭᠤᠢ ᠰᠦᠨᠢ ᠶᠢᠨ ᠠᠯᠢᠪᠠ ᠦᠨᠦᠴᠢᠨ | ᠰᠦᠭ ᠰᠦᠨᠡᠰᠦ ᠶᠢ ᠬᠡᠶᠢᠭᠦᠯᠳᠡᠭ ᠭᠡᠷᠡᠯᠳᠦ ᠵᠤᠯᠠ᠃ ᠪᠠ ᠶᠢᠨ ᠨᠠᠰᠣᠲᠠᠨ ᠤ ᠪᠢᠯᠢᠭ ᠤᠨ ᠵᠤᠯᠠ ᠨᠢ ᠡᠨᠡᠷᠢᠩᠭᠦᠢ | ᠮᠦᠰᠢᠶᠡᠳᠦ ᠪᠠᠷ ᠠᠮᠢᠳᠣᠷᠠᠯ ᠳᠤ ᠬᠠᠨᠳᠣᠬᠤ ᠶᠢ ᠬᠦᠮᠦᠨ ᠳᠤ ᠳᠠᠮᠵᠢᠭᠤᠯᠳᠠᠭ ᠪᠣᠯ᠂ ᠮᠠᠨ ᠤ ᠠᠷᠠᠳ ᠤᠨ | ᠶᠠᠪᠣᠳᠠᠯ ᠤᠨ ᠡᠨᠡ ᠬᠦ ᠭᠡᠷᠡᠯᠳᠦ ᠵᠤᠯᠠ ᠨᠡᠩ ᠭᠡᠭᠡᠨ ᠨᠡᠩ ᠳᠣᠯᠠᠭᠠᠨ ᠪᠠᠶᠢᠬᠤ ᠶᠣᠰᠣᠲᠠᠢ᠂ ᠪᠢ ᠡᠨᠡ ᠵᠤᠯᠠ ᠶᠢᠨ | ᠨᠢᠭᠡᠨ ᠪᠠᠳᠮ᠎ᠠ ᠨᠢ ᠪᠣᠯᠵᠤ᠂ ᠬᠦᠮᠦᠰ ᠲᠤ ᠠᠷᠠᠳ ᠤᠨ ᠶᠠᠪᠣᠳᠠᠯ ᠤᠨ ᠠᠵᠢᠯᠳᠠᠨ ᠤ ᠬᠦᠰᠡᠯ ᠵᠦᠩᠨᠡᠯ ᠢ | ᠳᠠᠮᠵᠢᠭᠤᠯᠵᠣ᠂ ᠡᠨᠡ ᠬᠦ ᠪᠣᠶᠠᠨᠲᠦ ᠦᠢᠯᠡᠰ ᠲᠤ ᠪᠠᠨ ᠵᠢᠳᠬᠦᠨᠡᠮ 》 ᠭᠡᠵᠦ ᠰᠡᠳᠭᠢᠯ ᠤᠨ ᠦᠭᠡ ᠪᠠᠨ | ᠶᠠᠷᠢᠭᠰᠠᠨ ᠪᠢᠯᠡ᠃ |