ᠵᠡᠮᠳᠡᠭᠴᠤᠳ ᠤᠨ ᠬᠤᠶᠠᠷ ᠨᠦᠬᠦᠪᠤᠷᠢ ᠶᠢ ᠬᠡᠳᠤᠢ ᠬᠤᠭᠤᠴᠠᠭᠠᠨ ᠳᠤ ᠨᠢᠬᠡ ᠠᠪᠳᠠᠭ ᠪᠤᠢ︖ ᠶᠠᠭᠠᠬᠢᠵᠤ ᠠᠪᠬᠤ ᠪᠤᠢ︖
ᠨᠡᠶᠢᠲᠡᠯᠡᠭᠰᠡᠨ ᠴᠠᠭ᠄
2021/3/12
       ᠵᠡᠮᠳᠡᠭᠴᠤᠤᠨ ᠤᠨ ᠬᠤᠶᠠᠷ ᠨᠦᠬᠦᠪᠤᠷᠢ ᠶᠢ ᠶᠡᠷᠤ ᠳᠤ ᠪᠠᠨ ᠰᠠᠷ᠎ᠠ᠂ ᠤᠯᠠᠷᠢᠯ᠂ ᠬᠠᠭᠠᠰ ᠵᠢᠯ᠂ ᠨᠢᠬᠡ ᠵᠢᠯ ᠢᠶᠠᠷ ᠲᠠᠷᠬᠠᠭᠠᠬᠤ ᠬᠤᠭᠤᠴᠠᠭ᠎ᠠ ᠪᠤᠯᠭᠠᠳᠠᠭ᠃ ᠭᠠᠵᠠᠷ ᠭᠠᠵᠠᠷ ᠤᠨ ᠦᠶᠡᠯᠡᠯ ᠤᠨ ᠬᠤᠭᠤᠴᠠᠭ᠎ᠠ ᠨᠢ ᠠᠳᠠᠯᠢ ᠦᠬᠡᠢ᠃    ᠵᠡᠮᠳᠡᠭᠴᠤᠳ ᠤᠨ ᠬᠤᠶᠠᠷ ᠨᠦᠬᠦᠪᠤᠷᠢ ᠶᠢ ᠶᠡᠷᠤ ᠳᠤ ᠪᠠᠨ ᠺᠠᠷᠲ ᠲᠤ ᠨᠢ ᠰᠢᠭᠤᠳ ᠬᠠᠳᠠᠭᠠᠯᠠᠵᠤ ᠲᠠᠯᠪᠢᠨ᠎ᠠ᠂ ᠵᠡᠮᠳᠡᠭ ᠨᠦᠬᠦᠳ ᠭᠠᠷ ᠤᠳᠠᠰᠤᠨ ᠤ ᠴᠠᠬᠢᠮ ᠮᠡᠳᠡᠬᠡᠨ ᠤ ᠰᠠᠨᠠᠭᠤᠯᠤᠮᠵᠢ ᠪᠠᠨ ᠨᠡᠬᠡᠬᠡᠬᠦ ᠶᠢ ᠰᠠᠨᠠᠭᠤᠯᠵᠤ ᠪᠠᠶᠢᠨ᠎ᠠ᠂ ᠢᠡᠭᠭᠢᠴᠢᠬᠡᠪᠡᠯ ᠬᠤᠶᠠᠷ ᠨᠦᠬᠦᠪᠤᠷᠢ ᠺᠠᠷᠲ ᠲᠤ ᠴᠢᠨᠢ ᠤᠷᠤᠬᠤ ᠪᠠᠷ ᠨᠢ ᠪᠠᠩᠬᠢ ᠳᠤ ᠤᠴᠢᠭᠠᠳ ᠭᠠᠷᠭᠠᠵᠤ ᠠᠪᠴᠤ ᠪᠤᠯᠤᠨ᠎ᠠ᠃        ᠬᠤᠶᠠᠷ ᠨᠦᠬᠦᠪᠤᠷᠢ ᠮᠤᠵᠢ ᠪᠤᠯᠭᠠᠨ ᠳᠤ ᠪᠠᠶᠢᠨ᠎ᠠ ᠤᠤ︖ ᠨᠦᠬᠦᠪᠤᠷᠢ ᠶᠢᠨ ᠪᠠᠷᠢᠮᠵᠢᠶ᠎ᠠ ᠨᠢ ᠬᠡᠳᠤᠢ ᠪᠤᠢ︖    ᠤᠳᠤᠬᠠᠨ ᠳᠤ ᠬᠤᠶᠠᠷ ᠨᠦᠬᠦᠪᠤᠷᠢ ᠶᠢᠨ ᠲᠦᠷᠢᠮ ᠨᠢᠬᠡᠨᠳᠡ ᠪᠦᠬᠦ ᠤᠯᠤᠰ ᠲᠤ ᠲᠦᠬᠡᠮᠡᠯᠵᠢᠪᠡ᠃ ᠮᠠᠨ ᠤ ᠤᠯᠤᠰ ᠤᠨ ᠬᠦᠴᠢᠷᠳᠡᠯᠳᠡᠢ ᠵᠡᠮᠳᠡᠭᠴᠤᠳ ᠤᠨ ᠠᠮᠢᠳᠤᠷᠠᠯ ᠤᠨ ᠨᠦᠬᠦᠪᠤᠷᠢ ᠪᠠ ᠬᠦᠨᠳᠤ ᠨᠤᠴᠢᠳᠠᠢ ᠵᠡᠮᠳᠡᠭᠴᠤᠳ  ᠤᠨ ᠰᠤᠪᠢᠯᠠᠯᠳᠠ ᠶᠢᠨ ᠨᠦᠬᠦᠪᠤᠷᠢ ᠶᠢᠨ ᠮᠦᠡᠭᠭᠦ ᠶᠢ ᠲᠠᠷᠬᠠᠭᠠᠬᠤ ᠠᠵᠢᠯ ᠨᠢᠬᠡᠨᠳᠡ ᠪᠤᠢ ᠪᠦᠬᠦᠢ ᠰᠢᠶᠠᠨ ᠲᠤᠭᠤᠷᠢᠭ  ᠢ ᠦᠨᠳᠤᠰᠤᠨ ᠳᠤ ᠪᠠᠨ ᠪᠦᠷᠬᠦᠵᠡᠢ᠃    ᠨᠦᠬᠦᠪᠤᠷᠢ ᠶᠢᠨ ᠪᠠᠷᠢᠮᠵᠢᠶ᠎ᠠ ᠨᠢ ᠦᠨᠳᠤᠰᠤᠨ ᠳᠤ ᠪᠠᠨ ᠰᠠᠷ᠎ᠠ ᠪᠦᠷᠢ 50 —100 ᠲᠦᠬᠦᠷᠢᠭ ᠤᠨ ᠬᠤᠭᠤᠷᠤᠨᠳᠤ᠂ ᠤᠨᠴᠨ ᠵᠠᠷᠢᠮ ᠬᠦᠭᠵᠢᠭᠰᠡᠨ ᠮᠤᠵᠢ ᠨᠢ ᠰᠠᠷ᠎ᠠ ᠳᠤ 100 ᠲᠦᠬᠦᠷᠢᠭ ᠠᠴᠠ ᠲᠠᠪᠠᠵᠤ ᠪᠠᠶᠢᠨ᠎ᠠ᠃    ᠡᠬᠦᠨ ᠠᠴᠠ ᠭᠠᠳᠠᠨ᠎ᠠ 11 ᠮᠤᠵᠢ ᠠᠮᠢᠳᠤᠷᠠᠯ ᠤᠨ ᠨᠦᠬᠦᠪᠤᠷᠢ ᠬᠦᠷᠳᠡᠭᠴᠢᠳ ᠢ ᠬᠦᠷᠢᠶ᠎ᠡ ᠬᠡᠪᠴᠢᠶ᠎ᠡ ᠶᠢ ᠦᠷᠬᠡᠳᠬᠡᠬᠡᠳ ᠲᠤᠬᠳᠠᠮ ᠤᠷᠤᠯᠭ᠎ᠠ ᠦᠬᠡᠢ᠂ ᠨᠠᠭᠠᠳᠤ ᠵᠠᠬ᠎ᠠ ᠶᠢᠨ ᠠᠮᠢᠳᠤᠷᠠᠯ ᠶᠢᠨ ᠪᠠᠳᠤᠯᠠᠭ᠎ᠠ ᠶᠢᠨ ᠨᠠᠭᠠᠨ᠎ᠠ ᠴᠠᠭᠠᠨ᠎ᠠ ᠪᠠᠶᠢᠭ᠎ᠠ ᠡᠷᠤᠬᠡ᠂ ᠤᠷᠤᠯᠭ᠎ᠠ ᠨᠢ ᠪᠠᠭ᠎ᠠ ᠬᠡᠷ ᠪᠦᠯᠢ᠂ ᠨᠤᠴᠢᠳᠠᠢ ᠵᠡᠮᠳᠡᠭ ᠪᠦᠬᠡᠳ ᠠᠵᠢᠯ ᠦᠬᠡᠢ᠂ ᠤᠯᠠᠨ ᠵᠡᠮᠳᠡᠭᠴᠤᠳ ᠲᠠᠢ ᠡᠷᠤᠬᠡ᠂ ᠠᠬᠠᠰᠢᠷᠠᠭ᠎ᠠ ᠵᠡᠮᠳᠡᠭᠴᠤᠳ᠂ ᠨᠠᠰᠤᠳᠠᠨ ᠢᠶᠠᠨ ᠲᠦᠰᠢᠵᠤ ᠪᠠᠶᠢᠭ᠎ᠠ ᠵᠡᠮᠳᠡᠭᠴᠤᠳ ᠵᠡᠷᠬᠡ  ᠶᠢ ᠬᠦᠴᠢᠷᠳᠡᠯᠳᠡᠢ ᠤᠯᠠᠨ ᠲᠦᠮᠡᠨ ᠢ ᠠᠮᠢᠳᠤᠷᠠᠯ ᠤᠨ ᠨᠦᠬᠦᠪᠤᠷᠢ ᠤᠯᠭᠤᠬᠤ ᠬᠡᠪᠴᠢᠶᠡᠨ ᠳᠤ ᠤᠷᠤᠭᠤᠯᠵᠠᠢ᠃ ᠪᠠᠰᠨ 5 ᠮᠤᠵᠢ ᠤᠢ ᠪᠢᠯᠢᠭ ᠨᠢ ᠨᠤᠴᠢᠳᠠᠢ ᠮᠠᠭᠤ ᠪᠤᠰᠤ ᠪᠠ ᠤᠶᠤᠨ ᠤᠨ ᠰᠠᠭᠠᠳ ᠲᠠᠢ ᠵᠡᠮᠳᠡᠭᠴᠤᠳ ᠢ ᠰᠤᠪᠢᠯᠠᠯᠳᠠ ᠶᠢᠨ ᠨᠦᠬᠦᠪᠤᠷᠢ ᠤᠯᠭᠤᠬᠤ ᠬᠦᠷᠢᠶ᠎ᠡ ᠴᠠᠷᠭᠠᠠᠨ ᠳᠤ ᠤᠷᠤᠭᠤᠯᠤᠬᠰᠠᠨ ᠪᠠᠶᠢᠨ᠎ᠠ᠃
 
ᠢᠷᠡᠯᠲᠡ᠄ ᠠᠷᠠᠳ ᠤᠨ ᠶᠠᠪᠤᠳᠠᠯ ᠤᠨ ᠶᠠᠮᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号