| ᠦᠨᠤ ᠵᠢᠯ ᠤᠨ ᠬᠠᠨᠭ᠍ᠰᠢᠨ ᠳᠤ ᠮᠠᠨ ᠤ ᠤᠷᠤᠨ ᠤ 200 ᠢᠯᠡᠬᠦᠤ ᠲᠦᠮᠡᠨ ᠡᠪᠯᠡᠯ ᠤᠨ ᠬᠡᠰᠢᠬᠦᠨ | ᠵᠠᠯᠠᠭᠤᠴᠤᠳ᠂ | ᠪᠠᠭᠠᠴᠤᠳ ᠤᠨ ᠬᠤᠰᠢᠭᠤᠴᠢ ᠠᠩᠭᠢ ᠶᠢᠨ ᠬᠡᠰᠢᠬᠦᠨ ᠤᠯᠠᠨ ᠵᠦᠢᠯ ᠤᠨ ᠬᠡᠯᠪᠡᠷᠢ ᠪᠠᠷ ᠨᠠᠮ ᠤᠨ ᠲᠡᠤᠬᠡ ᠶᠢᠨ | ᠰᠤᠷᠤᠯᠴᠠᠯᠭ᠎ᠠ ᠬᠦᠮᠦᠵᠢᠯ ᠲᠠᠢ ᠤᠶᠠᠯᠳᠤᠭᠤᠯᠤᠨ᠂ ᠦᠷᠡᠭᠳᠡᠭᠰᠡᠨ ᠪᠠᠭᠠᠳᠤᠷᠴᠤᠳ ᠢ ᠲᠤᠷᠠᠰᠬᠠᠬᠤ ᠠᠵᠢᠯᠯᠠᠭᠠᠨ | ᠦᠷᠨᠢᠬᠦᠯᠵᠤ᠂ ᠬᠤᠪᠢᠰᠬᠠᠯᠳᠤ ᠵᠤᠷᠢᠭ ᠰᠠᠨᠠᠭ᠎ᠠ ᠶᠢ ᠪᠠᠳᠠᠷᠠᠭᠤᠯᠤᠨ᠂ ᠬᠤᠪᠢᠰᠬᠠᠯᠳᠤ ᠤᠳᠤᠮᠰᠢᠯ ᠢ ᠤᠯᠠᠮᠵᠢᠯᠠᠵᠤ᠂ | ᠬᠦᠰᠡᠯᠡᠩ ᠢᠳᠡᠬᠡᠯ ᠢᠶᠠᠨ ᠪᠠᠳᠤᠳᠬᠠᠨ᠂ ᠰᠢᠨ᠎ᠡ ᠴᠠᠭ ᠦᠶ᠎ᠡ᠂ ᠰᠢᠨ᠎ᠡ ᠠᠶᠠᠨ ᠤᠷᠤᠭᠤ ᠡᠷᠡᠯᠭᠡᠭᠯᠡᠨ ᠤᠷᠤᠬᠰᠢᠯᠠᠬᠤ | ᠵᠤᠷᠢᠭ ᠢᠶᠠᠨ ᠬᠦᠪᠴᠢᠯᠡᠵᠡᠢ᠃ | ᠬᠠᠪᠤᠷ ᠪᠤᠯᠵᠤ ᠬᠠᠨᠭ᠍ᠰᠢ ᠨᠡᠬᠡᠬᠡᠯ᠎ᠡ᠂ ᠦᠷᠡᠭᠳᠡᠭᠰᠡᠨ ᠪᠠᠭᠠᠳᠤᠷᠴᠤᠳ ᠢᠶᠠᠨ ᠲᠤᠷᠠᠰᠬᠠᠨ ᠲᠡᠤᠬᠡ ᠶᠢ ᠪᠠᠳᠤ | ᠴᠡᠬᠡᠵᠢᠯᠡᠰᠤᠬᠡᠢ᠃ | 4 ᠳ᠋ᠤᠬᠡᠷ ᠰᠠᠷ᠎ᠠ ᠶᠢᠨ 3 ᠤ ᠡᠳᠤᠷ᠂ ᠦᠪᠡᠷᠳᠡᠬᠡᠨ ᠵᠠᠰᠠᠬᠤ ᠤᠷᠤᠨ ᠤ ᠡᠪᠯᠡᠯ ᠤᠨ ᠬᠤᠷᠢᠶ᠎ᠠ᠂ ᠪᠠᠭᠠᠴᠤᠤᠨ | ᠬᠡᠤᠬᠡᠳ ᠤᠨ ᠠᠵᠢᠯ ᠤᠨ ᠵᠦᠪᠯᠡᠯ᠂ ᠬᠦᠬᠡᠬᠤᠳᠠ ᠪᠤᠯᠤᠨ ᠡᠯ᠎ᠡ ᠬᠤᠰᠢᠭᠤ ᠰᠢᠶᠠᠨ ᠤ ᠡᠪᠯᠡᠯ ᠤᠨ ᠬᠤᠷᠢᠶ᠎ᠠ᠂ | ᠪᠠᠭᠠᠴᠤᠳ ᠬᠡᠤᠬᠡᠳ ᠤᠨ ᠠᠵᠢᠯ ᠤᠨ ᠵᠦᠪᠯᠡᠯ ᠤᠨ ᠬᠠᠷᠢᠭᠤᠴᠠᠯᠭᠠᠳᠠᠨ᠂ ᠬᠦᠬᠡᠬᠤᠳᠠ ᠶᠢᠨ ᠡᠯ᠎ᠡ ᠦᠨᠳᠤᠰᠤᠳᠡᠨ ᠤ | ᠪᠠᠭᠠᠴᠤᠳ ᠤᠨ ᠬᠤᠰᠢᠭᠤᠴᠢ ᠠᠩᠭᠢ ᠶᠢᠨ ᠬᠡᠰᠢᠬᠦᠨ ᠤ ᠲᠦᠯᠦᠬᠡᠯᠡᠭᠴᠢ 160 ᠭᠠᠷᠤᠢ ᠬᠦᠮᠦᠨ ᠬᠦᠬᠡᠬᠤᠳᠠ ᠶᠢᠨ | ᠴᠢᠩ ᠴᠸᠡᠭ ᠴᠡᠴᠡᠷᠯᠢᠭ ᠤᠨ ᠦᠷᠡᠭᠳᠡᠭᠰᠡᠨ ᠪᠠᠭᠠᠳᠤᠷᠴᠤᠳ ᠤᠨ ᠲᠤᠷᠠᠰᠬᠠᠯ ᠤᠨ ᠬᠦᠰᠢᠶ᠎ᠡ ᠶᠢᠨ ᠡᠮᠦᠨ᠎ᠡ ︽ | ᠤᠯᠠᠭᠠᠨ ᠪᠦᠴᠡᠳᠡᠨ ᠤ ᠰᠡᠳᠬᠢᠯ ᠵᠢᠷᠤᠬᠡ ᠨᠠᠮ ᠢᠶᠠᠨ ᠲᠠᠭᠠᠵᠤ᠂ ᠬᠤᠪᠢᠰᠬᠠᠯ ᠤᠨ ᠭᠠᠯ ᠢ ᠦᠶ᠎ᠡ ᠶᠢᠨ ᠦᠶ᠎ᠡ | ᠲᠦᠷᠡᠯᠵᠢᠬᠦᠯᠬᠦ︾ ᠦᠷᠡᠭᠳᠡᠭᠰᠡᠨ ᠪᠠᠭᠠᠳᠤᠷᠴᠤᠳ ᠤᠨ ᠬᠦᠰᠢᠶ᠎ᠡ ᠶᠢ ᠲᠠᠬᠢᠬᠤ ᠠᠵᠢᠯᠯᠠᠭᠠᠨ ᠶᠠᠪᠤᠬᠳᠠᠭᠤᠯᠵᠤ᠂ | ᠦᠷᠡᠭᠳᠡᠭᠰᠡᠨ ᠪᠠᠭᠠᠳᠤᠷᠴᠤᠤᠨ ᠢ ᠬᠦᠨ᠎ᠡ ᠮᠦᠷᠤᠬᠡᠳᠤᠨ ᠰᠠᠨᠠᠭᠠᠯᠵᠠᠪᠠ᠃ ᠬᠦᠮᠦᠰ ᠪᠢᠰᠢᠷᠡᠨ ᠬᠦᠨᠳᠤᠳᠭᠡᠭᠰᠡᠨ | ᠰᠡᠳᠬᠢᠯᠬᠡ ᠪᠠᠷ ᠦᠷᠡᠭᠳᠡᠭᠰᠡᠨ ᠪᠠᠭᠠᠳᠤᠷᠴᠤᠳ ᠤᠨ ᠬᠦᠰᠢᠶᠡᠨ ᠳᠤ ᠰᠤᠷᠭᠤᠭ ᠴᠡᠴᠡᠭ ᠡᠷᠬᠦᠵᠤ᠂ ᠪᠠᠭᠠᠳᠤᠷᠯᠢᠭ | ᠦᠢᠯᠨ ᠠᠵᠢᠯᠯᠠᠭ᠎ᠠ ᠶᠢ ᠶᠠᠷᠢᠵᠤ᠂ ᠬᠡᠷᠡᠯ ᠰᠠᠴᠤᠷᠠᠩᠭᠤᠢ ᠲᠡᠤᠬᠡᠨ ᠦᠡᠭᠬᠡᠷᠡᠯᠳᠡ ᠶᠢ ᠡᠷᠬᠢᠴᠡᠬᠦᠯᠵᠡᠢ᠃ | ᠬᠠᠨᠭ᠍ᠰᠢ ᠶᠢᠨ ᠬᠤᠭᠤᠴᠠᠭᠠᠨ ᠳᠤ ᠦᠪᠡᠷᠳᠡᠬᠡᠨ ᠵᠠᠰᠠᠬᠤ ᠤᠷᠤᠨ ᠤ ᠪᠠᠭᠠᠴᠤᠳ ᠬᠡᠤᠬᠡᠳ ᠤᠨ ᠠᠵᠢᠯ ᠤᠨ | ᠵᠦᠪᠯᠡᠯ ︽ | ᠤᠯᠠᠭᠠᠨ ᠪᠦᠴᠡᠳᠡᠨ ᠤ ᠰᠡᠳᠬᠢᠯ ᠵᠢᠷᠤᠬᠡ ᠨᠠᠮ ᠢᠶᠠᠨ ᠲᠠᠭᠠᠬᠤ︾ ᠭᠤᠤᠯ ᠰᠡᠳᠤᠪ ᠤᠨ ᠲᠤᠭᠤᠷᠢᠨ ᠳᠤ ᠰᠦᠯᠵᠢᠶ᠎ᠡ | ᠪᠠᠷ ᠲᠠᠬᠢᠬᠤ ᠪᠠ ᠪᠤᠳᠠᠳᠠᠢ ᠭᠠᠵᠠᠷ ᠲᠤ ᠨᠢ ᠬᠦᠷᠴᠤ ᠲᠠᠬᠢᠬᠤ ᠶᠢ ᠤᠶᠠᠯᠳᠤᠭᠤᠯᠬᠤ ᠠᠷᠭ᠎ᠠ ᠪᠠᠷ ᠦᠷᠡᠭᠳᠡᠭᠰᠡᠨ | ᠪᠠᠭᠠᠳᠤᠷᠴᠤᠳ ᠤᠨ ᠦᠢᠯᠨ ᠠᠵᠢᠯᠯᠠᠭ᠎ᠠ ᠠᠴᠠ ᠰᠤᠷᠤᠯᠴᠠᠬᠤ᠂ ᠪᠠᠭᠠᠴᠤᠳ ᠤᠨ ᠬᠤᠰᠢᠭᠤᠴᠢ ᠠᠩᠭᠢ ᠶᠢᠨ | ᠶᠤᠰᠤᠯᠠᠯ ᠶᠠᠪᠤᠬᠳᠠᠭᠤᠯᠬᠤ᠂ ᠭᠤᠤᠯ ᠰᠡᠳᠤᠪᠳᠤ ᠲᠤᠮᠳᠠ ᠠᠡᠭᠢ ᠶᠢᠨ ᠬᠤᠷᠠᠯ᠂ ᠰᠦᠯᠵᠢᠶᠡᠨ ᠲᠡᠬᠡᠷ᠎ᠡ ᠦᠷᠡᠭᠳᠡᠭᠰᠡᠨ | ᠪᠠᠭᠠᠳᠤᠷᠴᠤᠳ ᠲᠤ ᠴᠡᠴᠡᠭ ᠬᠦᠷᠬᠡᠨ ᠲᠤᠷᠠᠰᠬᠠᠬᠤ ᠵᠡᠷᠬᠡ ᠪᠤᠳᠠᠳᠠᠢ ᠪᠦᠬᠡᠳ ᠠᠮᠢᠳᠤᠯᠢᠭ᠂ ᠬᠠᠯᠠᠭᠤᠨ ᠲᠤᠯᠠᠭᠠᠨ | ᠨᠠᠮ ᠤᠨ ᠲᠡᠤᠬᠡ ᠶᠢᠨ ᠰᠤᠷᠤᠯᠴᠠᠯᠭ᠎ᠠ ᠬᠦᠮᠦᠵᠢᠯ ᠤᠨ ᠠᠵᠢᠯᠯᠠᠭᠠᠨ ᠢ ᠦᠷᠬᠡᠨ ᠲᠡᠯᠬᠡᠷ ᠦᠷᠨᠢᠬᠦᠯᠵᠤ᠂ ᠪᠠᠭᠠᠴᠤᠳ | ᠤᠨ ᠬᠤᠰᠢᠭᠤᠴᠢ ᠠᠩᠭᠢ ᠶᠢᠨ ᠬᠡᠰᠢᠬᠦᠳ ᠲᠤ ᠦᠷᠡᠭᠳᠡᠭᠰᠡᠨ ᠪᠠᠭᠠᠳᠤᠷᠴᠤᠳ ᠤᠨ ᠦᠪᠡᠷ ᠢ ᠦᠷᠡᠭᠳᠡᠬᠦᠯᠦᠭᠰᠡᠨ ᠪᠠ | ᠬᠤᠪᠢ ᠨᠡᠮᠡᠷᠢ ᠶᠢ ᠦᠨᠢ ᠡᠬᠦᠷᠢᠳᠡ ᠪᠠᠳᠤ ᠴᠡᠬᠡᠵᠢᠯᠡᠬᠦᠯᠵᠤ᠂ ᠬᠤᠪᠢᠰᠬᠠᠯᠳᠤ ᠦᠷᠡᠭᠳᠡᠭᠰᠡᠨ ᠪᠠᠭᠠᠳᠤᠷᠴᠤᠳ ᠤᠨ | ᠵᠤᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠵᠤ᠂ ᠨᠠᠮ ᠢᠶᠠᠨ ᠬᠠᠶᠢᠷᠠᠯᠠᠬᠤ ᠤᠯᠤᠰ ᠢᠶᠠᠨ ᠬᠠᠶᠢᠷᠠᠯᠠᠬᠤ ᠰᠡᠳᠬᠢᠯᠬᠡ | ᠶᠢ ᠨᠢ ᠬᠦᠪᠴᠢᠯᠡᠨ᠂ ᠪᠠᠭᠠᠴᠤᠳ ᠤᠨ ᠬᠤᠰᠢᠭᠤᠴᠢ ᠠᠩᠭᠢ ᠶᠢᠨ ᠵᠤᠬᠢᠶᠠᠨ ᠪᠠᠶᠢᠭᠤᠯᠤᠯᠳᠠ ᠲᠤᠮᠳᠠ ᠨᠠᠮ ᠤᠨ | ᠲᠡᠤᠬᠡ ᠶᠢᠨ ᠰᠤᠷᠤᠯᠴᠠᠯᠭ᠎ᠠ ᠬᠦᠮᠦᠵᠢᠯ ᠢ ᠦᠷᠨᠢᠬᠦᠯᠬᠦ ᠦᠷ᠎ᠡ ᠪᠦᠳᠦᠮᠵᠢ ᠪᠠ ᠨᠦᠯᠦᠬᠡᠯᠡᠬᠦ ᠬᠦᠴᠤᠨ ᠢ ᠲᠠᠰᠤᠷᠠᠯ | ᠦᠬᠡᠢ ᠨᠡᠮᠡᠭᠳᠡᠬᠦᠯᠬᠦ ᠳᠤ ᠬᠦᠳᠤᠯᠤᠮᠵᠢ ᠪᠤᠯᠬᠤ ᠨᠢ ᠯᠠᠪᠳᠠᠢ᠃ | ᠡᠨᠡ ᠬᠦ ᠬᠤᠭᠤᠴᠠᠭᠠᠨ ᠳᠤ ᠪᠦᠬᠦ ᠤᠷᠤᠨ ᠤ ᠡᠯ᠎ᠡ ᠭᠠᠵᠠᠷ ᠤᠨ ᠡᠪᠯᠡᠯ ᠤᠨ ᠬᠡᠰᠢᠬᠦᠨ ᠵᠠᠯᠠᠭᠤᠴᠤᠳ | ᠬᠤᠪᠢᠰᠬᠠᠯᠳᠤ | ᠦᠷᠡᠭᠳᠡᠭᠰᠡᠨ ᠪᠠᠭᠠᠳᠤᠷᠴᠤᠳ ᠤᠨ ᠲᠤᠷᠠᠰᠬᠠᠯ ᠤᠨ ᠤᠷᠳᠤᠨ᠂ ᠲᠤᠷᠠᠰᠬᠠᠯ ᠤᠨ ᠬᠦᠷᠢᠶᠡᠯᠡᠩ᠂ ᠬᠠᠭᠤᠴᠢᠨ | ᠰᠠᠭᠤᠴᠨ᠂ ᠲᠡᠤᠬᠡᠨ ᠦᠯᠡᠳᠡᠭᠳᠡᠯ ᠵᠡᠷᠬᠡ ᠭᠠᠵᠠᠷ ᠲᠤ ᠤᠴᠢᠵᠠᠭᠠᠵᠤ᠂ ᠦᠷᠡᠭᠳᠡᠭᠰᠡᠨ ᠪᠠᠭᠠᠳᠤᠷᠴᠤᠳ ᠢᠶᠠᠨ ᠬᠦᠨ᠎ᠡ | ᠮᠦᠷᠤᠬᠡᠳᠤᠨ ᠲᠤᠷᠠᠰᠴᠤ᠂ ᠦᠷᠡᠭᠳᠡᠭᠰᠡᠨ ᠪᠠᠭᠠᠳᠤᠷᠴᠤᠳ ᠤᠨ ᠤᠯᠤᠰ ᠬᠡᠷ᠂ ᠠᠷᠠᠳ ᠲᠦᠮᠡᠨ ᠤ ᠲᠦᠯᠦᠬᠡᠬᠢ | ᠡᠷᠬᠢᠮ ᠲᠡᠬᠡᠳᠤ ᠬᠠᠶᠢᠷ᠎ᠠ ᠰᠡᠳᠬᠢᠯᠬᠡ ᠶᠢ ᠬᠦᠨᠵᠡᠬᠡᠢ ᠮᠡᠳᠡᠷᠡᠨ᠂ ᠠᠶᠤᠯ ᠠᠴᠠ ᠦᠯᠤ ᠰᠦᠷᠳᠡᠬᠦ ᠵᠤᠷᠢᠭ ᠰᠠᠨᠠᠭ᠎ᠠ ᠶᠢ | ᠲᠤᠷᠠᠰᠤᠨ ᠮᠦᠷᠤᠬᠡᠳᠴᠡᠢ᠃ | ᠤᠮᠠᠷᠠᠳᠤ ᠶᠢᠨ ᠬᠦᠨᠳᠤ ᠠᠵᠤ ᠦᠢᠯᠡᠳᠪᠤᠷᠢ ᠶᠢᠨ ᠪᠦᠯᠦᠭᠯᠡᠯ ᠤᠨ ᠡᠪᠯᠡᠯ ᠤᠨ ᠬᠤᠷᠢᠶ᠎ᠠ ᠡᠪᠯᠡᠯ ᠤᠨ ᠬᠡᠰᠢᠬᠦᠨ | ᠵᠠᠯᠠᠭᠤᠴᠤᠳ | ᠢᠶᠠᠨ ᠵᠤᠬᠢᠶᠠᠨ ᠪᠠᠶᠢᠭᠤᠯᠵᠤ᠂ ᠤᠮᠠᠷᠠᠳᠤ ᠤᠷᠤᠨ ᠤ ᠴᠡᠷᠢᠭ ᠤᠨ ᠵᠡᠪᠰᠡᠭ ᠤᠨ ᠬᠤᠳᠠ ᠳᠤ ᠬᠢ ᠡᠤ ᠶᠦᠨ ᠳ᠋ᠦᠸᠧ | ᠶᠢᠨ ᠱᠤᠭᠤᠮᠠᠯ ᠬᠦᠷᠦᠭ ᠤᠨ ᠡᠮᠦᠨ᠎ᠡ ︽ᠨᠠᠮ ᠤᠨ ᠲᠡᠤᠬᠡ ᠶᠢ ᠰᠤᠷᠤᠯᠴᠠᠨ᠂ ᠢᠳᠡᠬᠡᠯ ᠵᠤᠷᠢᠭ ᠢᠶᠠᠨ ᠪᠠᠳᠤᠳᠬᠠᠵᠤ᠂ | ᠨᠠᠮ ᠢᠶᠠᠨ ᠲᠠᠭᠠᠵᠤ ᠶᠠᠪᠤᠬᠤ︾ ᠰᠤᠷᠤᠯᠴᠠᠯᠭ᠎ᠠ ᠬᠦᠮᠦᠵᠢᠯ ᠤᠨ ᠠᠵᠢᠯᠯᠠᠭᠠᠨ ᠦᠷᠨᠢᠬᠦᠯᠵᠤ᠂ ᠡᠤ ᠶᠦᠨ ᠳ᠋ᠦᠸᠧ | ᠶᠢᠨ ᠡᠷᠡᠯᠭᠡᠭ ᠪᠠᠭᠠᠳᠤᠷᠯᠢᠭ ᠦᠢᠯᠨ ᠠᠵᠢᠯᠯᠠᠭ᠎ᠠ ᠶᠢ ᠰᠤᠷᠤᠯᠴᠠᠬᠤ᠂ ᠨᠠᠮ ᠳᠤ ᠤᠷᠤᠬᠤ ᠲᠠᠩᠭᠠᠷᠢᠭ ᠢᠶᠠᠨ ᠲᠠᠬᠢᠵᠤ | ᠠᠨᠳᠠᠭᠠᠶᠢᠯᠠᠬᠤ᠂ ᠰᠤᠷᠭᠤᠭ ᠴᠡᠴᠡᠭ ᠡᠷᠬᠦᠬᠦ ᠵᠡᠷᠬᠡ ᠬᠡᠯᠪᠡᠷᠢ ᠪᠠᠷ ᠦᠷᠡᠭᠳᠡᠭᠰᠡᠨ ᠪᠠᠭᠠᠳᠤᠷᠴᠤᠳ ᠢᠶᠠᠨ ᠬᠦᠨ᠎ᠡ | ᠮᠦᠷᠤᠬᠡᠳᠤᠨ ᠲᠤᠷᠠᠳᠬᠠᠵᠤ᠂ ᠵᠠᠯᠠᠭᠤ ᠡᠪᠯᠡᠯ ᠤᠨ ᠬᠡᠰᠢᠬᠦᠳ ᠢ ᠰᠢᠨ᠎ᠡ ᠴᠠᠭ ᠦᠶ᠎ᠡ ᠶᠢᠨ ᠦᠡᠭᠭᠡ ᠬᠡᠷᠡᠯᠳᠤ | ᠬᠠᠷᠢᠭᠤᠴᠠᠯᠭ᠎ᠠ ᠶᠢ ᠡᠬᠦᠷᠬᠡᠯᠡᠨ᠂ ᠲᠤᠬᠠᠶᠢᠯᠠᠬᠰᠠᠨ ᠠᠵᠢᠯ ᠢᠶᠠᠨ ᠰᠠᠶᠢᠳᠤᠷ ᠬᠢᠬᠦ ᠬᠡᠷᠡᠭᠳᠡᠢ ᠭᠡᠵᠤ ᠤᠷᠢᠶᠠᠯᠠᠵᠠᠢ᠃ | ᠬᠢᠨᠭ᠍ᠭᠠᠨ ᠤ ᠢᠯᠴᠢ ᠴᠠᠬᠢᠯᠭᠠᠨ ᠤ ᠺᠤᠮᠫᠠᠨᠢ ᠶᠢᠨ ᠡᠵᠡᠩᠨᠡᠯᠳᠡ ᠶᠢᠨ ᠬᠡᠯᠳᠡᠰ ᠤᠨ ᠨᠠᠮ ᠤᠨ ᠡᠬᠦᠷ ᠨᠠᠮ ᠤᠨ ᠬᠡᠰᠢᠬᠦᠨ | ᠂ ᠡᠪᠯᠡᠯ ᠤᠨ ᠬᠡᠰᠢᠬᠦᠨ ᠢ ᠵᠤᠬᠢᠶᠠᠨ ᠪᠠᠶᠢᠭᠤᠯᠤᠨ ᠤᠯᠠᠭᠠᠨᠬᠤᠳᠠ ᠶᠢᠨ ᠦᠷᠡᠭᠳᠡᠭᠰᠡᠨ ᠪᠠᠭᠠᠳᠤᠷᠴᠤᠳ ᠤᠨ ᠪᠤᠩᠬᠤᠨ | ᠳᠤ ᠢᠷᠡᠵᠤ ᠨᠠᠮ ᠳᠤ ᠤᠷᠤᠬᠤ ᠲᠠᠩᠭᠠᠷᠢᠭ ᠢᠶᠠᠨ ᠲᠠᠬᠢᠨ ᠠᠨᠳᠠᠭᠠᠶᠢᠯᠠᠵᠤ᠂ ᠨᠠᠮ ᠤᠨ ᠲᠡᠤᠬᠡ ᠶᠢᠨ ᠰᠤᠷᠤᠯᠴᠠᠯᠭ᠎ᠠ | ᠬᠦᠮᠦᠵᠢᠯ ᠤᠨ ᠠᠵᠢᠯᠯᠠᠭᠠᠨ ᠦᠷᠨᠢᠬᠦᠯᠪᠡ᠃ ᠤᠯᠠᠨ ᠢᠶᠠᠷ ᠢᠶᠠᠨ᠂ ᠦᠷᠡᠭᠳᠡᠭᠰᠡᠨ ᠪᠠᠭᠠᠳᠤᠷᠴᠤᠳ ᠤᠨ ᠡᠷᠬᠢᠮ | ᠲᠡᠬᠡᠳᠤ ᠵᠤᠷᠢᠭ ᠰᠠᠨᠠᠭ᠎ᠠ ᠶᠢ ᠰᠤᠷᠤᠯᠴᠠᠨ᠂ ᠲᠡᠤᠬᠡ ᠶᠢ ᠰᠤᠷᠤᠯᠴᠠᠵᠤ ᠶᠤᠰᠤ ᠶᠢ ᠤᠬᠠᠬᠤ᠂ ᠲᠡᠤᠬᠡ ᠶᠢ | ᠰᠤᠷᠤᠯᠴᠠᠨ ᠢᠳᠡᠬᠡᠯ ᠢᠶᠠᠨ ᠨᠡᠮᠡᠭᠳᠡᠬᠦᠯᠬᠦ᠂ ᠲᠡᠤᠬᠡ ᠶᠢ ᠰᠤᠷᠤᠯᠴᠠᠵᠤ ᠰᠤᠷᠳᠠᠬᠤᠨ ᠢ ᠲᠡᠬᠡᠳᠤᠯᠡᠬᠦ᠂ ᠲᠡᠤᠬᠡ ᠶᠢ | ᠰᠤᠷᠤᠯᠴᠠᠵᠤ ᠴᠢᠷᠮᠠᠶᠢᠨ ᠪᠡᠶᠡᠯᠡᠬᠦᠯᠬᠦ ᠶᠢ ᠬᠦᠨᠵᠡᠬᠡᠢ ᠦᠢᠯᠡᠳᠤᠯᠬᠡᠵᠢᠬᠦᠯᠤᠨ᠂ ᠨᠠᠮ ᠤᠨ ᠲᠡᠤᠬᠡ ᠶᠢᠨ ᠰᠤᠷᠤᠯᠴᠠᠯᠭ᠎ᠠ | ᠬᠦᠮᠦᠵᠢᠯ ᠢ ᠯᠠᠪᠳᠠᠭᠤᠨ ᠬᠦᠨᠵᠡᠬᠡᠢ ᠬᠢᠵᠤ᠂ ᠲᠠᠷᠢᠬᠢ ᠲᠤᠯᠤᠭᠠᠢ᠂ ᠰᠡᠳᠬᠢᠯ ᠵᠢᠷᠤᠬᠡᠨ ᠳᠤ ᠪᠠᠨ ᠬᠠᠳᠠᠩᠰᠢᠭᠤᠯᠤᠨ᠎ᠠ | ᠬᠡᠵᠡᠢ᠃ | ︽ᠦᠨᠤᠳᠤᠷ ᠪᠢᠳᠡ ᠦᠷᠡᠭᠳᠡᠭᠰᠡᠨ ᠪᠠᠭᠠᠳᠤᠷᠴᠤᠳ ᠢᠶᠠᠨ ᠲᠤᠷᠠᠳᠬᠠᠵᠤ ᠪᠠᠶᠢᠭ᠎ᠠ ᠨᠢ ᠪᠠᠭᠠᠳᠤᠷᠴᠤᠳ ᠲᠤ | ᠪᠠᠨ | ᠬᠦᠨᠳᠤᠳᠬᠡᠯ ᠢᠯᠡᠷᠬᠡᠶᠢᠯᠡᠵᠤ ᠪᠠᠶᠢᠭ᠎ᠠ ᠶᠤᠮ᠂ ᠪᠢᠳᠡ ᠲᠡᠳᠡᠨ ᠤ ᠠᠯᠳᠠᠷ ᠭᠠᠪᠢᠶ᠎ᠠ ᠠᠤᠭ᠎ᠠ ᠵᠢᠳᠬᠦᠯ ᠪᠠ ᠠᠭᠤᠤ | ᠶᠡᠭᠡ ᠵᠤᠷᠢᠭ ᠰᠠᠨᠠᠭ᠎ᠠ ᠶᠢ ᠨᠢ ᠦᠨᠢ ᠡᠬᠦᠷᠢᠳᠡ ᠪᠠᠳᠤ ᠴᠡᠬᠡᠵᠢᠯᠡᠨᠡ︾ ᠭᠡᠵᠤ ᠦᠪᠤᠷ ᠮᠤᠩᠭᠤᠯ ᠤᠨ ᠡᠳ᠋ ᠤᠨ | ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ ᠶᠢᠨ ᠡᠪᠯᠡᠯ ᠤᠨ ᠬᠤᠷᠢᠶᠠᠨ ᠤ ᠲᠡᠳ᠋ ᠱᠦᠵᠢ ᠪᠤᠤ ᠸᠧᠨ ᠰᠢᠶᠠᠨ | ᠬᠡᠯᠡᠭᠰᠡᠨ ᠪᠤᠯ᠂ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠲᠡᠤᠬᠡ ᠪᠠ ᠵᠢᠭᠤᠯᠴᠢᠯᠠᠯ ᠤᠨ ᠰᠤᠶᠤᠯ ᠤᠨ | ᠲᠡᠬᠡᠳᠤ ᠰᠤᠷᠭᠠᠭᠤᠯᠢ ᠶᠢᠨ ᠪᠠᠭᠰᠢ ᠯᠢᠶᠠᠩ ᠸᠧᠨ ᠮᠸᠢ᠄ ︽ᠦᠷᠡᠭᠳᠡᠭᠰᠡᠨ ᠪᠠᠭᠠᠳᠤᠷᠴᠤᠳ ᠢᠶᠠᠨ ᠲᠤᠷᠠᠰᠤᠨ | ᠰᠠᠨᠠᠭᠠᠯᠵᠠᠬᠤ ᠪᠤᠯ ᠦᠷᠡᠭᠳᠡᠭᠰᠡᠨ ᠪᠠᠭᠠᠳᠤᠷᠴᠤᠳ ᠢᠶᠠᠨ ᠲᠠᠶᠢᠳᠬᠤᠷᠠᠭᠤᠯᠵᠤ ᠪᠠᠶᠢᠭ᠎ᠠ ᠶᠠᠪᠤᠳᠠᠯ ᠶᠤᠮ᠃ | ᠦᠷᠡᠭᠳᠡᠭᠰᠡᠨ ᠪᠠᠭᠠᠳᠤᠷᠴᠤᠳ ᠢᠶᠠᠨ ᠲᠤᠷᠠᠰᠤᠨ ᠰᠠᠨᠠᠭᠠᠯᠵᠠᠬᠤ ᠪᠤᠯ ᠤᠯᠤᠰ ᠢᠶᠠᠨ ᠬᠠᠶᠢᠷᠠᠯᠠᠬᠤ ᠰᠡᠳᠬᠢᠯ ᠢ | ᠵᠤᠵᠠᠭᠠᠳᠬᠠᠨ᠂ ᠬᠤᠪᠢᠰᠬᠠᠯᠳᠤ ᠤᠳᠤᠮᠰᠢᠯ ᠢ ᠤᠯᠠᠮᠵᠢᠯᠠᠵᠤ᠂ ᠵᠤᠷᠢᠭ ᠰᠠᠨᠠᠭᠠᠨ ᠤ ᠴᠢᠰᠤᠨ ᠰᠤᠳᠠᠯ ᠢ | ᠰᠢᠮᠡᠵᠢᠬᠦᠯᠵᠤ ᠪᠠᠶᠢᠭ᠎ᠠ ᠶᠤᠮ᠃ ᠵᠠᠯᠠᠭᠤ ᠬᠠᠯᠠᠭᠤᠨ ᠵᠢᠷᠤᠬᠡ ᠨᠡᠮ ᠤᠨ ᠢᠶᠠᠨ ᠵᠦᠭ ᠴᠤᠬᠢᠯᠬᠤ ᠶᠤᠮ᠂ ᠪᠢᠳᠡ ᠰᠢᠨ᠎ᠡ | ᠴᠠᠭ ᠦᠶ᠎ᠡ ᠶᠢᠨ ᠰᠢᠨ᠎ᠡ ᠵᠠᠯᠠᠭᠤᠴᠤᠳ ᠪᠤᠯᠵᠤ᠂ ᠲᠤᠮᠳᠠᠳᠤ ᠶᠢᠨ ᠦᠨᠳᠤᠰᠤᠳᠡᠨ ᠤ ᠠᠭᠤᠤ ᠶᠡᠭᠡ ᠰᠡᠷᠬᠦᠨ | ᠮᠠᠨᠳᠤᠯᠳᠠ ᠶᠢᠨ ᠲᠤᠮᠳᠠᠳᠤ ᠶᠢᠨ ᠵᠡᠬᠦᠳᠤ ᠶᠢ ᠲᠡᠷᠭᠡᠯᠰᠢᠬᠦᠯᠬᠦ ᠳᠤ ᠵᠠᠯᠠᠭᠤ ᠨᠠᠰᠤ ᠪᠠᠨ ᠵᠤᠷᠢᠭᠤᠯᠤᠨ᠎ᠠ︾ ᠭᠡᠵᠤ | ᠬᠡᠯᠡᠪᠡ᠃ | | | |