ᠬᠠᠨᠭ᠍ᠲᠠᠭᠤᠳ ᠤᠰᠤᠡᠪᠤᠳᠤᠭ ᠤᠷᠴᠢᠭᠤᠯᠪᠠ | | ᠵᠡᠬᠦᠨ ᠬᠠᠨ ᠤᠯᠤᠰ ᠤᠨ ᠦᠶ᠎ᠡ ᠳᠤ ᠺᠦᠡᠭ ᠷᠦᠡᠭ ᠭᠡᠳᠡᠭ ᠰᠡᠷᠭᠦᠯᠡᠩ ᠬᠡᠤᠭᠡᠳ ᠪᠠᠶᠢᠭᠰᠠᠨ ᠭᠡᠨ᠎ᠡ᠃ ᠵᠢᠭᠠᠯ | ᠺᠦᠡᠭ ᠷᠦᠡᠭ ᠳᠦᠷᠪᠡᠨ ᠨᠠᠰᠤᠨ ᠠᠴᠠ ᠪᠠᠨ ᠨᠤᠮ ᠤᠡᠭᠰᠢᠵᠤ ᠴᠢᠳᠠᠳᠠᠭ ᠪᠤᠯᠵᠤ᠂ ᠮᠠᠰᠢ ᠤᠯᠠᠨ ᠰᠢᠯᠦᠭ ᠳᠠᠭᠤᠯᠠᠯ | ᠤᠡᠭᠰᠢᠨ ᠴᠡᠭᠡᠵᠢᠯᠡᠭᠰᠡᠨ ᠮᠦᠷᠲᠡᠭᠡᠨ ᠤᠴᠢᠷ ᠶᠤᠰᠤ ᠶᠢ ᠴᠤ ᠤᠪᠤᠭ᠎ᠠ ᠤᠶᠢᠯᠠᠭᠠᠨ ᠮᠡᠳᠡᠳᠡᠭ ᠪᠤᠯᠵᠠᠢ᠃ | ᠵᠢᠭᠠᠯ ᠺᠦᠡᠭ ᠷᠦᠡᠭ ᠲᠠᠪᠤᠨ ᠠᠬ᠎ᠠ᠂ ᠨᠢᠭᠡ ᠳᠡᠬᠦᠦ ᠲᠠᠢ᠃ ᠪᠡᠶ᠎ᠡ ᠳᠦᠷᠦᠬᠦᠦ ᠲᠠᠢ᠂ ᠳᠡᠪᠡᠯ ᠵᠠᠬ᠎ᠠ ᠲᠠᠢ | ᠭᠡᠳᠡᠭᠴᠢᠯᠡᠨ ᠠᠬ᠎ᠠ ᠳᠡᠬᠦᠦ ᠳᠤᠯᠤᠭᠤᠯᠨ ᠲᠠᠩᠳᠠ ᠡᠶᠡᠲᠡᠢ ᠨᠠᠶᠢᠷᠲᠠᠢ ᠬᠠᠷᠢᠯᠴᠠᠵᠤ᠂ ᠠᠶᠠᠲᠠᠢ ᠳᠤᠬᠠᠲᠠᠢ ᠲᠤᠭᠯᠠᠳᠠᠭ | ᠃ | ᠨᠠᠮᠤᠷ ᠤᠨ ᠨᠢᠭᠡᠨ ᠦᠷᠯᠦᠭᠡ᠂ ᠺᠦᠡᠭ ᠷᠦᠡᠭ ᠤᠨ ᠡᠵᠢ ᠨᠢ ᠵᠡᠭᠡᠯᠢ ᠠᠴᠠ ᠴᠠᠢ ᠲᠠᠪᠤᠰᠤ ᠬᠤᠳᠠᠯᠳᠤᠨ ᠠᠪᠬᠤ | ᠪᠠᠷ ᠭᠠᠷᠴᠦ᠂ ᠠᠪᠤ ᠨᠢ ᠪᠢᠴᠢᠭ ᠤᠨ ᠦᠷᠦᠭᠡᠨ ᠳᠤ ᠪᠠᠨ ᠨᠤᠮ ᠤᠡᠭᠰᠢᠨ ᠰᠠᠭᠤᠵᠤ ᠪᠠᠶᠢᠯ᠎ᠠ᠃ ᠡᠨᠡ ᠦᠶ᠎ᠡ ᠳᠤ | ᠵᠡᠷᠭᠡᠯᠡᠳᠡᠭᠡ ᠠᠶᠢᠯ ᠤᠨ ᠠᠪᠠᠭ᠎ᠠ ᠰᠠᠭᠰᠤ ᠠᠯᠢᠮ᠎ᠠ ᠬᠦᠷᠭᠡᠨ ᠢᠷᠡᠭᠡᠳ᠄ | ︽ᠮᠠᠨ ᠤ ᠠᠯᠢᠮ᠎ᠠ ᠶᠢᠨ ᠮᠤᠳᠤᠨ ᠳᠡᠭᠡᠷ᠎ᠡ ᠰᠠᠭᠤᠭᠰᠠᠨ ᠠᠯᠢᠮ᠎ᠠ ᠪᠠᠶᠢᠨ᠎ᠠ᠃ ᠲᠠᠨᠤᠰ ᠠᠮᠲᠠᠯᠠᠵᠤ ᠦᠵᠡᠭᠡᠷᠡᠢ︾ | ᠭᠡᠵᠡᠢ᠃ | ᠺᠦᠡᠭ ᠷᠦᠡᠭ ᠤᠨ ᠠᠪᠤ ᠨᠢ ᠮᠠᠰᠢ ᠪᠠᠶᠠᠷᠯᠠᠵᠤ᠄ | ︽ᠲᠠᠨ ᠳᠤ ᠲᠠᠯᠠᠷᠬᠠᠯ᠎ᠠ᠃ ᠶᠠᠮᠠᠷ ᠪᠦᠳᠦᠬᠦᠨ ᠪᠦᠳᠦᠬᠦᠨ ᠠᠯᠢᠮ᠎ᠠ ᠶᠤᠮ ᠪᠤᠢ︕︾ ᠭᠡᠬᠦ ᠳᠤ ᠵᠡᠷᠭᠡᠯᠡᠳᠡᠭᠡ | ᠠᠶᠢᠯ ᠤᠨ ᠠᠪᠠᠭ᠎ᠠ᠄ | ︽ᠲᠠᠯᠠᠷᠬᠠᠮᠠᠷ ᠶᠠᠭᠤ ᠪᠠᠶᠢᠬᠤ ᠪᠤᠢ︕︾ ᠭᠡᠰᠡᠨ ᠢᠶᠠᠨ᠄ ︽ᠵᠨ᠂ ᠪᠢ ᠤᠡᠳᠤᠤ ᠤᠴᠢᠷ ᠲᠠᠢ᠂ ᠤᠳᠤᠬᠠᠨ | ᠶᠠᠪᠤᠬᠤ ᠦᠭᠡᠢ ᠪᠤᠯᠬᠤ ᠦᠭᠡᠢ︾ ᠭᠡᠳ ᠭᠠᠷᠴᠦ ᠶᠠᠪᠤᠪᠠ᠃ | ᠺᠦᠡᠭ ᠷᠦᠡᠭ ᠤᠨ ᠠᠪᠤ ᠨᠢ ᠵᠡᠷᠭᠡᠯᠡᠳᠡᠭᠡ ᠠᠶᠢᠯ ᠤᠨ ᠠᠪᠠᠭ᠎ᠠ ᠶᠢ ᠦᠳᠡᠨ ᠮᠤᠷᠲᠠᠭᠤᠯᠤᠭᠰᠠᠨ ᠤ ᠳᠠᠷᠠᠭ᠎ᠠ ᠶᠡᠭᠡ | ᠪᠠᠭ᠎ᠠ ᠨᠢ ᠠᠳᠠᠯᠢ ᠪᠤᠰᠤ ᠳᠤᠯᠤᠭᠠᠨ ᠠᠯᠢᠮ᠎ᠠ ᠶᠢ ᠤᠬᠢᠶᠠᠨ ᠳᠠᠪᠠᠭᠯᠠᠭᠠᠳ ᠰᠢᠷᠡᠭᠡᠨ ᠳᠡᠭᠡᠷ᠎ᠡ ᠠᠪᠴᠢᠷᠠᠨ ᠲᠠᠯᠪᠢᠵᠤ | ᠨᠦᠬᠦᠭᠡ ᠦᠷᠦᠭᠡᠨ ᠳᠤ ᠲᠤᠭᠯᠠᠵᠤ ᠪᠠᠶᠢᠭᠰᠠᠨ ᠬᠡᠤᠭᠡᠳ ᠢᠶᠠᠨ ᠳᠠᠭᠤᠳᠠᠨ᠄ | ︽ᠬᠡᠤᠭᠡᠳ ᠤᠳ ᠡ᠂ ᠨᠠᠭᠠᠰᠢ ᠪᠠᠨ ᠢᠷᠡᠵᠦ ᠠᠯᠢᠮ᠎ᠠ ᠢᠳᠡᠵᠡᠭᠡ᠃ ᠠᠮᠲᠠᠲᠠᠢ ᠠᠯᠢᠮ᠎ᠠ ᠪᠠᠶᠢᠨ᠎ᠠ ᠰᠢᠤ︾ | ᠭᠡᠵᠤ ᠪᠠᠷᠬᠢᠷᠠᠪᠠ᠃ | ᠠᠬ᠎ᠠ ᠳᠡᠬᠦᠦ ᠳᠤᠯᠤᠭᠤᠯᠨ ᠠᠪᠠᠭᠠᠷᠠᠯᠳᠤᠨ ᠬᠦᠷᠴᠦ ᠢᠷᠡᠬᠦ ᠳᠤ ᠠᠪᠤ ᠨᠢ ᠤᠳᠬᠤᠨ ᠬᠦᠦ ᠪᠠᠨ ᠲᠠᠭᠤᠳᠠᠨ᠄ | ︽ ᠤᠷᠢᠳ ᠢᠶᠠᠷ ᠴᠢ ᠰᠤᠩᠭᠤ︾ ᠭᠡᠯᠡ᠃ ᠤᠳᠬᠤᠨ ᠬᠦᠦ ᠨᠢ ᠬᠠᠮᠤᠭ ᠤᠨ ᠪᠦᠳᠦᠬᠦᠨ ᠠᠯᠢᠮ᠎ᠠ ᠶᠢ | ᠠᠳᠬᠤᠨ ᠠᠪᠴᠦ ᠠᠮᠨ ᠠᠮᠨ ᠪᠠᠷ ᠬᠤᠪᠳᠤᠭᠯᠠᠨ ᠢᠳᠡᠵᠦ ᠡᠬᠢᠯᠡᠪᠡ᠃ | ᠳᠠᠷᠠᠭ᠎ᠠ ᠨᠢ ᠺᠦᠡᠭ ᠷᠦᠡᠭ ᠠᠯᠢᠮ᠎ᠠ ᠰᠤᠩᠭᠤᠬᠤ ᠪᠤᠯᠵᠠᠢ᠃ ᠲᠡᠷᠨ ᠲᠠᠪᠠᠭ ᠲᠤ ᠬᠢ ᠠᠯᠢᠮ᠎ᠠ ᠶᠢ ᠪᠠᠭ᠋ᠠᠨ | ᠠᠵᠢᠭᠰᠠᠨ ᠢᠶᠠᠨ ᠬᠠᠮᠤᠭ ᠤᠨ ᠵᠢᠵᠢᠭ ᠠᠯᠢᠮ᠎ᠠ ᠶᠢ ᠠᠳᠬᠤᠨ ᠠᠪᠴᠦ ᠠᠮᠲᠠᠲᠠᠶᠢᠬᠠᠨ ᠭᠡᠭᠴᠢ ᠬᠠᠵᠠᠪᠠ᠃ | ᠺᠦᠡᠭ ᠷᠦᠡᠭ ᠶᠠᠭᠤᠨ ᠳᠤ ᠪᠦᠳᠦᠬᠦᠨ ᠠᠯᠢᠮ᠎ᠠ ᠶᠢ ᠰᠤᠩᠭᠤᠭᠠ ᠦᠭᠡᠢ᠂ ᠬᠠᠮᠤᠭ ᠤᠨ ᠵᠢᠵᠢᠭ ᠠᠯᠢᠮ᠎ᠠ ᠶᠢ | ᠰᠤᠩᠭᠤᠴᠢᠬᠠᠪᠠ ᠳ᠋ᠠ︖ | ᠠᠪᠤ ᠨᠢ ᠰᠤᠨᠢᠷᠬᠠᠵᠤ᠂ ᠠᠬ᠎ᠠ ᠨᠠᠷ ᠨᠢ ᠭᠠᠶᠢᠬᠠᠪᠠ᠃ | ᠺᠦᠡᠭ ᠷᠦᠡᠭ ᠤᠨ ᠠᠪᠤ ᠨᠢ ᠬᠦᠦ ᠶᠢᠨ ᠢᠶᠠᠨ ᠲᠤᠯᠤᠭᠠᠢ ᠶᠢ ᠢᠯᠪᠢᠨ᠄ | ︽ᠬᠦᠦ ᠮᠢᠨᠢ ᠠᠯᠢᠮ᠎ᠠ ᠢᠳᠡᠬᠦ ᠳᠤᠷ᠎ᠠ ᠦᠭᠡᠢ ᠶᠤᠮ ᠤᠤ︖ ᠶᠠᠭᠠᠬᠢᠭᠠᠳ ᠬᠠᠮᠤᠭ ᠤᠨ ᠵᠢᠵᠢᠭ ᠢ ᠨᠢ | ᠰᠤᠩᠭᠤᠴᠢᠬᠠᠭᠰᠠᠨ ᠪᠤᠢ︖︾ ᠭᠡᠬᠦ ᠳᠤ ᠺᠦᠡᠭ ᠷᠦᠡᠭ ᠠᠪᠤ ᠶᠢᠨ ᠢᠶᠠᠨ ᠦᠭᠡᠳᠡ ᠰᠢᠷᠲᠡᠨ᠄ | ︽ᠪᠢ ᠳᠡᠬᠦᠦ ᠪᠤᠯᠬᠤ ᠶᠤᠮ ᠴᠢᠨᠢ ᠠᠯᠢᠮᠠᠨ ᠤ ᠠᠯᠢ ᠵᠢᠵᠢᠭ ᠠᠴᠠ ᠨᠢ ᠰᠤᠩᠭᠤᠬᠤ ᠨᠢ ᠵᠦᠢᠲᠡᠢ᠃ ᠠᠬ᠎ᠠ ᠨᠠᠷ | ᠲᠤ ᠪᠠᠨ ᠲᠤᠮᠤ ᠶᠢ ᠨᠢ ᠦᠯᠡᠳᠡᠭᠡᠵᠦ ᠦᠭᠭᠦ ᠨᠢ ᠲᠠᠭᠠᠷᠠᠨ᠎ᠠ︾ ᠭᠡᠪᠡ᠃ | ᠠᠪᠤ ᠨᠢ ᠢᠨᠢᠶᠡᠮᠰᠦᠭᠯᠡᠭᠰᠡᠭᠡᠷ᠄ | ︽ᠲᠡᠭᠡᠪᠡᠯ ᠤᠳᠬᠤᠨ ᠳᠡᠬᠦᠦ ᠴᠢᠨᠢ ᠬᠠᠮᠤᠭ ᠤᠨ ᠵᠢᠵᠢᠭ ᠢ ᠨᠢ ᠠᠪᠤᠪᠠᠯ ᠲᠠᠭᠠᠷᠠᠬᠤ ᠪᠢᠰᠢ ᠤᠤ︖︾ ᠬᠡᠬᠦ | ᠳᠤ ᠺᠦᠡᠭ ᠷᠦᠡᠭ ᠪᠦᠳᠦᠬᠦᠨ ᠠᠯᠢᠮ᠎ᠠ ᠪᠠᠨ ᠠᠮᠲᠠᠷᠬᠠᠨ ᠢᠳᠡᠭᠴᠢ ᠳᠡᠬᠦᠦ ᠪᠠᠨ ᠰᠢᠷᠲᠡᠨ᠄ | ︽ᠳᠡᠬᠦᠦ ᠶᠢᠨ ᠨᠠᠰᠤ ᠨᠢ ᠨᠠᠳᠠ ᠠᠴᠠ ᠪᠠᠭ᠎ᠠ᠂ ᠲᠡᠶᠢᠮᠦ ᠠᠴᠠ ᠠᠬ᠎ᠠ ᠨᠢ ᠪᠤᠯᠤᠭᠰᠠᠨ ᠪᠢ ᠳᠡᠬᠦᠦ ᠳᠤ ᠪᠠᠨ | ᠨᠠᠶᠢᠷ ᠲᠠᠯᠪᠢᠪᠠᠯ ᠵᠤᠬᠢᠨ᠎ᠠ︾ ᠭᠡᠵᠡᠢ᠃ | ᠺᠦᠡᠭ ᠷᠦᠡᠭ ᠤᠨ ᠠᠪᠤ ᠨᠢ ᠰᠡᠳᠬᠢᠯ ᠬᠠᠨᠭ᠍ᠭᠠᠯᠤᠭᠤᠨ ᠢᠨᠢᠶᠡᠮᠰᠦᠭᠯᠡᠭᠰᠡᠭᠡᠷ᠄ | ︽ᠵᠦᠪ᠂ ᠵᠦᠪ᠃ ᠬᠦᠦ ᠮᠢᠨᠢ ᠦᠨᠡᠭᠡᠷ ᠤᠴᠢᠷ ᠶᠤᠰᠤ ᠶᠢ ᠵᠦᠢᠲᠡᠢ ᠲᠠᠯ᠎ᠠ ᠠᠴᠠ ᠨᠢ ᠲᠤᠩᠭᠠᠨ ᠪᠤᠳᠤᠳᠠᠭ | ᠲᠤᠮᠤᠭᠠᠲᠠᠢ ᠬᠡᠤᠭᠡᠳ ᠪᠠᠶᠢᠨ᠎ᠠ ᠳ᠋ᠠ᠃ ᠬᠤᠵᠢᠮ ᠲᠤᠮᠤ ᠪᠤᠯᠪᠠᠯ ᠶᠡᠭᠡ ᠦᠢᠯᠡᠰ ᠪᠦᠲᠦᠭᠡᠵᠦ ᠴᠢᠳᠠᠨ᠎ᠠ︾ ᠭᠡᠵᠤ | ᠮᠠᠭᠲᠠᠪᠠ᠃ | ᠡᠨᠡ ᠦᠶ᠎ᠡ ᠳᠤ ᠳᠡᠬᠦᠦ ᠨᠢ ᠬᠠᠭᠠᠰ ᠢᠳᠡᠭᠰᠡᠨ ᠠᠯᠢᠮ᠎ᠠ ᠪᠠᠨ ᠪᠠᠷᠢᠭᠰᠠᠭᠠᠷ ᠺᠦᠡᠭ ᠷᠦᠡᠭ ᠤᠨ ᠲᠡᠷᠭᠡᠳᠡ | ᠠᠯᠬᠤᠨ ᠢᠷᠡᠭᠡᠳ᠄ | ︽ᠠᠬ᠎ᠠ ᠡ᠂ ᠮᠠᠢ᠂ ᠡᠬᠦᠨ ᠢ ᠴᠢ ᠢᠳᠡᠭᠡᠷᠡᠢ᠃ ᠵᠢᠵᠢᠭ ᠠᠯᠢᠮ᠎ᠠ ᠪᠠᠨ ᠨᠠᠳᠠ ᠦᠭᠴᠢᠭᠡ᠂ ᠪᠢ ᠤᠯᠠᠨ ᠤ | ᠤᠳᠬᠤᠨ ᠨᠢ ᠶᠤᠮ ᠴᠢᠨᠢ ᠵᠢᠵᠢᠭ ᠠᠯᠢᠮ᠎ᠠ ᠢᠳᠡᠪᠡᠯ ᠲᠠᠭᠠᠷᠠᠨ᠎ᠠ︾ ᠭᠡᠯᠡ᠃ | ᠺᠦᠡᠭ ᠷᠦᠡᠭ ᠤᠨ ᠠᠬ᠎ᠠ ᠨᠠᠷ ᠨᠢ ᠠᠯᠢᠮ᠎ᠠ ᠰᠤᠩᠭᠤᠬᠤ ᠳᠤ ᠪᠠᠨ ᠨᠢᠭᠡ ᠨᠢᠭᠡᠨ ᠳᠤ ᠪᠠᠨ ᠨᠠᠶᠢᠷ ᠲᠠᠯᠪᠢᠯᠴᠠᠨ᠂ | ᠭᠡᠨ ᠨᠢ ᠴᠤ ᠭᠡᠰᠡᠨ ᠠᠯᠢ ᠵᠢᠵᠢᠭ ᠢ ᠨᠢ ᠠᠪᠬᠤ ᠭᠡᠵᠤ ᠪᠤᠯᠢᠶᠠᠯᠳᠤᠪᠠ᠃ | ᠡᠴᠢᠭᠡ ᠨᠢ ᠳᠤᠯᠤᠭᠠᠨ ᠬᠡᠤᠭᠡᠳ ᠤᠨ ᠢᠶᠠᠨ ᠤᠬᠠᠭᠠᠯᠢᠭ ᠲᠤᠮᠤᠭᠠᠲᠠᠢ ᠦᠭᠡ ᠶᠠᠷᠢᠶ᠎ᠠ᠂ ᠡᠶᠡᠲᠡᠢ ᠨᠠᠶᠢᠷᠲᠠᠢ | ᠦᠢᠯᠨ ᠬᠦᠳᠡᠯᠦᠯ ᠢ ᠦᠵᠡᠭᠡᠳ ︽ᠬᠠ ᠬᠠ ᠬᠠ︾ ᠬᠢᠨ ᠢᠨᠢᠶᠡᠵᠦ᠄ | ︽ᠮᠢᠨᠦ ᠬᠡᠤᠭᠡᠳ ᠪᠦᠷ ᠤᠬᠠᠭᠠᠨ ᠤᠷᠤᠴᠢᠬᠠᠵᠠᠢ᠃ ᠬᠤᠵᠢᠮ ᠲᠤᠮᠤ ᠪᠤᠯᠪᠠᠯ ᠪᠦᠷ ᠶᠤᠰᠤᠷᠬᠠᠭ ᠪᠤᠯᠪᠠᠰᠤᠨ | ᠬᠦᠮᠦᠨ ᠪᠤᠯᠤᠨ᠎ᠠ ᠳ᠋ᠠ︾ ᠭᠡᠵᠤ ᠤᠮᠤᠭᠰᠢᠨ ᠶᠠᠷᠢᠪᠠ᠃ | | | | | | ᠣᠷᠴᠢᠭᠤᠯᠤᠭᠴᠢ ᠶᠢᠨ ᠬᠠᠶ᠋ᠢᠭ᠄ ᠨᠠᠢᠮᠠᠨ ᠬᠤᠰᠢᠭᠤᠨ ᠤ ᠰᠤᠶᠤᠯ ᠤᠨ ᠣᠷᠳᠤᠨ | | |