ᠤᠮᠠᠷᠠᠲᠤ ᠬᠢᠯᠢ ᠶᠢ ᠬᠠᠶᠢᠷ᠎ᠠ ᠪᠠᠷ ᠲᠤᠯᠠᠭᠠᠯᠠᠬᠤ ︽ᠡᠷᠡᠭᠦᠯᠵᠢᠯ ᠳᠤ ᠲᠤᠰᠠᠯᠠᠬᠤ ᠢᠨᠵᠧᠨᠧᠷᠢᠩ︾ ᠤᠨ ᠮᠢᠩᠭᠠᠨ ᠭᠠᠵᠠᠷ ᠤᠨ ᠠᠶᠠᠯᠠᠯ — ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ  ᠶᠢᠨ ᠲᠥᠪ ᠤᠨ ︽ᠡᠷᠡᠭᠦᠯᠵᠢᠯ ᠳᠤ ᠲᠤᠰᠠᠯᠠᠬᠤ ᠢᠨᠵᠧᠨᠧᠷᠢᠩ︾ ᠤᠨ 2024 ᠣᠨ ᠤ ᠬᠥᠳᠡᠭᠡ ᠪᠠᠭᠤᠭᠰᠠᠨ ᠰᠢᠷᠢᠰ ᠮᠡᠳᠡᠭᠡᠯᠡᠯ ᠨᠢᠭᠡ᠄ ᠲᠦᠮᠡᠳ ᠪᠠᠷᠠᠭᠤᠨ ᠬᠤᠰᠢᠭᠤᠨ ᠳᠤ
ᠨᠡᠶᠢᠲᠡᠯᠡᠭᠰᠡᠨ ᠴᠠᠭ᠄
2024/3/26
     ᠭᠤᠷᠪᠠᠨ ᠰᠠᠷ᠎ᠠ ᠶᠢᠨ ᠤᠮᠠᠷᠠᠲᠤ ᠬᠢᠯᠢ ᠳᠤ ᠬᠠᠪᠤᠷ ᠤᠨ ᠨᠠᠬᠢᠶ᠎ᠠ ᠬᠦᠪᠤᠷᠡᠵᠤ᠂ ᠴᠢᠬᠢᠭ ᠬᠤᠷ᠎ᠠ ᠶᠢᠨ ᠦᠨᠤᠷ ᠰᠡᠩᠭᠢᠨᠡᠨ᠎ᠡ᠃ ᠬᠥᠳᠡᠭᠡ ᠪᠠᠭᠤᠬᠤ ᠠᠶᠠᠨ ᠤ ᠵᠠᠮ ᠳᠤ ᠨᠠᠷᠨ ᠲᠤᠨᠤᠷᠠᠨ ᠰᠠᠯᠬᠢ ᠰᠡᠪᠢᠯᠵᠡᠨ᠎ᠡ᠃ ᠪᠤᠭᠤᠲᠤ ᠬᠤᠲᠠ ᠶᠢᠨ ᠲᠦᠮᠡᠳ ᠪᠠᠷᠠᠭᠤᠨ ᠬᠤᠰᠢᠭᠤᠨ ᠤ ᠵᠠᠩᠵᠤᠨ ᠶᠣᠣ ᠪᠠᠯᠭᠠᠰᠤ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ ᠶᠢᠨ ᠲᠥᠪ ᠤᠨ ︽ᠡᠷᠡᠭᠦᠯᠵᠢᠯ ᠳᠤ ᠲᠤᠰᠠᠯᠠᠬᠤ ᠢᠨᠵᠧᠨᠧᠷᠢᠩ︾ ᠤᠨ ᠬᠥᠳᠡᠭᠡ ᠪᠠᠭᠤᠵᠤ ᠰᠢᠭᠰᠢᠬᠦ ᠠᠩᠬᠠᠨ ᠤ ᠦᠷᠳᠡᠭᠡ ᠶᠤᠮ᠃ ᠲᠣᠰ ᠠᠵᠢᠯ ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯᠵᠢᠯ ᠤᠨ ᠲᠤᠰᠠᠯᠠᠬᠤ ᠪᠠᠭᠠᠵᠢ  ᠶᠢᠨ ᠲᠥᠪ᠂ ᠪᠤᠭᠤᠲᠤ ᠬᠤᠲᠠ ᠶᠢᠨ ᠠᠷᠠᠳ ᠤᠨ ᠶᠠᠪᠤᠳᠠᠯ ᠤᠨ ᠲᠣᠪᠴᠢᠶ᠎ᠠ ᠪᠣᠯᠣᠨ ᠲᠦᠮᠡᠳ ᠪᠠᠷᠠᠭᠤᠨ ᠬᠤᠰᠢᠭᠤᠨ ᠤ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠬᠢᠨ ᠬᠠᠮᠲᠤᠷᠠᠨ ᠦᠷᠨᠢᠬᠦᠯᠬᠦ ᠪᠤᠯᠤᠨ᠎ᠠ᠃
W020240325528841105120.jpg
      ᠠᠵᠢᠯᠯᠠᠬᠤ ᠳᠤᠭᠤᠶᠢᠯᠠᠩ ᠤᠨ ᠬᠢᠨ ᠲᠤᠤᠷ᠎ᠠ ᠪᠠᠢ ᠴᠢᠩ ᠶᠣᠣ ᠲᠣᠰᠬᠤᠨ ᠤ ᠣᠷᠣᠯᠭ᠎ᠠ ᠪᠠᠭ᠎ᠠ ᠭᠡᠷ ᠪᠦᠯᠢ ᠶᠢᠨ ᠸᠠᠩ ᠭᠧᠨ ᠵᠧᠩ ᠤᠨ ᠳᠤ ᠢᠷᠡᠬᠦ ᠳᠤ ᠬᠤᠨᠢᠨ ᠤ ᠬᠠᠰᠢᠶ᠎ᠠ ᠪᠠᠨ ᠴᠡᠪᠡᠷᠯᠡᠵᠦ ᠪᠠᠶᠢᠪᠠ᠃ ᠠᠵᠢᠯᠳᠠᠳ ᠰᠣᠨᠣᠷ ᠨᠢ ᠮᠠᠭᠤᠳᠠᠬᠰᠠᠨ ᠲᠡᠬᠦᠨ ᠲᠠᠢ  ᠰᠠᠨᠠᠭ᠎ᠠ ᠤᠨᠤᠭ᠎ᠠ ᠪᠠᠨ ᠤᠯᠤᠯᠴᠠᠬᠤ ᠳᠤ ᠲᠦᠪᠡᠭᠳᠡᠢ ᠪᠠᠶᠢᠯ᠎ᠠ᠃ ᠡᠬᠡᠨᠡᠷ  ᠨᠢ ᠬᠤᠶᠠᠳᠤᠭᠠᠷ ᠳᠡᠰ ᠤᠨ ᠰᠤᠨᠤᠷ ᠤᠨ ᠪᠡᠷᠭᠡᠰᠢᠶᠡᠯᠳᠡᠨ ᠤ ᠦᠨᠡᠮᠯᠡᠯ ᠢ ᠨᠢ ᠭᠠᠷᠭᠠᠵᠤ᠂ ᠭᠡᠷ ᠤᠨ ᠢᠶᠠᠨ ᠪᠠᠶᠢᠳᠠᠯ ᠢ ᠭᠤᠨᠢᠬᠳᠠᠢ ᠲᠠᠨᠢᠯᠴᠠᠭᠤᠯᠵᠠᠢ᠃ ᠠᠵᠢᠯᠲᠠᠳ ᠸᠠᠩ ᠭᠧᠨ ᠵᠸᠡᠭ ᠤᠨ ᠰᠤᠨᠤᠷ ᠢ ᠪᠠᠶᠢᠴᠠᠭᠠᠭᠠᠳ ︽ᠡᠷᠡᠬᠦᠯᠵᠢᠯ ᠳᠤ ᠲᠤᠰᠠᠯᠠᠬᠤ ᠢᠨᠵᠧᠨᠧᠷᠢᠩ︾ ᠤᠨ ᠬᠠᠪᠰᠤᠷᠤᠯᠭ᠎ᠠ ᠶᠢ ᠭᠥᠷᠳᠡᠵᠦ᠂ ᠰᠦᠢᠳᠬᠡᠯ ᠬᠤᠷᠢᠶᠠᠬᠤ ᠦᠭᠡᠢ ᠪᠠᠷ ᠰᠣᠨᠣᠷ ᠲᠤᠳᠤᠤᠡᠬᠠᠭᠤᠷ ᠵᠡᠭᠦᠵᠦ ᠪᠣᠯᠣᠨ᠎ᠠ ᠭᠡᠵᠦ ᠲᠤᠬᠳᠠᠭᠠᠬᠰᠠᠨ ᠢᠶᠠᠷ ᠸᠠᠩ ᠭᠧᠨ ᠵᠧᠩ ᠡᠷ᠎ᠡ ᠡᠮ᠎ᠡ ᠬᠤᠶᠠᠷ ᠬᠦᠯ ᠨᠢ ᠭᠠᠵᠠᠷ ᠬᠦᠷᠬᠦ ᠦᠬᠡᠢ ᠪᠠᠶᠠᠷᠯᠠᠪᠠ᠃
W020240325528841168363.jpg
     ᠬᠤᠶᠢᠳᠤ ᠠᠳᠠᠷ ᠲᠣᠰᠬᠤᠨ ᠤ ᠵᠤᠤ ᠵᠢᠶᠦ᠋ᠨ ᠰᠢᠶᠠ ᠪᠣᠯ ᠨᠠᠶᠠᠭᠠᠳ ᠤᠨ ᠤ ᠬᠡᠤᠬᠡᠳ᠃ ᠲᠠᠷᠢᠬᠢ ᠨᠢ ᠲᠠᠮᠪᠠᠷᠠᠭᠰᠠᠨ ᠠᠴᠠ ᠪ᠊ ᠪᠡᠶ᠎ᠡ ᠳᠤ ᠪᠠᠨ ᠵᠦᠪ ᠪᠤᠯᠤᠬᠰᠠᠨ ᠦᠡᠭᠭᠡᠷᠡᠯᠳᠡ ᠶᠢ ᠨᠢ ᠲᠤᠭᠠᠴᠢᠬᠤ ᠳᠤ ᠪᠠᠨ ᠠᠪᠤ ᠶᠢᠨ ᠬᠢ  ᠨᠢ ᠬᠤᠭᠤᠯᠠᠢ ᠨᠢ ᠵᠠᠩᠭᠢᠷᠠᠵᠤ ᠪᠠᠶᠢᠯ᠎ᠠ᠃ ᠡᠨᠡ ᠵᠢᠯ ᠤᠨ ᠴᠠᠭᠠᠨ ᠰᠠᠷ᠎ᠠ ᠳᠤ ᠵᠤᠤ ᠵᠢᠶᠦ᠋ᠨ ᠰᠢᠶᠠ ᠭᠡᠵᠢᠭᠡ ᠪᠠᠨ ᠲᠤᠷᠠᠳᠠᠢ ᠦᠡᠭᠭᠡ ᠪᠠᠷ ᠪᠤᠳᠤᠭᠤᠯᠤᠬᠰᠠᠨ ᠪᠤᠯᠪᠠᠴᠤ ᠬᠡᠷ ᠠᠴᠠ ᠭᠠᠷᠬᠤ ᠵᠠᠪᠰᠢᠶᠠᠨ ᠬᠤᠪᠤᠷ ᠠᠵᠢ᠃ ᠶᠠᠳᠠᠭᠤ ᠲᠠᠷᠴᠢᠭ ᠠᠮᠢᠳᠤᠷᠠᠯ ᠠᠴᠠ ᠪᠤᠯᠤᠭᠠᠳ  ᠦᠬᠢᠨ ᠡᠳᠤᠷ ᠪᠤᠯᠭᠠᠨ ᠡᠬᠦᠳᠡᠨ ᠬᠡᠷ ᠲᠤ ᠪᠠᠨ ᠬᠦᠯᠢᠷᠡᠨ ᠰᠠᠭᠤᠬᠤ ᠠᠴᠠ ᠴᠠᠭᠠᠰᠢ ᠦᠬᠡᠢ᠃ ᠬᠡᠷᠡᠭᠴᠡᠭᠡ ᠶᠢ ᠨᠢ ᠠᠰᠠᠭᠤᠬᠤ ᠳᠤ ᠵᠤᠤ ᠵᠢᠶᠦ᠋ᠨ ᠰᠢᠶᠠ ᠠᠵᠢᠯᠲᠠᠳ ᠢᠶᠠᠨ ᠬᠠᠷᠠᠵᠤ᠂ ᠴᠤᠩᠬᠤ ᠦᠬᠡᠳᠡ ᠵᠢᠭᠠᠭᠠᠳ᠄ ︽ᠭᠠᠳᠠᠨ᠎ᠠ ᠭᠠᠷᠤᠶ᠎ᠠ ᠭᠡᠵᠦ ᠰᠠᠨᠠᠵᠤ ᠪᠠᠶᠢᠨ᠎ᠠ︾ ᠭᠡᠵᠦ ᠲᠦᠪᠡᠭᠳᠡᠩᠭᠦᠢ ᠬᠠᠷᠢᠭᠤᠯᠪᠠ᠃ ᠡᠵᠢ  ᠨᠢ ᠦᠬᠢᠨ ᠤ ᠪᠠᠨ ᠦᠬᠡ ᠶᠢ ᠰᠤᠨᠤᠰᠤᠭᠠᠳ ᠦᠪᠡᠷ ᠤᠨ ᠡᠷᠬᠡ ᠦᠬᠡᠢ ᠨᠢᠯᠪᠤᠰᠤ ᠪᠦᠮᠪᠦᠷᠢᠬᠦᠯᠪᠡ᠃ ᠠᠵᠢᠯᠲᠠᠳ ᠵᠣᠣ ᠵᠢᠶᠦ᠋ᠨ ᠰᠢᠶᠠ ᠶᠢᠨ ᠠᠳᠬᠠᠭᠠᠯ ᠤᠨ ᠴᠢᠳᠠᠪᠤᠷᠢ ᠪᠠ ᠰᠡᠳᠬᠢᠬᠦᠢ ᠶᠢᠨ ᠲᠤᠰᠬᠠᠯ ᠢ  ᠪᠠᠶᠢᠴᠠᠭᠠᠭᠠᠳ ᠬᠦᠷᠳᠦᠲᠦ ᠰᠠᠨᠳᠠᠯᠢ ᠬᠡᠷᠡᠭᠯᠡᠵᠦ ᠪᠣᠯᠬᠤ ᠶᠢ ᠲᠣᠳᠣᠯᠠᠵᠠᠢ᠃ ᠡᠶᠢᠨ ᠬᠦ ︽ᠡᠷᠡᠬᠦᠯᠵᠢᠯ ᠳᠤ ᠲᠤᠰᠠᠯᠠᠬᠤ ᠢᠨᠵᠧᠨᠧᠷᠢᠩ ︾ ᠤᠨ ᠲᠦᠷᠤᠯ ᠵᠦᠢᠯ ᠢᠶᠠᠷ ᠵᠤᠤ ᠵᠢᠶᠦ᠋ᠨ ᠰᠢᠶ᠋ᠨ ᠳᠤ ᠬᠦᠷᠢᠶᠡᠨ ᠳᠤ ᠭᠠᠷᠴᠤ ᠶᠠᠪᠤᠵᠤ ᠰᠠᠭᠤᠵᠤ ᠪᠤᠯᠬᠤ ᠬᠦᠷᠳᠤᠳᠤ ᠰᠠᠨᠳᠠᠯᠢ ᠬᠦᠷᠭᠡᠭᠰᠡᠨ ᠨᠢ ᠲᠡᠬᠦᠨ ᠤ ᠲᠤᠰᠤᠬᠰᠠᠨ ᠴᠠᠭᠠᠨ ᠰᠠᠷ᠎ᠠ ᠶᠢᠨ ᠨᠠᠨᠳᠢᠨ ᠪᠡᠯᠡᠭ ᠪᠠᠶᠢᠯ᠎ᠠ᠃   
 
ᠢᠷᠡᠯᠲᠡ᠄ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠶᠠᠪᠤᠳᠠᠯ ᠤᠨ ᠲᠢᠩᠭᠢᠮ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号