ᠲᠤᠭᠤᠯᠤᠨ ᠪᠣᠶ᠋ᠢᠵᠢᠯᠲᠠ᠎ᠨᠢ ᠤᠳᠠᠭ᠋ᠠᠨ᠂ ᠰᠢᠩᠭᠡᠭᠡᠯᠲᠡ᠎ᠨᠢ ᠮᠠᠭᠤ᠂ ᠵᠤᠭᠰᠤᠪᠠᠯ ᠭᠤᠢ᠌ᠪᠠᠯᠵᠢᠵᠤ᠂ ᠪᠦᠬᠦ
ᠪᠡᠶ᠎ᠡ᠎ᠨᠢ ᠬᠡᠰᠡᠭ ᠬᠡᠰᠡᠭ ᠵᠶ᠋ᠡᠷ ᠲᠠᠲᠠᠪᠠᠯᠵᠠᠬᠤ ᠪᠠᠢ᠌ᠳᠠᠯ᠎ᠨᠢ ᠰᠦ᠎ᠪᠠᠨ ᠵᠣᠭᠰᠣᠭᠰᠠᠨ ᠲᠤᠭᠤᠯ᠎ᠳᠤ ᠠᠷᠪᠢᠨ ᠢᠯᠡᠷᠡᠳᠡᠭ᠃ ᠡᠭᠦᠨ᠎ᠤ ᠭᠣᠣᠯ ᠰᠢᠯᠲᠠᠭ᠋ᠠᠨ᠎ᠨᠢ ᠡᠳᠦᠷ᠎ᠤᠨ ᠲᠡᠵᠢᠭᠡᠯᠳᠤ ᠺᠠᠯᠼ ᠳᠤᠲᠠᠭᠳᠠᠬᠤ ᠪᠤᠶᠤ ᠺᠠᠯᠼ ᠹᠣᠰᠹᠣᠷ᠎ᠤᠨ ᠬᠠᠷᠢᠴᠠᠯ᠎ᠳᠤ ᠬᠤᠪᠢᠷᠠᠯᠲᠠ ᠭᠠᠷᠤᠭᠰᠠᠨ᠎ᠠᠴᠠ ᠪᠣᠯᠵᠠᠢ᠃
ᠠᠯᠬᠤᠵᠤ ᠴᠢᠳᠠᠬᠤ ᠪᠥᠭᠡᠳ ᠡᠪᠡᠳᠴᠢᠨ᠎ᠤ ᠪᠠᠢ᠌ᠳᠠᠯ᠎ᠨᠢ ᠨᠡᠯᠢᠶᠡᠳ ᠬᠥᠩᠭᠡᠨ ᠲᠤᠭᠤᠯ᠎ᠳᠤ ᠵᠢᠭ᠋ᠠᠰᠤᠨ ᠡᠯᠢᠭᠡᠨ ᠲᠣᠰᠣ ᠵᠢ 10 ~15 ᠮᠢᠯᠢᠯᠢᠲᠷ ᠤᠤᠭᠤᠯᠭ᠋ᠠᠵᠤ᠂ ᠡᠳᠦᠷ᠎ᠲᠤ 1 ᠤᠳᠠᠭ᠎ᠠ᠂ ᠵᠠᠯᠭ᠋ᠠᠭ᠎ᠠ᠎ᠪᠠᠷ 3 ~ 5 ᠡᠳᠦᠷ ᠬᠡᠷᠡᠭᠯᠡᠨ᠎ᠡ᠃ ᠬᠡᠷᠪᠡ ᠰᠠᠭᠤᠯᠭ᠋ᠠᠪᠠᠯ ᠡᠮ ᠬᠡᠷᠡᠭᠯᠡᠬᠦ᠎ᠪᠠᠨ ᠵᠣᠭᠰᠣᠨ᠎ᠠ᠃ ᠡᠪᠡᠳᠴᠢᠨ᠎ᠤ ᠪᠠᠢ᠌ᠳᠠᠯ᠎ᠨᠢ ᠬᠦᠨᠳᠦ ᠲᠤᠭᠤᠯ᠎ᠳᠤ ᠪᠤᠯᠴᠢᠩ᠎ᠳᠤᠨᠢ ᠸᠢᠲ᠋ᠠᠮᠢᠨA᠂ ᠸᠢᠲ᠋ᠠᠮᠢᠨ D ᠲᠠᠷᠢᠯᠭ᠎ᠠ ᠵᠢᠨ ᠰᠢᠩᠭᠡᠨ 2 ~ 4 ᠮᠢᠯᠢᠯᠢᠲᠷᠢ ᠲᠠᠷᠢᠬᠤ ᠵᠢᠨ ᠬᠠᠮᠲᠤ ᠰᠦᠨ ᠬᠦᠴᠢᠯ᠎ᠤᠨ ᠺᠠᠯᠼ ᠵᠢ ᠤᠤᠭᠤᠯᠭ᠋ᠠᠬᠤ ᠪᠤᠶᠤ 10% ᠵᠢᠨ ᠦᠵᠦᠮ᠎ᠤᠨ ᠰᠢᠬᠢᠷ᠎ᠤᠨ ᠬᠦᠴᠢᠯ᠎ᠤᠨ ᠺᠠᠯᠼ᠎ᠢ ᠨᠠᠮᠵᠢᠭᠤᠨ ᠰᠤᠳᠠᠯ ᠵᠶ᠋ᠠᠷ ᠲᠠᠷᠢᠨ᠎ᠠ᠃
ᠲᠡᠵᠢᠭᠡᠪᠦᠷᠢ ᠵᠢᠨ ᠬᠠᠮᠢᠶᠠᠷᠤᠯᠲᠠ ᠵᠢ ᠴᠢᠩᠭ᠋ᠠᠳᠬᠠᠵᠤ᠂ ᠲᠤᠭᠤᠯ᠎ᠢ ᠬᠦᠢ᠍ᠲᠡᠨ ᠪᠤᠶᠤ ᠴᠢᠭᠢᠭᠯᠢᠭ ᠭᠠᠵᠠᠷ ᠬᠡᠪᠲᠡᠭᠦᠯᠵᠦ ᠪᠣᠯᠬᠤ ᠦᠭᠡᠢ᠂ ᠣᠯᠪᠣᠭ ᠡᠪᠡᠰᠦ᠎ᠪᠠᠨ ᠦᠷᠭᠦᠯᠵᠢ ᠰᠣᠯᠢᠬᠤ ᠬᠡᠷᠡᠭᠲᠡᠢ᠃ ᠡᠭᠦᠨ᠎ᠤ ᠬᠠᠮᠲᠤ ᠡᠬᠡ ᠮᠠᠯ᠎ᠤᠨ ᠺᠠᠯᠼ ᠨᠥᠬᠥᠬᠦ ᠠᠵᠢᠯ᠎ᠢ ᠰᠠᠢ᠌ᠲᠤᠷ ᠬᠢᠨ᠎ᠡ᠂ ᠵᠢᠱ᠌ᠢᠶᠡᠯᠡᠪᠡᠯ ᠲᠡᠵᠢᠭᠡᠯ ᠪᠣᠷᠳᠣᠭ᠋ᠠᠨ᠎ᠳᠤ ᠴᠢᠯᠠᠭᠤᠨ ᠲᠠᠯᠬ᠎ᠠ᠂ ᠮᠢᠬᠠᠨ ᠶᠠᠰᠤᠨ ᠲᠠᠯᠬ᠎ᠠ ᠪᠤᠶᠤ ᠥᠨᠳᠡᠭᠡᠨ ᠬᠠᠯᠢᠰᠤ ᠵᠢᠨ ᠲᠠᠯᠬ᠎ᠠ ᠵᠡᠷᠭᠡ ᠵᠢ ᠨᠡᠮᠡᠨ᠎ᠡ᠃ ᠡᠪᠡᠰᠦ ᠪᠣᠷᠳᠣᠭ᠎ᠠ ᠵᠢ ᠠᠯᠢ ᠴᠢᠳᠠᠬᠤ᠎ᠪᠠᠷ ᠤᠯᠠᠨ ᠶᠠᠩᠵᠤ᠎ᠲᠠᠢ ᠪᠠᠢ᠌ᠯᠭ᠋ᠠᠵᠤ᠂ ᠡᠳᠦᠷ ᠪᠦᠷᠢ ᠵᠣᠬᠢᠬᠤ ᠬᠡᠮᠵᠢᠶᠡᠨ᠎ᠤ ᠬᠥᠳᠡᠯᠭᠡᠭᠡᠨ ᠬᠢᠬᠦ᠂ ᠨᠡᠷᠡᠨ᠎ᠳᠤ ᠡᠭᠡᠭᠡᠬᠦ ᠴᠠᠭ᠎ᠲᠠᠢ ᠪᠠᠢ᠌ᠯᠭ᠋ᠠᠬᠤ ᠬᠡᠷᠡᠭᠲᠡᠢ᠃
ᠡᠭᠦᠨ᠎ᠠᠴᠠ ᠭᠠᠳᠠᠨ᠎ᠠ᠂ ᠭᠦᠢ᠍ᠴᠡᠳ ᠬᠡᠮᠵᠢᠶᠡᠨ᠎ᠤ ᠸᠢᠲ᠋ᠠᠮᠢᠨ ᠪᠣᠯᠣᠨ ᠣᠷᠭ᠋ᠠᠨᠢᠭ ᠪᠤᠰᠤ ᠳᠠᠪᠤᠰᠤ᠂ ᠺᠠᠯᠼ ᠹᠣᠰᠹᠣᠷ᠎ᠤᠨ ᠬᠠᠷᠢᠴᠠᠯ (2.5᠄ 1 ᠵᠢᠨ ᠬᠠᠮᠤᠭ᠎ᠤᠨ ᠲᠣᠬᠢᠷᠠᠮᠵᠢᠲᠠᠢ) ᠨᠢ ᠵᠤᠬᠢᠰᠳᠠᠢ ᠲᠡᠵᠢᠭᠡᠯ ᠡᠪᠡᠰᠦ ᠵᠢ ᠬᠠᠩᠭ᠋ᠠᠨ᠎ᠠ᠃ ᠵᠢᠱ᠌ᠢᠶᠡᠯᠡᠪᠡᠯ ᠨᠠᠷᠢᠮᠤ ᠵᠢᠨ ᠡᠪᠡᠰᠦ᠂ ᠨᠣᠭᠣᠭ᠋ᠠᠨ ᠬᠠᠭᠤᠷᠠᠢ ᠡᠪᠡᠰᠦ᠂ ᠬᠤᠯᠤᠤᠪᠠᠩ᠂ ᠪᠤᠷᠴᠠᠭ᠎ᠤᠨ ᠢᠵᠠᠭᠤᠷ᠎ᠤᠨ ᠲᠡᠵᠢᠭᠡᠯ ᠡᠪᠡᠰᠦ ᠵᠢᠴᠢ ᠵᠣᠬᠢᠬᠤ ᠬᠡᠮᠵᠢᠶᠡᠨ᠎ᠤ ᠨᠠᠷᠢᠯᠢᠭ ᠪᠣᠷᠳᠣᠭ᠎ᠠ᠂ ᠵᠢᠱ᠌ᠢᠶᠡᠯᠡᠪᠡᠯ ᠰᠢᠰᠢ᠂ ᠪᠤᠷᠴᠠᠭ᠎ᠤᠨ ᠪᠣᠣᠪᠣ᠂ ᠬᠡᠪᠡᠭ᠂ ᠡᠷᠳᠡᠨᠢ ᠰᠢᠰᠢ ᠵᠡᠷᠭᠡ ᠪᠣᠯᠣᠨ᠎ᠠ᠃