ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠠᠯᠲᠠᠨ ᠮᠥᠬᠦᠯᠢᠭ
ᠭᠠᠵᠠᠷ ᠳᠣᠣᠷᠠᠬᠢ ᠬᠥᠨᠥᠭᠡᠯᠳᠦ ᠬᠣᠷᠣᠬᠠᠢ ᠡᠭᠦᠰᠦᠭᠰᠡᠨ ᠪᠠᠢ᠌ᠳᠠᠯ ᠪᠠ ᠰᠡᠷᠭᠡᠢ᠌ᠯᠡᠨ ᠡᠵᠡᠮᠳᠡᠬᠦ ᠵᠢᠯᠤᠭᠣᠳᠬᠤ ᠰᠠᠨᠠᠯ
ᠨᠡᠶ᠋ᠢᠲᠡᠯᠡᠭᠰᠡᠨ ᠴᠠᠭ᠄ 2025-06-21

      ᠭᠠᠵᠠᠷ ᠳᠣᠣᠷᠠᠬᠢ ᠬᠥᠨᠥᠭᠡᠯᠳᠦ ᠬᠣᠷᠣᠬᠠᠢ ᠪᠣᠯ  ᠬᠦᠯᠦᠨ ᠪᠣᠢ᠌ᠷ  ᠬᠤᠲᠠ ᠵᠢᠨ ᠲᠠᠷᠢᠮᠠᠯ᠎ᠤᠨ ᠴᠢᠬᠢ ᠵᠢᠨ ᠬᠤᠭᠤᠴᠠᠭ᠋ᠠᠨ᠎ᠳᠠᠬᠢ ᠭᠣᠣᠯ ᠬᠥᠨᠥᠭᠡᠯᠳᠦ ᠬᠣᠷᠣᠬᠠᠢ ᠪᠣᠯᠣᠨ᠎ᠠ᠂ ᠡᠭᠦᠰᠬᠦ ᠲᠥᠷᠥᠯ᠎ᠳᠤ ᠭᠠᠵᠠᠷ᠎ᠤᠨ ᠪᠠᠷᠰ᠂ ᠦᠳᠦᠭ ᠬᠣᠷᠣᠬᠠᠢ᠂ ᠠᠯᠲᠠᠨ ᠰᠢᠯᠮᠦᠦᠰᠦᠲᠦ ᠬᠣᠷᠣᠬᠠᠢ᠂ ᠯᠠᠭᠤ ᠵᠡᠷᠭᠡ ᠪᠠᠢ᠌ᠵᠤ᠂ ᠡᠷᠳᠡᠨᠢ ᠰᠢᠰᠢ᠂ ᠰᠢᠷ᠎ᠠ ᠪᠤᠷᠴᠠᠭ᠂ ᠪᠤᠭᠤᠳᠠᠢ᠂ ᠰᠢᠯᠢᠮᠳᠡᠭ ᠵᠡᠷᠭᠡ ᠲᠠᠷᠢᠮᠠᠯ᠎ᠢ ᠬᠥᠨᠥᠭᠡᠵᠦ᠂ ᠲᠠᠷᠢᠮᠠᠯ᠎ᠤᠨ ᠦᠷ᠎ᠡ᠂ ᠦᠨᠳᠦᠰᠦ᠂ ᠡᠰᠢ᠂ ᠬᠡᠰᠡᠭᠲᠦ ᠦᠨᠳᠦᠰᠦ᠂ ᠬᠡᠰᠡᠭᠲᠦ ᠡᠰᠢ᠂ ᠨᠢᠯᠬ᠎ᠠ ᠴᠢᠬᠢ᠂ ᠵᠥᠭᠡᠯᠡᠨ ᠨᠠᠪᠴᠢ ᠵᠢᠴᠢ ᠤᠷᠭᠤᠯᠲᠠ ᠵᠢᠨ ᠴᠡᠭ᠎ᠢ  ᠢᠳᠡᠵᠦ᠂ ᠴᠢᠬᠢ ᠳᠤᠲᠠᠬᠤ ᠬᠦᠨᠳᠦ ᠨᠣᠴᠢᠲᠠᠢ ᠬᠣᠬᠢᠷᠠᠯ  ᠭᠠᠷᠭ᠋ᠠᠳᠠᠭ᠃

 

图片1.png

 

      ᠪᠦᠬᠦ ᠬᠣᠲᠠ ᠵᠢᠨ ᠤᠷᠭᠤᠮᠠᠯ᠎ᠤᠨ ᠬᠠᠮᠠᠭ᠋ᠠᠯᠠᠯᠲᠠ ᠵᠢᠨ  ᠮᠡᠷᠭᠡᠵᠢᠯᠲᠡᠨ᠎ᠤ ᠪᠠᠢ᠌ᠴᠠᠭ᠋ᠠᠯᠲᠠ ᠵᠢ ᠦᠨᠳᠦᠰᠦᠯᠡᠪᠡᠯ᠂ ᠣᠳᠣᠬᠠᠨ᠎ᠳᠤ ᠪᠦᠬᠦ ᠬᠣᠲᠠ᠎ᠳᠤ ᠨᠡᠢ᠌ᠲᠡ 6.9 ᠲᠦᠮᠡᠨ ᠮᠦ᠍ ᠭᠠᠵᠠᠷ ᠳᠣᠣᠷᠠᠬᠢ ᠬᠥᠨᠥᠭᠡᠯᠳᠦ ᠬᠣᠷᠣᠬᠠᠢ ᠡᠭᠦᠰᠴᠦ᠂ ᠶᠡᠷᠦᠩᠬᠡᠢ᠎ᠳᠡᠭᠡᠨ ᠬᠥᠩᠭᠡᠨ ᠡᠭᠦᠰᠴᠦ᠂ ᠬᠡᠰᠡᠭ ᠭᠠᠵᠠᠷ᠎ᠲᠤ ᠳᠤᠮᠳᠠ ᠵᠡᠷᠭᠡ ᠡᠭᠦᠰᠴᠦ᠂ ᠭᠣᠣᠯᠳᠠᠭᠤ  ᠰᠢᠷ᠎ᠠ  ᠪᠤᠷᠴᠠᠭ ᠪᠠ ᠡᠷᠳᠡᠨᠢ  ᠰᠢᠰᠢ ᠵᠢ ᠬᠦᠨᠦᠭᠡᠵᠦ᠂ ᠭᠠᠵᠠᠷ᠎ᠤᠨ ᠪᠠᠷᠰ᠂  ᠠᠯᠲᠠᠨ ᠰᠢᠯᠮᠦᠦᠰᠦᠲᠦ ᠬᠣᠷᠣᠬᠠᠢ᠂  ᠦᠳᠦᠭ ᠬᠣᠷᠣᠬᠠᠢ᠂ ᠯᠠᠭᠤ᠎ᠪᠠᠷ  ᠭᠣᠣᠯᠯᠠᠵᠤ᠂ ᠬᠥᠨᠥᠭᠡᠯᠳᠦ ᠲᠠᠯᠠᠪᠠᠢ᠎ᠨᠢ ᠲᠤᠰ ᠲᠤᠰ 3.8 ᠲᠦᠮᠡᠨ ᠮᠦ᠍᠂ 2.05 ᠲᠦᠮᠡᠨ ᠮᠦ᠍᠂ 0.7 ᠲᠦᠮᠡᠨ ᠮᠦ᠍᠂ 0.35 ᠲᠦᠮᠡᠨ ᠮᠦ᠍  ᠪᠠᠢ᠌ᠪᠠ᠃  ᠴᠠᠭ ᠠᠭᠤᠷ᠎ᠤᠨ ᠲᠥᠰᠥᠭᠡᠯᠡᠭᠰᠡᠨ ᠵᠶ᠋ᠠᠷ᠂ 6 ᠰᠠᠷ᠎ᠠ᠎ᠳᠤ ᠬᠦᠯᠦᠨ ᠪᠣᠢ᠌ᠷ  ᠬᠤᠲᠠ ᠵᠢᠨ ᠳᠤᠮᠳᠠᠴᠢ ᠠᠭ᠋ᠠᠷ᠎ᠤᠨ ᠳᠤᠯᠠᠭ᠋ᠠᠨ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ ᠥᠨᠳᠥᠷ ᠪᠠᠢ᠌ᠵᠤ᠂ ᠬᠤᠷ᠎ᠠ ᠲᠤᠨᠤᠳᠠᠰᠤ ᠵᠢᠨ ᠬᠡᠮᠵᠢᠶ᠎ᠡ ᠡᠩ᠎ᠤᠨ ᠵᠢᠯ᠎ᠤᠨ᠎ᠬᠢ᠎ᠠᠴᠠ ᠠᠷᠪᠢᠨ ᠪᠠᠢ᠌ᠵᠤ᠂ ᠠᠭ᠋ᠠᠷ᠎ᠤᠨ ᠳᠤᠯᠠᠭ᠋ᠠᠨ ᠵᠢᠴᠢ ᠬᠤᠷ᠎ᠠ ᠲᠤᠨᠤᠳᠠᠰᠤ ᠎ᠨᠢ  ᠭᠠᠵᠠᠷ ᠳᠣᠣᠷᠠᠬᠢ ᠬᠥᠨᠥᠭᠡᠯᠳᠦ ᠬᠣᠷᠣᠬᠠᠢ᠎ᠳᠤ ᠠᠰᠢᠭ ᠎ᠲᠠᠢ  ᠨᠥᠯᠥᠭᠡ ᠪᠣᠯᠵᠤ᠂ ᠣᠳᠣᠬᠠᠨ᠎ᠳᠤ ᠶᠠᠭ ᠰᠠᠢ᠌ᠬᠠᠨ ᠲᠠᠷᠢᠮᠠᠯ᠎ᠤᠨ  ᠴᠢᠬᠢᠯᠡᠬᠦ  ᠵᠠᠩᠭᠢᠯᠠᠭ᠎ᠠ ᠵᠢᠨ ᠴᠠᠭ ᠪᠠᠢ᠌ᠵᠤ᠂ ᠭᠠᠵᠠᠷ ᠳᠣᠣᠷᠠᠬᠢ ᠬᠥᠨᠥᠭᠡᠯᠳᠦ ᠬᠣᠷᠣᠬᠠᠢ ᠵᠢᠨ ᠬᠥᠨᠥᠭᠡᠯ᠎ᠤᠨ ᠡᠬᠢᠨ᠎ᠤ  ᠬᠤᠭᠤᠴᠠᠭ᠎ᠠ ᠪᠠᠢ᠌ᠵᠤ᠂ ᠡᠯ᠎ᠡ ᠬᠣᠰᠢᠭᠤ ᠬᠤᠲᠠ ᠲᠣᠭᠣᠷᠢᠭ ᠦᠷᠭᠦᠯᠵᠢᠯᠡᠨ ᠬᠢᠨᠠᠨ ᠬᠡᠮᠵᠢᠬᠦ᠎ᠪᠠᠨ ᠴᠢᠩᠭ᠋ᠠᠳᠬᠠᠵᠤ᠂ ᠬᠣᠷᠣᠬᠠᠢ ᠵᠢᠨ ᠪᠠᠢ᠌ᠳᠠᠯ᠎ᠤᠨ ᠮᠡᠳᠡᠭᠡ ᠵᠠᠩᠭᠢ ᠵᠢ ᠴᠠᠭ ᠲᠤᠬᠠᠢ᠎ᠳᠤᠨᠢ ᠳᠡᠭᠡᠭᠰᠢ ᠮᠡᠳᠡᠭᠦᠯᠵᠦ᠂ ᠴᠠᠭ᠎ᠲᠤᠨᠢ ᠲᠣᠬᠢᠷᠠᠭᠤᠯᠤᠨ ᠰᠡᠷᠭᠡᠢ᠌ᠯᠡᠨ ᠵᠠᠰᠠᠬᠤ ᠵᠢ ᠵᠢᠯᠤᠭᠣᠳᠬᠤ ᠬᠡᠷᠡᠭᠲᠡᠢ᠃

      ᠰᠡᠷᠭᠡᠢ᠌ᠯᠡᠨ ᠵᠠᠰᠠᠬᠤ ᠰᠠᠨᠠᠯ᠄

      1. ᠲᠠᠷᠢᠶᠠᠯᠠᠩ᠎ᠤᠨ ᠰᠡᠷᠭᠡᠢ᠌ᠯᠡᠨ ᠵᠠᠰᠠᠯᠲᠠ᠄ ᠲᠠᠷᠢᠶᠠᠨ ᠭᠠᠵᠠᠷ᠎ᠤᠨ ᠡᠯᠳᠡᠪ ᠡᠪᠡᠰᠦ ᠪᠠ ᠲᠠᠷᠢᠮᠠᠯ᠎ᠤᠨ ᠦᠯᠡᠳᠡᠭᠳᠡᠯ᠎ᠢ ᠴᠠᠭ ᠲᠤᠬᠠᠢ᠎ᠳᠤᠨᠢ ᠠᠷᠢᠯᠭ᠋ᠠᠵᠤ᠂ ᠬᠥᠨᠥᠭᠡᠯᠳᠦ ᠬᠣᠷᠣᠬᠠᠢ ᠵᠢᠨ ᠣᠷᠣᠰᠢᠨ ᠠᠮᠢᠳᠤᠷᠠᠬᠤ ᠪᠠ ᠦᠷᠡᠵᠢᠭᠦᠯᠬᠦ ᠲᠠᠯᠠᠪᠤᠷ᠎ᠢ ᠪᠠᠭ᠋ᠠᠰᠬᠠᠨ᠎ᠠ᠃

      2. ᠹᠢᠽᠢᠺ᠎ᠤᠨ ᠥᠳᠥᠭᠡᠯᠭᠡ᠄ ᠭᠠᠵᠠᠷ᠎ᠤᠨ ᠪᠠᠷᠰ᠂ ᠯᠠᠭᠤ ᠵᠡᠷᠭᠡ ᠪᠡᠶ᠎ᠡ ᠭᠦᠢ᠍ᠴᠡᠭᠰᠡᠨ ᠬᠣᠷᠣᠬᠠᠢ ᠵᠢᠨ ᠲᠡᠮᠡᠦᠯᠡᠬᠦ ᠴᠢᠨᠠᠷ᠎ᠢ ᠠᠰᠢᠭᠯᠠᠵᠤ᠂ ᠥᠳᠥᠭᠡᠨ ᠲᠠᠲᠠᠬᠤ ᠬᠤᠭᠤᠴᠠᠭ᠋ᠠᠨ᠎ᠳᠤ ᠬᠣᠷᠣᠬᠠᠢ ᠠᠯᠠᠬᠤ ᠳ᠋ᠧᠩ᠂ ᠪᠡᠯᠭᠡ ᠵᠢᠨ ᠥᠳᠥᠭᠡᠨ ᠪᠠᠷᠢᠬᠤ ᠪᠠᠭ᠋ᠠᠵᠢ ᠵᠡᠷᠭᠡ᠎ᠪᠠᠷ ᠥᠳᠥᠭᠡᠨ ᠠᠯᠠᠵᠤ ᠪᠣᠯᠣᠨ᠎ᠠ᠃

      3. ᠬᠢᠮᠢ ᠵᠢᠨ  ᠰᠡᠷᠭᠡᠢ᠌ᠯᠡᠨ ᠵᠠᠰᠠᠯᠲᠠ᠄  ᠰᠠᠢ ᠴᠤᠩ ᠴᠢᠨ (噻虫嗪)  ᠵᠡᠷᠭᠡ  ᠠᠭᠤᠯᠬᠤ  ᠰᠢᠨ᠎ᠡ ᠤᠳᠤᠭ᠋ᠠᠨᠳᠤ ᠱᠦᠯᠲᠦ ᠵᠢᠨ ᠲᠦᠷᠦᠯ᠎ᠤᠨ ᠬᠣᠷᠣᠬᠠᠢ ᠠᠯᠠᠬᠤ ᠡᠮ ᠪᠠ   ᠯᠢᠦᠢ ᠴᠤᠩ ᠪᠧᠨ ᠵᠢᠶᠠ ᠰᠢᠶᠠᠨ ᠠᠨ (氯虫苯甲酰胺)᠂  ᠰᠢᠦ ᠴᠢᠩ ᠴᠤᠩ ᠰᠢᠶᠠᠨ ᠠᠨ (溴氰虫酰胺)  ᠵᠡᠷᠭᠡ ᠦᠷ᠎ᠡ ᠰᠢᠢ᠍ᠳᠪᠦᠷᠢᠯᠡᠬᠦ ᠡᠮ ᠵᠶ᠋ᠠᠷ ᠲᠠᠷᠢᠬᠤ᠎ᠠᠴᠠ ᠡᠮᠦᠨ᠎ᠡ ᠬᠣᠯᠢᠵᠤ  ᠲᠠᠷᠢᠨ᠎ᠠ;  ᠬᠦᠨᠳᠦ ᠨᠣᠴᠢᠲᠠᠢ ᠡᠭᠦᠰᠦᠭᠰᠡᠨ ᠲᠠᠷᠢᠶᠠᠨ ᠭᠠᠵᠠᠷ᠎ᠲᠤ ᠲᠣᠬᠢᠷᠠᠮᠵᠢᠲᠠᠢ ᠬᠣᠷᠤᠬᠠᠢ ᠠᠯᠠᠬᠤ ᠡᠮ᠎ᠢ ᠰᠤᠩᠭᠤᠨ ᠬᠡᠷᠡᠭᠯᠡᠬᠦ ᠵᠢᠨ ᠬᠠᠮᠲᠤ ᠴᠠᠭ ᠲᠤᠬᠠᠢ᠎ᠳᠤᠨᠢ ᠰᠡᠷᠭᠡᠢ᠌ᠯᠡᠨ ᠵᠠᠰᠠᠨ᠎ᠠ᠃

      ᠮᠡᠳᠡᠭᠡ ᠵᠠᠩᠭᠢ ᠵᠢᠨ ᠢᠷᠡᠯᠲᠡ᠄ ᠬᠥᠯᠥᠨ ᠪᠤᠶ᠋ᠢᠷ ᠬᠤᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ

ᠢᠷᠡᠯᠲᠡ᠄ ᠬᠦᠯᠦᠨ ᠪᠣᠢ᠌ᠷ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
 
            