ᠰᠢᠷᠭᠤᠤᠯᠲᠠᠢ ᠭᠠᠴᠠᠭᠠᠨ ᠤ ᠬᠠᠮᠳᠤ ᠶᠢᠨ ᠠᠵᠤ ᠠᠬᠤᠢ ᠪᠠᠨ ᠬᠥᠭᠵᠢᠬᠦᠯᠦᠭᠰᠡᠨ ᠰᠢᠨ᠎ᠠ ᠰᠥᠪᠡᠭᠴᠢᠯᠡᠯᠳᠠ
ᠨᠡᠶᠢᠲᠡᠯᠡᠭᠰᠡᠨ ᠴᠠᠭ᠄
2020/11/23
     ᠡᠨᠡ ᠵᠢᠯ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠭᠠᠨᠵᠤᠭ᠎ᠠ ᠪᠠᠯᠭᠠᠰᠤᠨ ᠤ ᠰᠢᠷᠭᠤᠤᠯᠲᠠᠢ ᠭᠠᠴᠠᠭ᠎ᠠ ᠨᠠᠮ ᠤᠨ ᠪᠠᠶᠢᠭᠤᠯᠤᠯᠲᠠ ᠪᠠᠷ ᠵᠢᠯᠣᠭᠤᠳᠤᠮᠵᠢ ᠪᠣᠯᠭᠠᠬᠤ ᠶᠢ ᠪᠠᠷᠢᠮᠲᠠᠯᠠᠨ᠂ ᠡᠬᠢ ᠪᠠᠶᠠᠯᠢᠭ ᠤᠨ ᠳᠠᠯᠳᠠ ᠬᠦᠴᠦᠨ ᠢ ᠠᠭᠤᠳᠠᠯᠥᠨ᠂ ᠬᠠᠮᠲᠤ ᠶᠢᠨ ᠡᠳ᠋ ᠬᠥᠷᠥᠩᠭᠡ ᠶᠢ ᠠᠮᠢᠯᠠᠭᠤᠯᠬᠤ ᠶᠢᠨ ᠲᠥᠯᠥᠭᠡ ᠴᠢᠭᠢᠭ ᠤᠨ ᠤᠯᠠᠭᠠᠨ ᠬᠤᠷᠣᠬᠠᠶ ᠲᠡᠵᠢᠭᠡᠨ ᠦᠷᠡᠵᠢᠭᠦᠯᠬᠦ ᠲᠥᠷᠥᠯ ᠵᠦᠢᠯ ᠢ ᠵᠣᠷᠢᠭᠲᠠᠶ ᠣᠷᠣᠭᠤᠯᠤᠨ᠂ ᠬᠠᠮᠲᠤ ᠶᠢᠨ ᠠᠵᠤ ᠠᠬᠤᠶ ᠪᠠᠨ ᠬᠥᠭᠵᠢᠭᠦᠯᠦᠨ ᠪᠤᠵᠠᠭᠠᠶᠢᠷᠠᠭᠤᠯᠬᠤ ᠰᠢᠨ᠎ᠡ ᠠᠷᠭ᠎ᠠ ᠵᠠᠮ ᠢ ᠬᠠᠶᠢᠨ ᠰᠦᠪᠡᠭᠴᠢᠯᠡᠪᠡ᠃      ᠴᠢᠭᠢᠭ ᠤᠨ ᠤᠯᠠᠭᠠᠨ ᠬᠤᠷᠣᠬᠠᠶ ᠪᠣᠯ ᠬᠢᠲᠠᠳ ᠡᠮ ᠤᠨ ᠮᠠᠲ᠋ᠧᠷᠢᠶᠠᠯ ᠪᠤᠯᠤᠨ᠎ᠠ᠂ ᠬᠢᠲᠠᠳ ᠡᠮᠨᠡᠯᠭᠡ ᠳᠤ ᠴᠢᠬᠢᠭ ᠤᠨ ᠤᠯᠠᠭᠠᠨ ᠬᠤᠷᠤᠬᠠᠢ ᠬᠠᠯᠠᠭᠤᠨ ᠢ ᠪᠠᠭᠤᠷᠠᠭᠤᠯᠬᠤ᠂ ᠳᠠᠳᠠᠪᠠᠯᠵᠠᠬᠤ ᠶᠢ ᠵᠣᠭᠰᠣᠭᠠᠬᠤ᠂ ᠬᠢᠷᠬᠢᠷ᠎ᠡ ᠶᠢ ᠲᠡᠭᠰᠢᠯᠡᠬᠦ᠂ ᠴᠢᠰᠥᠨ ᠭᠦᠶᠦᠳᠡᠯ ᠢ ᠰᠠᠶᠢᠵᠢᠷᠠᠭᠤᠯᠬᠤ ᠵᠡᠷᠭᠡ ᠦᠢᠯᠡᠳᠤᠯ ᠲᠠᠢ᠃ ᠴᠢᠭᠢᠭ ᠤᠨ ᠤᠯᠠᠭᠠᠨ ᠬᠤᠷᠣᠬᠠᠶ ᠠᠴᠠ ᠴᠢᠰᠤ ᠡᠭᠡᠳᠡᠬᠦ ᠶᠢ ᠡᠰᠡᠷᠭᠦᠴᠡᠬᠦ ᠪᠠ ᠴᠢᠰᠥᠨ ᠪᠦᠯᠦᠩ ᠢ ᠬᠠᠶᠢᠯᠤᠭᠤᠯᠬᠤ ᠦᠢᠯᠡᠳᠦᠯ ᠲᠠᠢ ᠢᠰᠬᠡᠭᠦᠷ ᠵᠢᠴᠢ ᠰᠢᠮ᠎ᠡ ᠲᠡᠵᠢᠭᠡᠯ ᠥᠨᠳᠥᠷ ᠤᠭᠤᠷᠠᠭ ᠵᠡᠷᠭᠡ ᠶᠢ ᠭᠠᠷᠭᠠᠨ ᠠᠪᠴᠤ᠂ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ᠂ ᠰᠠ ᠡᠪᠡᠳᠴᠢᠨ ᠵᠡᠷᠭᠡ ᠡᠪᠡᠳᠴᠢᠨ ᠢ ᠵᠠᠰᠠᠬᠤ ᠳᠤ ᠬᠡᠷᠡᠭᠯᠡᠵᠦ ᠪᠣᠯᠬᠤ ᠪᠤᠯᠬᠤᠷ ᠵᠠᠬ᠎ᠠ ᠳᠡᠯᠭᠡᠭᠦᠷ ᠤᠨ ᠬᠡᠷᠡᠭᠴᠡᠭᠡ ᠮᠠᠰᠢ ᠶᠡᠭᠡ ᠪᠠᠶᠢᠳᠠᠭ᠃      ᠰᠢᠷᠭᠤᠤᠯᠲᠠᠢ ᠭᠠᠴᠠᠭᠠᠨ ᠤ ᠴᠢᠭᠢᠭ ᠤᠨ ᠤᠯᠠᠭᠠᠨ ᠬᠤᠷᠣᠬᠠᠶ ᠲᠡᠵᠢᠭᠡᠨ ᠦᠷᠡᠵᠢᠭᠦᠯᠬᠦ ᠲᠥᠷᠥᠯ ᠵᠦᠢᠯ ᠪᠣᠯ ᠪᠡᠭᠡᠵᠢᠩ ᠬᠢᠭᠡᠳ ᠥᠪᠥᠷ ᠮᠣᠩᠭᠤᠯ ᠤᠨ ᠶᠠᠳᠠᠭᠤ ᠶᠢ ᠲᠡᠳᠬᠦᠬᠦ ᠰᠢᠰᠲ᠋ᠧᠮ ᠢᠶᠠᠷ ᠬᠠᠮᠵᠢᠯᠴᠠᠬᠤ ᠲᠥᠷᠥᠯ ᠵᠦᠢᠯ ᠪᠣᠯᠤᠨ᠎ᠠ᠃ ᠨᠠᠮ ᠤᠨ ᠡᠭᠦᠷ ᠬᠤᠷᠰᠢᠶ᠎ᠠ ᠶᠢ ᠳᠠᠭᠠᠭᠤᠯᠤᠨ ᠡᠷᠬᠢᠯᠡᠬᠦ ᠬᠡᠯᠪᠡᠷᠢ ᠪᠠᠷ ᠰᠢᠷᠭᠤᠤᠯᠳᠠᠢ ᠭᠠᠴᠠᠭᠠᠨ ᠤ ᠨᠠᠮ ᠤᠨ ᠡᠭᠦᠷ ᠲᠦᠷᠦᠭᠦᠯᠡᠨ ᠴᠢᠭᠢᠭ ᠤᠨ ᠤᠯᠠᠭᠠᠨ ᠬᠤᠷᠣᠬᠠᠶ ᠲᠡᠵᠢᠭᠡᠨ ᠦᠷᠡᠵᠢᠭᠦᠯᠬᠦ ᠬᠤᠷᠰᠢᠶ᠎ᠠ ᠪᠠᠶᠢᠭᠤᠯᠵᠤ᠂ ᠨᠠᠮ ᠤᠨ ᠡᠭᠦᠷ ᠤᠨ ᠱᠦᠵᠢ ᠬᠤᠷᠰᠢᠶᠠᠨ ᠤ ᠬᠡᠷᠡᠭ ᠡᠷᠬᠢᠯᠡᠭᠴᠢᠳ ᠤᠨ ᠳᠠᠷᠤᠭ᠎ᠠ ᠶᠢᠨ ᠲᠤᠰᠢᠶᠠᠯ ᠢ ᠬᠠᠷᠢᠭᠤᠴᠠᠨ᠂ ᠬᠤᠷᠰᠢᠶᠠᠨ ᠤ ᠡᠵᠡᠩᠨᠡᠯᠲᠡ ᠶᠢ ᠨᠠᠮ ᠤᠨ ᠡᠭᠦᠷ ᠤᠨ ᠤᠳᠤᠷᠢᠳᠤᠯᠭ᠎ᠠ ᠳᠣᠣᠷ᠎ᠠ ᠥᠷᠨᠢᠭᠦᠯᠵᠦ᠂ ᠭᠠᠴᠠᠭᠠᠨ ᠤ ᠠᠷᠠᠳ ᠪᠡᠯᠡ ᠮᠥᠩᠭᠦ ᠪᠣᠯᠤᠨ ᠬᠥᠳᠡᠯᠮᠦᠷᠢ ᠬᠦᠴᠦ ᠪᠠᠷ ᠬᠤᠪᠢ ᠣᠷᠣᠬᠤ᠂ ᠬᠤᠷᠰᠢᠶ᠎ᠠ ᠶᠢᠨ ᠠᠰᠢᠭ ᠣᠷᠣᠯᠭ᠎ᠠ ᠶᠢ ᠤᠷᠤᠭᠤᠯᠤᠬᠰᠠᠨ ᠬᠤᠪᠢ ᠶᠢ ᠨᠢ ᠥᠨᠳᠥᠰᠥᠯᠡᠨ ᠴᠡᠪᠡᠷ ᠠᠰᠢᠭ ᠬᠤᠪᠢᠶᠠᠬᠤ ᠠᠷᠭ᠎ᠠ ᠠᠪᠴᠤ᠂ ᠭᠠᠴᠠᠭᠠᠨ ᠤ ᠬᠠᠮᠲᠤ ᠶᠢᠨ ᠠᠵᠤ ᠠᠬᠤᠢ ᠶᠢ ᠬᠥᠭᠵᠢᠭᠦᠯᠦᠨ ᠪᠤᠵᠠᠭᠠᠶᠢᠷᠠᠭᠤᠯᠤᠨ᠎ᠠ᠃      ᠡᠨᠡ ᠵᠢᠯ ᠤᠨ 8 ᠰᠠᠷ᠎ᠠ ᠳᠤ᠂ ᠲᠤᠰ ᠭᠠᠴᠠᠭᠠᠨ ᠤ ᠴᠢᠭᠢᠭ ᠤᠨ ᠤᠯᠠᠭᠠᠨ ᠬᠤᠷᠣᠬᠠᠢ ᠲᠡᠵᠢᠭᠡᠨ ᠦᠷᠡᠵᠢᠭᠦᠯᠬᠦ ᠲᠥᠷᠥᠯ ᠵᠥᠢᠯ ᠵᠢᠩᠬᠢᠨᠢ ᠪᠠᠷ ᠦᠢᠯᠡᠳᠪᠦᠷᠢᠯᠡᠯ ᠢᠶᠠᠨ ᠡᠬᠢᠯᠡᠭᠦᠯᠥᠨ᠂ ᠬᠤᠰᠢᠭᠤᠨ ᠤ ᠮᠠᠯ ᠠᠵᠤ ᠠᠬᠤᠢ ᠲᠠᠷᠢᠶᠠᠯᠠᠩ ᠤᠨ ᠲᠣᠪᠴᠢᠶ᠎ᠠ ᠲᠠᠢ ᠲᠥᠷᠥᠯ ᠵᠦᠢᠯ ᠤᠨ ᠬᠡᠯᠡᠯᠴᠡᠭᠡᠷ ᠲᠣᠭᠲᠠᠵᠤ᠂ ᠲᠣᠰ ᠲᠣᠪᠴᠢᠶ᠎ᠠ ᠦᠷ᠎ᠡ ᠶᠢᠨ ᠴᠢᠬᠢᠭ ᠤᠨ ᠤᠯᠠᠭᠠᠨ ᠬᠤᠷᠤᠬᠠᠢ ᠬᠠᠩᠭᠠᠬᠤ ᠶᠢᠨ ᠬᠠᠮᠲᠤ ᠴᠢᠬᠢᠭ ᠤᠨ ᠤᠯᠠᠭᠠᠨ ᠬᠤᠷᠣᠬᠠᠶ ᠶᠢ ᠬᠤᠷᠢᠶᠠᠨ ᠠᠪᠬᠤ ᠶᠢ ᠬᠠᠷᠢᠭᠤᠴᠠᠬᠤ ᠪᠠᠷ ᠳᠤᠬᠳᠠᠪᠠ᠃ ᠴᠢᠭᠢᠭ ᠤᠨ ᠤᠯᠠᠭᠠᠨ ᠬᠤᠷᠣᠬᠠᠶ ᠳᠡᠵᠢᠭᠡᠬᠦ ᠳᠤ ᠶᠡᠭᠡ ᠬᠡᠮᠵᠢᠶᠡᠨ ᠤ ᠢᠯᠭᠠᠳᠠᠰᠤ᠂ ᠤᠰᠤ ᠲᠠᠲᠠᠷᠠᠭᠤᠯᠬᠤ ᠳᠤ ᠳᠥᠭᠦᠮ ᠭᠠᠵᠠᠷ ᠰᠢᠷᠣᠶ ᠪᠠ ᠤᠰᠤ ᠴᠠᠬᠢᠯᠭᠠᠨ ᠵᠠᠮ ᠨᠡᠪᠳᠡᠷᠡᠯᠭᠡ ᠰᠠᠶᠢᠨ ᠪᠠᠶᠢᠬᠤ ᠶᠢ ᠱᠠᠭᠠᠷᠳᠠᠨ᠎ᠠ᠂ ᠡᠨᠡ ᠲᠠᠯ᠎ᠠ ᠪᠠᠷ ᠰᠢᠷᠭᠤᠤᠯᠲᠠᠢ ᠭᠠᠴᠠᠭ᠎ᠠ ᠮᠠᠰᠢ ᠳᠥᠭᠦᠮ ᠨᠥᠬᠦᠴᠡᠯ ᠲᠠᠢ᠃ ᠲᠤᠰ ᠭᠠᠴᠠᠭ᠎ᠠ ᠦᠬᠡᠷ ᠠᠷᠪᠢᠠ ᠮᠠᠯᠵᠢᠵᠥ ᠪᠠᠶᠢᠭ᠎ᠠ ᠪᠣᠯᠬᠤᠷ ᠴᠢᠭᠢᠭ ᠤᠨ ᠤᠯᠠᠭᠠᠨ ᠬᠤᠷᠣᠬᠠᠶ ᠶᠢ ᠲᠡᠵᠢᠭᠡᠨ ᠦᠷᠡᠵᠢᠭᠦᠯᠬᠦ ᠳᠤ ᠲᠦᠭᠦᠬᠡᠶ ᠮᠠᠲ᠋ᠧᠷᠢᠶᠠᠯ ᠤᠨ ᠢᠷᠡᠯᠲᠡ ᠶᠢ ᠬᠠᠩᠭᠠᠵᠠᠢ᠃ 1 ᠮᠦ ᠴᠢᠭᠢᠭ ᠤᠨ ᠤᠯᠠᠭᠠᠨ ᠬᠤᠷᠣᠬᠠᠢ ᠵᠢᠯ ᠳᠤ 120 ᠭᠠᠷᠤᠢ ᠪᠣᠰᠤᠭ᠎ᠠ ᠳᠥᠷᠪᠡᠯᠵᠢᠨ ᠮᠧᠲᠷ ᠥᠭᠡᠷ ᠤᠨ ᠢᠯᠭᠠᠳᠠᠰᠤ ᠬᠡᠷᠡᠭᠰᠡᠵᠥ᠂ ᠥᠭᠡᠷ ᠤᠨ ᠢᠯᠭᠠᠳᠠᠰᠤᠨ ᠤ ᠪᠣᠬᠢᠷᠲᠤᠯ ᠤᠨ ᠠᠰᠠᠭᠤᠳᠠᠯ ᠢ ᠪᠦᠲᠦᠮᠵᠢᠲᠡᠢ ᠰᠢᠢᠳᠪᠦᠷᠢᠯᠡᠵᠦ ᠴᠢᠳᠠᠨ᠎ᠠ᠃ ︽ᠰᠠᠷ᠎ᠠ ᠪᠦᠷᠢ 2 ᠠᠴᠠ 3 ᠤᠳᠠᠭ᠎ᠠ ᠥᠭᠡᠷ ᠤᠨ ᠢᠯᠭᠠᠳᠠᠰᠤ ᠨᠡᠮᠡᠵᠦ᠂ ᠵᠣᠨ ᠤ ᠤᠯᠠᠷᠢᠯ ᠡᠳᠦᠷ ᠪᠦᠷᠢ ᠨᠢᠭᠡ ᠤᠳᠠᠭ᠎ᠠ ᠤᠰᠤ ᠰᠥᠷᠴᠢᠵᠤ᠂ ᠤᠳᠠᠭ᠎ᠠ ᠪᠦᠷᠢ ᠬᠠᠭᠠᠰ ᠴᠠᠭ ᠣᠷᠴᠢᠮ ᠰᠥᠷᠴᠢᠨ᠎ᠡ᠂ 20 ᠠᠴᠠ 40 ᠡᠳᠦᠷ ᠲᠤ ᠨᠢᠭᠡ ᠤᠳᠠᠭ᠎ᠠ ᠴᠢᠭᠢᠭ ᠤᠨ ᠤᠯᠠᠭᠠᠨ ᠬᠤᠷᠣᠬᠠᠶ ᠶᠢ ᠬᠤᠷᠢᠶᠠᠵᠤ ᠠᠪᠲᠠᠭ᠃ ᠨᠢᠭᠡ ᠬᠥᠮᠦᠨ ᠮᠠᠰᠢᠨ ᠪᠠᠭᠠᠵᠢ ᠶᠢᠨ ᠲᠤᠰᠠᠯᠠᠮᠵᠢ ᠦᠭᠡᠢ ᠪᠠᠷ 3 ᠠᠴᠠ 5 ᠮᠦ ᠶᠢ ᠠᠷᠠᠴᠢᠯᠠᠠ ᠡᠵᠡᠩᠨᠡᠵᠥ᠂ ᠮᠠᠰᠢᠨ ᠪᠠᠭᠠᠵᠢ ᠶᠢᠨ ᠲᠤᠰᠠᠯᠠᠮᠵᠢ ᠲᠠᠢ ᠪᠣᠯ 10 ᠠᠴᠠ 30 ᠮᠦ ᠶᠢ ᠠᠷᠠᠴᠢᠯᠠᠠ ᠡᠵᠡᠩᠨᠡᠵᠥ ᠳᠡᠶᠢᠯᠥᠨ᠎ᠡ᠃ ᠤᠤᠯ ᠨᠢ ᠥᠭᠡᠷ ᠤᠨ ᠢᠯᠭᠠᠳᠠᠰᠤ ᠶᠢ ᠵᠥᠪᠬᠡᠨ ᠲᠠᠷᠢᠶᠠᠨ ᠤ ᠪᠣᠷᠳᠣᠭᠤᠷ ᠢᠶᠠᠷ ᠬᠡᠷᠡᠭᠯᠡᠵᠤ ᠪᠠᠶᠢᠵᠡᠢ᠃ ᠣᠳᠣ ᠴᠢᠭᠢᠭ ᠤᠨ ᠤᠯᠠᠭᠠᠨ ᠬᠤᠷᠣᠬᠠᠶ ᠲᠡᠵᠢᠭᠡᠬᠦ ᠪᠤᠯᠤᠬᠰᠠᠨ ᠠᠴᠠ ᠥᠭᠡᠷ ᠤᠨ ᠢᠯᠭᠠᠳᠠᠰᠤ ᠶᠢ ᠬᠤᠳᠠᠯᠳᠤᠨ ᠠᠪᠬᠤ ᠪᠤᠯᠵᠤ᠂ ᠶᠠᠳᠠᠭᠤ ᠬᠦᠴᠢᠷᠳᠡᠯᠲᠡᠶ ᠡᠷᠦᠬᠡ ᠪᠠ ᠲᠡᠵᠢᠭᠡᠨ ᠦᠷᠡᠵᠢᠭᠦᠯᠬᠦ ᠡᠷᠦᠬᠡ ᠶᠢ ᠳᠠᠶᠢᠴᠢᠯᠠᠨ ᠣᠷᠣᠯᠭ᠎ᠠ ᠶᠢ ᠨᠢ ᠨᠡᠮᠡᠭᠳᠡᠭᠦᠯᠦᠨ᠂ ᠨᠢᠭᠡ ᠯᠡ ᠳᠡᠭᠡᠷ᠎ᠡ ᠤᠯᠠᠨ ᠠᠰᠠᠭᠤᠳᠠᠯ ᠢ ᠰᠢᠢᠳᠪᠥᠷᠢᠯᠡᠴᠢᠭᠡᠯ᠎ᠡ︾ ᠭᠡᠵᠤ ᠰᠢᠷᠭᠤᠤᠯᠲᠠᠢ ᠭᠠᠴᠠᠭᠠᠨ ᠤ ᠨᠠᠮ ᠤᠨ ᠡᠭᠦᠷ ᠤᠨ ᠱᠦᠵᠢ ᠴᠢᠩ ᠯᠦᠩ ᠬᠡᠯᠡᠵᠦ ᠪᠠᠶᠢᠯ᠎ᠠ᠃      ᠡᠭᠦᠨ ᠠᠴᠠ ᠭᠠᠳᠠᠨ᠎ᠠ᠂ ᠴᠢᠭᠢᠭ ᠤᠨ ᠤᠯᠠᠭᠠᠨ ᠬᠤᠷᠣᠬᠠᠶ ᠶᠢᠨ ᠢᠯᠭᠠᠳᠠᠰᠤ ᠪᠠᠷ ᠪᠥᠷᠢᠯᠳᠥᠭᠰᠡᠨ ᠪᠣᠷᠲᠣᠭᠤᠷ ᠨᠢ ᠲᠠᠷᠢᠶᠠᠴᠢᠳ ᠤᠨ ᠢᠳᠡᠰᠢᠠ ᠨᠣᠭᠤᠭ᠎ᠠ ᠳᠠᠷᠢᠬᠤ ︽ᠰᠠᠶᠢᠨ ᠡᠳ᠋︾ ᠪᠠᠶᠢᠵᠤ᠂ ᠴᠢᠭᠢᠭ ᠤᠨ ᠤᠯᠠᠭᠠᠨ ᠬᠤᠷᠣᠬᠠᠢ ᠶᠢᠨ ᠢᠯᠭᠠᠳᠠᠰᠤᠨ ᠪᠤᠷᠳᠦᠭᠤᠷ ᠢ ᠬᠡᠷᠡᠭᠯᠡᠭᠰᠡᠨ ᠤ ᠳᠠᠷᠠᠭ᠎ᠠ ᠬᠢᠮᠢ ᠶᠢᠨ ᠪᠤᠷᠳᠦᠭᠤᠷ ᠬᠡᠷᠡᠭᠯᠡᠬᠦ ᠬᠡᠮᠵᠢᠶ᠎ᠡ ᠶᠢ ᠶᠡᠭᠡ ᠪᠠᠷ ᠪᠠᠭᠠᠰᠬᠠᠵᠤ᠂ ᠲᠠᠷᠢᠵᠤ ᠭᠠᠷᠭᠠᠭᠰᠠᠨ ᠢᠳᠡᠰᠢᠠ ᠨᠣᠭᠤᠭ᠎ᠠ ᠶᠢᠨ ᠴᠢᠨᠠᠷ ᠨᠢ ᠨᠡᠩ ᠰᠠᠶᠢᠨ᠃ ᠴᠢᠭᠢᠭ ᠤᠨ ᠤᠯᠠᠭᠠᠨ ᠬᠤᠷᠣᠬᠠᠶ ᠲᠡᠵᠢᠭᠡᠨ ᠦᠷᠡᠵᠢᠭᠦᠯᠬᠦ ᠪᠡᠯᠡ ᠣᠷᠣᠭᠤᠯᠤᠯᠲᠠ ᠶᠢᠨ ᠥᠪᠡᠷ ᠤᠨ ᠥᠷᠲᠡᠭ ᠳᠣᠤᠷ᠎ᠠ᠂ ᠦᠷ᠎ᠡ ᠠᠰᠢᠬ ᠣᠯᠬᠤ ᠨᠢ ᠲᠦᠷᠭᠡᠨ᠂ ᠦᠷ᠎ᠡ ᠶᠢᠨ ᠴᠢᠬᠢᠭ ᠤᠨ ᠤᠯᠠᠭᠠᠨ ᠬᠤᠷᠤᠬᠠᠢ ᠳᠤ ᠨᠢᠭᠡ ᠯᠡ ᠤᠳᠠᠭ᠎ᠠ ᠶᠢᠨ ᠴᠢᠨᠠᠷᠲᠠᠢ ᠪᠡᠯᠡ ᠣᠷᠣᠭᠤᠯᠪᠠᠯ᠂ ᠰᠡᠭᠦᠯᠴᠢ ᠶᠢᠨ ᠬᠤᠭᠤᠴᠠᠭᠠᠨ ᠳᠤ ᠴᠢᠭᠢᠭ ᠤᠨ ᠤᠯᠠᠭᠠᠨ ᠬᠤᠷᠣᠬᠠᠢ ᠥᠪᠡᠷ ᠢᠶᠠᠨ ᠦᠷᠡᠵᠢᠴᠢᠬᠡᠨ᠎ᠠ᠃ ᠨᠢᠭᠡ ᠵᠢᠯ ᠳᠤ ᠳᠥᠷᠪᠡᠨ ᠦᠶᠡᠯᠡᠯ ᠤᠨ ᠬᠤᠭᠤᠴᠠᠭ᠎ᠠ ᠲᠠᠢ ᠪᠤᠶᠢᠵᠢᠭᠤᠯᠵᠤ᠂ ᠰᠢᠷᠭᠤᠤᠯᠲᠠᠢ ᠭᠠᠴᠠᠭᠠᠨ ᠤ ᠣᠳᠣ ᠪᠠᠶᠢᠭ᠎ᠠ 10 ᠮᠦ ᠭᠠᠵᠠᠷ ᠤᠨ ᠴᠢᠭᠢᠭ ᠤᠨ ᠤᠯᠠᠭᠠᠨ ᠬᠤᠷᠣᠬᠠᠢ ᠲᠡᠵᠢᠭᠡᠨ ᠦᠷᠡᠵᠢᠭᠦᠯᠬᠦ ᠲᠠᠯᠠᠪᠠᠢ ᠪᠠᠷ ᠠᠪᠴᠤ ᠬᠡᠯᠡᠪᠠᠯ᠂ ᠦᠶᠡᠯᠡᠯ ᠤᠨ ᠬᠤᠭᠤᠴᠠᠭ᠎ᠠ ᠪᠦᠷᠢ ᠳᠤ ᠳᠤᠮᠳᠠᠴᠢ ᠪᠠᠷ 2.5 ᠲᠦᠮᠡᠨ ᠲᠥᠭᠦᠷᠢᠭ ᠤᠨ ᠣᠷᠣᠯᠭ᠎ᠠ ᠣᠯᠵᠤ᠂ ᠵᠢᠯ ᠤᠨ ᠬᠠᠮᠲᠤ ᠶᠢᠨ ᠠᠵᠤ ᠠᠬᠤᠢ ᠶᠢᠨ ᠣᠷᠣᠯᠭ᠎ᠠ ᠵᠢᠱᠢᠯᠲᠡ ᠪᠠᠷ 10 ᠲᠦᠮᠡᠨ ᠲᠥᠭᠦᠷᠢᠭ ᠤᠷᠴᠢᠮ ᠬᠥᠷᠬᠦ ᠪᠤᠯᠤᠨ᠎ᠠ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号