ᠲᠡᠵᠢᠭᠡᠯ ᠤᠨ ᠨᠦᠬᠡᠴᠡ᠄ ᠮᠢᠬᠠᠨ ᠦᠬᠡᠷ ᠢ ᠲᠡᠵᠢᠭᠡᠬᠦ ᠳᠤ ᠴᠢᠨᠠᠷ ᠰᠠᠶᠢᠲᠠᠢ ᠲᠡᠵᠢᠭᠡᠯ ᠰᠣᠩᠭᠤᠬᠤ ᠶᠠᠪᠤᠳᠠᠯ | ᠪᠣᠯ ᠮᠢᠬᠠᠨ ᠦᠬᠡᠷ ᠢ ᠡᠷᠡᠭᠦᠯ ᠢᠶᠠᠷ ᠲᠦᠷᠭᠡᠨ ᠦᠰᠭᠡᠬᠦ ᠪᠠ ᠦᠪᠡᠷ ᠤᠨ ᠦᠷᠲᠡᠭ ᠢ ᠨᠢ ᠪᠠᠭᠤᠷᠠᠭᠤᠯᠬᠤ ᠵᠠᠩᠭᠢᠯᠠᠭ᠎ᠠ | ᠪᠤᠯᠤᠨ᠎ᠠ᠃ | 1.ᠬᠠᠲᠠᠭᠠᠭᠰᠠᠨ ᠡᠪᠡᠰᠦ᠄ ᠬᠠᠲᠠᠭᠠᠭᠰᠠᠨ ᠡᠪᠡᠰᠦ ᠪᠣᠯ ᠮᠢᠬᠠᠨ ᠦᠬᠡᠷ ᠤᠨ ᠦᠨᠳᠦᠰᠦᠨ ᠲᠡᠵᠢᠭᠡᠯ ᠮᠦᠨ᠃ | ᠲᠡᠷᠡ ᠨᠢ ᠨᠦᠬᠡᠴᠡ ᠪᠠᠷ ᠦᠷᠭᠡᠨ᠂ ᠦᠪᠡᠷ ᠤᠨ ᠦᠷᠲᠡᠭ ᠨᠢ ᠬᠢᠮᠳᠠ᠂ ᠬᠠᠳᠠᠭᠠᠯᠠᠬᠤ ᠳᠤ ᠠᠮᠠᠷᠬᠠᠨ᠂ ᠰᠢᠮ᠎ᠡ | ᠲᠡᠵᠢᠭᠡᠯ ᠢᠶᠠᠷ ᠰᠠᠶᠢᠨ ᠵᠡᠷᠭᠡ ᠤᠨᠴᠠᠯᠢᠭ ᠲᠠᠢ ᠪᠠᠶᠢᠳᠠᠭ᠃ ᠡᠪᠡᠰᠦ ᠬᠠᠳᠤᠬᠤ ᠦᠶ᠎ᠡ ᠨᠢ ᠦᠶᠡᠲᠦ ᠤᠷᠭᠤᠮᠠᠯ ᠤᠨ | ᠢᠵᠠᠭᠤᠷ ᠨᠢ ᠲᠦᠷᠦᠭᠦᠵᠢᠨ ᠴᠡᠴᠡᠭᠯᠡᠬᠦ ᠪᠣᠶᠣ ᠪᠤᠷᠴᠠᠭᠲᠤ ᠤᠷᠭᠤᠮᠠᠯ ᠤᠨ ᠢᠵᠠᠭᠤᠷ ᠨᠢ ᠴᠡᠴᠡᠭᠯᠡᠵᠦ ᠡᠬᠢᠯᠡᠬᠦ ᠦᠶ᠎ᠡ | ᠪᠠᠶᠢᠪᠠᠯ ᠵᠤᠬᠢᠨ᠎ᠠ᠃ ᠡᠷᠲᠡ ᠬᠠᠳᠤᠪᠠᠯ ᠭᠠᠷᠴᠠ ᠪᠠᠭᠠᠲᠠᠢ ᠪᠦᠭᠡᠳ ᠪᠣᠯᠪᠠᠰᠤᠷᠠᠭᠤᠯᠬᠤ ᠳᠤ ᠬᠦᠴᠢᠷᠲᠡᠢ ᠪᠠᠶᠢᠳᠠᠭ᠃ | ᠬᠡᠳᠦ ᠤᠷᠤᠢ ᠬᠠᠳᠤᠪᠠᠯ ᠸᠢᠲ᠋ᠠᠮᠢᠨ ᠪᠣᠯᠣᠨ ᠪᠦᠳᠦᠭᠦᠯᠢᠭ ᠤᠭᠤᠷᠠᠭᠲᠤ ᠪᠤᠳᠠᠰ ᠤᠨ ᠠᠭᠤᠯᠤᠭᠳᠠᠴᠠ ᠨᠢ ᠪᠠᠭᠠᠰᠴᠤ᠂ | ᠪᠦᠳᠦᠭᠦᠨ ᠰᠢᠷᠬᠡᠭ ᠨᠢ ᠨᠡᠮᠡᠭᠳᠡᠵᠦ᠂ ᠢᠳᠡᠪᠦᠷᠢ ᠦᠭᠡᠢ ᠪᠣᠯᠵᠣ᠂ ᠰᠢᠩᠭᠡᠴᠡ ᠨᠢ ᠴᠤ ᠮᠠᠭᠤᠲᠠᠨ᠎ᠠ᠃ ᠬᠠᠳᠤᠭᠰᠠᠨ | ᠡᠪᠡᠰᠦ ᠪᠠᠨ ᠳᠤᠤᠷᠠᠬᠢ ᠬᠤᠶᠠᠷ ᠠᠯᠬᠤᠮ ᠢᠶᠠᠷ ᠪᠣᠯᠪᠠᠰᠤᠷᠠᠭᠤᠯᠵᠤ ᠪᠤᠯᠤᠨ᠎ᠠ᠄ ᠨᠢᠭᠡ ᠳᠤ᠂ ᠲᠡᠭᠰᠢ ᠨᠢᠮᠭᠡᠨ ᠳᠡᠯᠭᠡᠭᠡᠳ | ᠬᠠᠯᠠᠭᠤᠨ ᠨᠠᠷᠠᠨ ᠳᠣᠣᠷ᠎ᠠ 4~5 ᠴᠠᠭ ᠲᠠᠯᠪᠢᠵᠤ᠂ ᠤᠰᠤᠨ ᠤ ᠬᠢᠨᠢ ᠠᠭᠤᠯᠤᠭᠳᠠᠴᠠ ᠶᠢ ᠨᠢ 40% ᠤᠷᠴᠢᠮ | ᠪᠠᠭᠠᠰᠬᠠᠨ᠎ᠠ᠂ ᠢᠩᠭᠢᠪᠡᠯ ᠡᠪᠡᠰᠦᠨ ᠤ ᠡᠰ ᠨᠢ ᠲᠦᠷᠭᠡᠨ ᠦᠬᠦᠵᠢᠭᠡᠳ ᠡᠪᠡᠰᠦᠨ ᠤ ᠰᠢᠮ᠎ᠡ ᠲᠡᠵᠢᠭᠡᠯ ᠤᠨ | ᠠᠯᠳᠠᠭᠳᠠᠯ ᠢ ᠪᠠᠭᠠᠰᠬᠠᠵᠤ ᠴᠢᠳᠠᠨ᠎ᠠ᠃ ᠬᠤᠶᠠᠷ ᠲᠤ᠂ ᠪᠠᠭ᠎ᠠ ᠤᠪᠤᠭᠠᠯᠠᠵᠤ᠂ ᠬᠠᠲᠠᠭᠠᠬᠤ ᠪᠤᠶᠤ ᠮᠦᠷᠯᠡᠨ ᠬᠠᠳᠠᠭᠠᠨ᠎ᠠ᠃ | ᠣᠪᠣᠭ᠎ᠠ ᠶᠢᠨ ᠦᠨᠳᠦᠷ ᠢ 1m᠂ ᠳ᠋ᠢᠶᠠᠮᠧᠲᠷ ᠢ 1.5m ᠪᠠᠶᠢᠯᠭᠠᠨ᠎ᠠ᠃ 14%~17% ᠪᠣᠯᠲᠠᠯ᠎ᠠ ᠬᠠᠳᠠᠵᠤ | ᠠᠭᠤᠷᠰᠢᠪᠡᠯ ᠪᠣᠭᠤᠵᠢᠯᠠᠨ ᠬᠠᠳᠠᠭᠠᠯᠠᠵᠤ ᠪᠣᠯᠣᠨ᠎ᠠ᠃ ᠴᠢᠨᠠᠷ ᠰᠠᠶᠢᠲᠠᠢ ᠬᠠᠲᠠᠭᠠᠭᠰᠠᠨ ᠡᠪᠡᠰᠦ ᠨᠢ ᠭᠢᠯᠲᠠᠭᠠᠨᠠᠭᠰᠠᠨ | ᠨᠤᠭᠤᠭᠠᠨ ᠦᠩᠭᠡ ᠲᠠᠢ᠂ ᠠᠩᠭᠢᠯᠤᠮ᠎ᠠ ᠰᠠᠶᠢᠬᠠᠨ ᠦᠨᠦᠷ ᠲᠠᠢ᠂ ᠨᠡᠪᠴᠢ ᠨᠢ ᠴᠤ ᠪᠠᠭ᠎ᠠ ᠰᠠᠭ᠎ᠠ ᠤᠨᠠᠳᠠᠭ᠂ | ᠲᠡᠭᠦᠨ ᠳᠠᠬᠢ ᠦᠶᠡᠲᠦ ᠢᠵᠠᠭᠤᠷ ᠤᠨ ᠤᠷᠭᠤᠮᠠᠯ ᠪᠤᠯᠤᠨ ᠪᠤᠷᠴᠠᠭᠲᠤ ᠤᠷᠭᠤᠮᠠᠯ ᠨᠢ 60% ᠠᠴᠠ ᠳᠡᠭᠡᠭᠰᠢᠬᠢ ᠶᠢ | ᠡᠵᠡᠯᠡᠬᠦ ᠬᠡᠷᠡᠭᠲᠡᠢ᠂ ᠬᠤᠤᠷᠠᠲᠤ ᠬᠦᠨᠦᠭᠡᠯᠲᠦ ᠤᠷᠭᠤᠮᠠᠯ ᠤᠨ ᠠᠭᠤᠯᠤᠭᠳᠠᠴᠠ ᠶᠢ ᠨᠢ 1% ᠠᠴᠠ ᠬᠡᠲᠦᠷᠡᠭᠦᠯᠵᠦ | ᠪᠣᠯᠬᠤ ᠦᠭᠡᠢ ᠶᠣᠮ᠃ | 2.ᠳᠠᠷᠤᠰᠢᠭᠤᠯᠤᠭᠰᠠᠨ ᠲᠡᠵᠢᠭᠡᠯ᠄ ᠳᠠᠷᠤᠰᠢᠭᠤᠯᠤᠭᠰᠠᠨ ᠲᠡᠵᠢᠭᠡᠯ ᠪᠣᠯ ᠵᠦᠭᠡᠯᠡᠨ᠂ ᠢᠰᠭᠦᠯᠡᠩ ᠬᠦᠴᠢᠲᠡᠢ᠂ | ᠠᠩᠭᠢᠯᠤᠮ᠎ᠠ ᠰᠠᠶᠢᠬᠠᠨ ᠦᠨᠦᠷ ᠲᠠᠢ ᠶᠣᠮ᠃ ᠲᠡᠷᠡ ᠨᠢ ᠢᠳᠡᠪᠦᠷᠢᠲᠡᠢ ᠪᠦᠭᠡᠳ ᠡᠪᠦᠯ᠂ ᠬᠠᠪᠤᠷ ᠤᠨ ᠭᠤᠤᠯ ᠲᠡᠵᠢᠭᠡᠯ | ᠪᠣᠯᠳᠠᠭ᠃ ᠨᠦᠬᠡᠨ ᠳᠤ ᠬᠠᠳᠠᠭᠠᠯᠠᠬᠤ ᠠᠷᠭ᠎ᠠ ᠶᠢ ᠭᠤᠣᠯ ᠪᠣᠯᠭᠠᠨ ᠬᠡᠷᠡᠭᠯᠡᠪᠡᠯ ᠵᠣᠬᠢᠨ᠎ᠠ᠃ ᠨᠦᠬᠡ ᠮᠠᠯᠲᠠᠬᠤ ᠳᠠᠭᠠᠨ | ᠲᠡᠭᠰᠢᠬᠡᠨ᠂ ᠰᠢᠷᠤᠢ ᠨᠢ ᠬᠠᠲᠠᠭᠤ᠂ ᠤᠰᠤᠨ ᠲᠦᠪᠰᠢᠨ ᠨᠢ ᠳᠤᠤᠷ᠎ᠠ᠂ ᠨᠦᠮᠦᠷᠢ ᠲᠠᠢ ᠪᠦᠭᠡᠳ ᠨᠠᠷᠠᠨ ᠡᠭᠡᠪᠦᠷ | ᠭᠠᠵᠠᠷ ᠢ ᠰᠣᠩᠭᠤᠬᠤ ᠬᠡᠷᠡᠭᠲᠡᠢ᠃ ᠨᠦᠬᠡ ᠶᠢ ᠳᠦᠷᠪᠡᠯᠵᠢᠨ᠂ ᠲᠤᠭᠤᠷᠢᠭ ᠬᠡᠯᠪᠡᠷᠢᠲᠡᠢ ᠮᠠᠯᠲᠠᠵᠤ ᠪᠣᠯᠬᠤ ᠪᠦᠭᠡᠳ | ᠬᠠᠨ᠎ᠠ ᠶᠢ ᠨᠢ ᠲᠤᠭᠤᠰᠬ᠎ᠠ ᠪᠠᠷ ᠦᠷᠦᠵᠦ᠂ ᠲᠡᠭᠰᠢᠯᠡᠬᠦ ᠳᠤᠲᠤᠮ ᠬᠤᠮᠢᠭᠠᠷ ᠪᠣᠯᠭᠠᠪᠠᠯ ᠵᠤᠬᠢᠨ᠎ᠠ᠃ ᠶᠡᠷᠦᠩᠬᠡᠢ ᠳᠡᠭᠡᠨ | ᠪᠤᠰᠤᠭ᠎ᠠ ᠳᠦᠷᠪᠡᠯᠵᠢᠨ ᠮᠧᠲᠷ ᠪᠦᠷᠢ ᠳᠤ 500kg ᠡᠷᠳᠡᠨᠢ ᠰᠢᠰᠢ ᠶᠢᠨ ᠡᠰᠢ ᠪᠤᠶᠤ 600kg ᠨᠤᠭᠤᠭᠠᠨ | ᠡᠪᠡᠰᠦ ᠳᠠᠷᠤᠰᠢᠭᠤᠯᠤᠨ᠎ᠠ᠃ ᠳᠠᠷᠤᠰᠢᠭᠤᠯᠤᠭᠰᠠᠨ ᠲᠦᠭᠦᠬᠡᠢ ᠡᠳ᠋ ᠲᠠᠬᠢ ᠤᠰᠤᠨ ᠤ ᠠᠭᠤᠯᠤᠭᠳᠠᠴᠠ ᠶᠢ ᠨᠢ | 60%~80% ᠪᠠᠶᠢᠯᠭᠠᠪᠠᠯ ᠵᠤᠬᠢᠬᠤ ᠪᠦᠭᠡᠳ 2cm ᠬᠢᠷᠢᠲᠡᠢ ᠪᠣᠭᠤᠨᠢ ᠬᠡᠷᠴᠢᠭᠡᠳ ᠨᠦᠬᠡᠨ ᠳᠤ ᠬᠢᠬᠦ ᠶᠢᠨ | ᠬᠠᠮᠲᠤ ᠨᠢᠭᠲᠠᠷᠠᠰᠢᠭᠤᠯᠤᠨᠠ᠃ ᠨᠦᠬᠡᠨ ᠳᠤ ᠲᠡᠵᠢᠭᠡᠯ ᠬᠢᠵᠦ ᠳᠦᠭᠦᠷᠭᠡᠭᠰᠡᠨ ᠤ ᠳᠠᠷᠠᠭ᠎ᠠ ᠰᠦᠯᠢᠶᠤᠤ ᠨᠢᠮᠭᠡᠨ | ᠬᠤᠴᠢᠯᠭ᠎ᠠ ᠪᠠᠷ ᠰᠠᠶᠢᠨ ᠬᠤᠴᠢᠭᠠᠳ 30~50cm ᠵᠣᠵᠠᠭᠠᠨ ᠰᠢᠷᠤᠢ ᠪᠠᠷ ᠳᠠᠷᠤᠵᠤ ᠪᠢᠲᠡᠭᠦᠯᠡᠨ᠎ᠡ᠃ | ᠶᠡᠷᠦᠩᠬᠡᠢ ᠳᠡᠭᠡᠨ ᠰᠠᠷ᠎ᠠ ᠪᠣᠯᠪᠠᠯ ᠠᠪᠴᠤ ᠭᠠᠷᠭᠠᠭᠠᠳ ᠮᠠᠯ ᠤᠨᠤᠭ᠎ᠠ ᠪᠠᠨ ᠲᠡᠵᠢᠭᠡᠵᠦ ᠪᠣᠯᠣᠨ᠎ᠠ᠃ | ᠳᠠᠷᠤᠰᠢᠭᠤᠯᠤᠭᠰᠠᠨ ᠲᠡᠵᠢᠭᠡᠯ ᠢ ᠰᠢᠭᠦᠰᠦᠲᠦ ᠲᠡᠵᠢᠭᠡᠯ᠂ ᠵᠢᠱᠢᠶᠡᠯᠡᠪᠡᠯ ᠡᠷᠳᠡᠨᠢ ᠰᠢᠰᠢ᠂ ᠨᠤᠭᠤᠭᠠᠨ ᠡᠪᠡᠰᠦ᠂ | ᠨᠤᠭᠤᠭᠠᠨ ᠨᠠᠪᠴᠢ᠂ ᠨᠠᠷᠢᠬᠠᠨ ᠬᠡᠷᠴᠢᠭᠰᠡᠨ ᠰᠢᠬᠢᠷ ᠤᠨ ᠮᠠᠨᠵᠢᠨ᠂ ᠰᠢᠬᠢᠷ ᠯᠤᠤᠪᠠᠩ᠂ ᠪᠠᠵᠢᠮᠠᠭ ︵ᠨᠠᠷᠢᠬᠢ ᠨᠡᠷᠡᠭᠡᠳ | ᠦᠯᠡᠳᠡᠭᠰᠡᠨ ᠰᠢᠭᠠᠷᠤ︶ ᠵᠡᠷᠭᠡ ᠪᠠᠷ ᠭᠤᠤᠯᠯᠠᠭᠤᠯᠤᠨ᠎ᠠ᠃ ᠳᠠᠷᠤᠰᠢᠭᠤᠯᠤᠭᠰᠠᠨ ᠲᠡᠵᠢᠭᠡᠯ ᠢᠶᠠᠷ ᠪᠣᠷᠳᠣᠬᠤ ᠦᠶ᠎ᠡ ᠳᠤ | ᠡᠷᠯᠢᠰᠡ ᠦᠬᠡᠷ ᠲᠤ ᠡᠳᠦᠷ ᠪᠦᠷᠢ 8~15kg ᠦᠭᠭᠦᠨ᠎ᠡ᠃ | 3.ᠰᠢᠭᠡᠭ ᠢ ᠠᠰᠢᠭᠯᠠᠬᠤ᠄ ᠰᠢᠭᠡᠭ ᠪᠣᠯ ᠦᠪᠡᠷ ᠤᠨ ᠦᠷᠲᠡᠭ ᠢᠶᠠᠷ ᠬᠢᠮᠳᠠ ᠤᠭᠤᠷᠠᠭᠲᠤ ᠪᠤᠳᠠᠰ ᠪᠦᠬᠦᠢ | ᠨᠡᠮᠡᠯᠲᠡ ᠲᠡᠵᠢᠭᠡᠯ ᠪᠣᠯᠣᠨ᠎ᠠ᠃ ᠬᠡᠷᠪᠡ ᠲᠤᠬᠢᠷᠠᠮᠵᠢᠲᠠᠢ ᠲᠡᠵᠢᠭᠡᠬᠦ ᠳᠤ ᠬᠦᠷᠪᠡᠯ 1kg ᠰᠢᠭᠡᠭ ᠨᠢ 5kg | ᠪᠤᠷᠴᠠᠭ ᠤᠨ ᠰᠢᠬᠠᠳᠠᠰᠣ ᠲᠠᠢ ᠲᠡᠩᠴᠡᠳᠡᠭ᠃ ᠬᠤᠨᠤᠭ ᠤᠨ ᠲᠡᠵᠢᠭᠡᠯ ᠳᠤ ᠬᠠᠭᠤᠷᠠᠢ ᠪᠤᠳᠠᠰ ᠢ 1% ᠪᠠᠷ᠂ ᠨᠠᠷᠢᠯᠢᠭ | ᠲᠡᠵᠢᠭᠡᠯ ᠢ 2% ᠢᠶᠠᠷ ᠪᠠᠶᠢᠯᠭᠠᠪᠠᠯ ᠵᠤᠬᠢᠨ᠎ᠠ᠃ ᠪᠠᠰᠠ ᠦᠬᠡᠷ ᠤᠨ ᠠᠮᠢᠳᠤ ᠶᠢᠨ ᠵᠢᠩ ᠢᠶᠠᠷ ᠪᠤᠳᠤᠵᠤ ᠲᠡᠵᠢᠭᠡᠬᠦ | ᠬᠡᠮᠵᠢᠶ᠎ᠡ ᠶᠢ ᠲᠤᠭᠲᠠᠭᠠᠭᠠᠳ ᠠᠮᠢᠳᠤ ᠶᠢᠨ ᠵᠢᠩ ᠤᠨ 100kg ᠪᠦᠷᠢ ᠳᠤ 20~30g ᠢᠶᠠᠷ ᠦᠭᠭᠦᠨ᠎ᠡ᠃ | ᠲᠡᠵᠢᠭᠡᠬᠦ ᠠᠷᠭ᠎ᠠ ᠨᠢ ᠭᠡᠪᠡᠯ᠂ ᠰᠢᠭᠡᠭ ᠢ ᠠᠭᠤᠰᠭᠠᠭᠰᠠᠨ ᠤ ᠳᠠᠷᠠᠭ᠎ᠠ ᠨᠠᠷᠢᠨ ᠲᠡᠵᠢᠭᠡᠯ ᠲᠠᠢ ᠵᠢᠭᠲᠡ ᠬᠤᠯᠢᠨ᠎ᠠ᠃ | ᠬᠠᠷᠢᠨ ᠰᠢᠭᠡᠭ ᠢ ᠳᠠᠩ ᠢᠶᠠᠷ ᠨᠢ ᠦᠭᠬᠦ ᠪᠣᠶᠣ ᠠᠭᠤᠰᠬᠠᠭᠠᠳ ᠤᠰᠤᠯᠠᠵᠤ ᠪᠣᠯᠬᠤ ᠦᠭᠡᠢ᠃ ᠬᠡᠷᠪᠡ ᠰᠢᠭᠡᠭ ᠲᠠᠢ | ᠳᠠᠷᠤᠰᠢᠭᠤᠯᠤᠭᠰᠠᠨ ᠡᠷᠳᠡᠨᠢ ᠰᠢᠰᠢ ᠪᠣᠶᠣ ᠰᠢᠭᠡᠭ ᠲᠠᠢ ᠬᠤᠯᠢᠮᠠᠭ ᠲᠡᠵᠢᠭᠡᠯ ᠳᠤ ᠰᠢᠬᠢᠷ ᠤᠨ ᠰᠢᠭᠠᠷᠤ᠂ ᠰᠢᠬᠢᠷ ᠤᠨ | ᠮᠠᠨᠵᠢᠨ ᠤ ᠬᠠᠶᠠᠭᠳᠠᠮᠠᠯ ᠵᠡᠷᠭᠡ ᠶᠢ ᠬᠤᠯᠢᠵᠤ ᠦᠭᠪᠡᠯ ᠮᠠᠰᠢ ᠢᠳᠡᠪᠦᠷᠢᠲᠡᠢ ᠪᠣᠯᠳᠠᠭ᠃ | 4.ᠡᠷᠳᠡᠨᠢ ᠰᠢᠰᠢ᠂ ᠡᠷᠳᠡᠨᠢ ᠰᠢᠰᠢ ᠶᠢᠨ ᠭᠤᠤᠯ ᠢ ᠠᠰᠢᠭᠯᠠᠬᠤ᠄ ᠡᠷᠳᠡᠨᠢ ᠰᠢᠰᠢ ᠭᠤᠤᠯ ᠢ ᠨᠢᠴᠠᠯᠵᠤ | ᠲᠡᠵᠢᠭᠡᠪᠡᠯ ᠢᠳᠡᠰᠢᠯᠡᠬᠦ ᠬᠡᠮᠵᠢᠶ᠎ᠡ ᠶᠢ 30% ᠪᠠᠷ ᠨᠡᠮᠡᠭᠳᠡᠭᠦᠯᠵᠦ ᠴᠢᠳᠠᠨ᠎ᠠ᠃ ᠬᠡᠷᠪᠡ ᠬᠤᠵᠢᠷ ᠢᠶᠠᠷ | ᠪᠣᠯᠪᠠᠰᠤᠷᠠᠭᠤᠯᠵᠤ ᠦᠭᠪᠡᠯ ᠰᠢᠩᠭᠡᠴᠡ ᠶᠢ 20% ᠠᠴᠠ ᠳᠡᠭᠡᠭᠰᠢ ᠨᠡᠮᠡᠭᠳᠡᠭᠦᠯᠦᠨ᠎ᠡ᠃ | | | ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ ᠪᠤᠷᠳᠤᠯᠭ᠎ᠠ | ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |