ᠶᠠᠮᠠᠷ ᠬᠡᠳᠦᠨ ᠲᠠᠯ᠎ᠠ ᠪᠠᠷ ᠵᠤᠬᠢᠰ ᠦᠭᠡᠢ ᠪᠤᠷᠳᠤᠭᠤᠷ ᠤᠷᠤᠭᠤᠯᠵᠤ ᠪᠠᠶᠢᠬᠤ ᠪᠤᠢ
ᠨᠡᠶᠢᠲᠡᠯᠡᠭᠰᠡᠨ ᠴᠠᠭ᠄
2020/9/18
     ᠵᠤᠬᠢᠰ ᠦᠭᠡᠢ ᠪᠠᠷ ᠪᠤᠷᠳᠤᠭᠤᠷ ᠤᠷᠤᠭᠤᠯᠬᠤ ᠨᠢ ᠶᠡᠷᠦ ᠳᠡᠭᠡᠨ ᠤᠷᠤᠭᠤᠯᠤᠭᠰᠠᠨ ᠲᠤᠭ᠎ᠠ ᠬᠡᠮᠵᠢᠶ᠎ᠡ᠂ ᠲᠦᠷᠦᠯ ᠵᠦᠢᠯ᠂ ᠤᠷᠤᠭᠤᠯᠤᠭᠰᠠᠨ ᠴᠠᠭ ᠬᠤᠭᠤᠴᠠᠭ᠎ᠠ᠂ ᠤᠷᠤᠭᠤᠯᠤᠭᠰᠠᠨ ᠠᠷᠭ᠎ᠠ ᠪᠠᠷᠢᠯ ᠨᠢ ᠵᠤᠬᠢᠰ ᠦᠭᠡᠢ ᠠᠴᠠ ᠪᠤᠯᠤᠭᠰᠠᠨ ᠪᠠᠶᠢᠳᠠᠭ᠂ ᠦᠷᠬᠦᠯᠵᠢ ᠬᠠᠷᠠᠭᠳᠠᠬᠤ ᠢᠯᠡᠷᠡᠯ ᠭᠡᠪᠡᠯ᠄      1. ᠪᠤᠷᠳᠤᠭᠤᠷ ᠤᠷᠤᠭᠤᠯᠤᠭᠰᠠᠨ ᠨᠢ ᠭᠦᠢᠬᠡᠨ ᠪᠤᠶᠤ ᠦᠩᠭᠡᠨ ᠲᠠᠯ᠎ᠠ ᠳᠠᠬᠢ ᠪᠤᠷᠳᠤᠭᠤᠷ ᠨᠢ ᠠᠮᠠᠷᠬᠠᠨ ᠠᠭᠤᠷᠰᠢᠬᠤ᠂ ᠤᠷᠤᠰᠬᠤ ᠪᠤᠶᠤ ᠲᠠᠷᠢᠮᠠᠯ ᠤᠨ ᠦᠨᠳᠦᠰᠦᠨ ᠤ ᠬᠡᠰᠡᠭ ᠲᠤ ᠬᠦᠷᠴᠦ ᠴᠢᠳᠠᠬᠤ ᠦᠭᠡᠢ᠂ ᠲᠠᠷᠢᠮᠠᠯ ᠤᠨ ᠰᠢᠩᠭᠡᠭᠡᠨ ᠠᠪᠬᠤ ᠳᠤ ᠠᠰᠢᠭ ᠦᠭᠡᠢ ᠪᠠᠶᠢᠵᠤ᠂ ᠪᠤᠷᠳᠤᠭᠤᠷ ᠤᠨ ᠠᠰᠢᠭᠯᠠᠯᠲᠠ ᠶᠢᠨ ᠨᠤᠷᠮ᠎ᠠ ᠨᠢ ᠳᠤᠤᠷ᠎ᠠ ᠪᠠᠶᠢᠨ᠎ᠠ᠃ ᠨᠢᠭᠡ ᠤᠳᠠᠭ᠎ᠠ ᠳᠤ ᠤᠷᠤᠭᠤᠯᠬᠤ ᠬᠢᠮᠢ ᠶᠢᠨ ᠪᠤᠷᠳᠤᠭᠤᠷ ᠨᠢ ᠬᠡᠳᠦ ᠠᠷᠪᠢᠨ ᠪᠤᠶᠤ ᠪᠤᠷᠳᠤᠭᠤᠷ ᠤᠷᠤᠭᠤᠯᠤᠭᠰᠠᠨ ᠤ ᠳᠠᠷᠠᠭ᠎ᠠ ᠬᠦᠷᠦᠰᠦᠨ ᠤ ᠤᠰᠤ ᠨᠢ ᠬᠦᠷᠦᠯᠴᠡᠬᠦ ᠦᠭᠡᠢ ᠠᠴᠠ ᠪᠤᠯᠵᠤ᠂ ᠬᠦᠷᠦᠰᠦᠨ ᠳᠤ ᠠᠭᠤᠰᠤᠭᠰᠠᠨ ᠦᠳᠬᠡᠴᠡ  ᠨᠢ ᠬᠡᠳᠦ ᠦᠨᠳᠦᠷ ᠪᠤᠯᠵᠤ᠂ ᠲᠠᠷᠢᠮᠠᠯ ᠤᠨ ᠦᠨᠳᠦᠰᠦ ᠨᠢ ᠤᠰᠤ ᠰᠢᠮᠡᠳᠬᠦ ᠳᠤ ᠪᠡᠷᠬᠡ ᠪᠤᠯᠵᠤ᠂ ᠡᠰᠢ ᠨᠢ ᠦᠬᠦᠰᠢᠷᠡᠨ ᠭᠤᠯᠵᠢᠢᠵᠤ᠂ ᠴᠢᠨᠠᠭᠰᠢᠯᠠᠨ ᠬᠠᠲᠠᠵᠤ ᠦᠬᠦᠳᠡᠭ᠃ ᠠᠽᠣᠲ ᠪᠤᠷᠳᠤᠭᠤᠷ ᠢ ᠬᠡᠲᠦᠷᠡᠲᠡᠯ᠎ᠡ ᠤᠷᠤᠭᠤᠯᠪᠠᠯ ᠬᠦᠷᠦᠰᠦᠨ ᠳᠤᠲᠤᠷᠠᠬᠢ ᠶᠡᠭᠡ ᠬᠡᠮᠵᠢᠶᠡᠨ ᠤ ᠰᠢᠪᠲᠤᠷ ᠠᠭᠤᠷᠰᠢᠵᠤ᠂ ᠠᠭᠠᠷ ᠳᠤᠲᠤᠷᠠᠬᠢ ᠮᠠᠨᠠᠨ ᠪᠤᠶᠤ ᠱᠦᠯᠳᠦᠯᠢᠭ ᠵᠢᠵᠢᠭ ᠤᠰᠤᠨ ᠳᠤᠰᠤᠯ ᠲᠠᠢ ᠤᠴᠠᠷᠠᠪᠠᠯ ᠲᠠᠷᠢᠮᠠᠯ ᠤᠨ ᠨᠠᠪᠴᠢᠨ ᠳᠡᠭᠡᠷ᠎ᠡ ᠰᠢᠷᠬᠠᠳᠠᠵᠤ ᠪᠤᠷᠤᠯᠠᠭᠰᠠᠨ ᠲᠤᠯᠪᠤ ᠭᠠᠷᠳᠠᠭ᠃      2. ᠠᠮᠮᠤᠨᠢ ᠶᠢᠨ ᠢᠶᠤᠨ ᠨᠢ ᠠᠽᠣᠲ ᠤᠨ ᠳᠠᠪᠬᠤᠷ ᠢᠰᠦᠯ ᠤᠨ ᠬᠡᠢ ᠪᠡᠶᠡᠲᠦ ᠪᠤᠯᠵᠤ ᠲᠠᠷᠢᠮᠠᠯ ᠢ ᠬᠤᠤᠷᠳᠠᠭᠤᠯᠵᠤ᠂ ᠲᠠᠷᠢᠮᠠᠯ ᠤᠨ ᠨᠠᠪᠴᠢᠨ ᠳᠡᠭᠡᠷ᠎ᠡ ᠤᠰᠤᠯᠢᠭ ᠲᠤᠯᠪᠤ ᠭᠠᠷᠴᠤ᠂ ᠨᠠᠪᠴᠢᠨ ᠤ ᠰᠤᠳᠠᠰᠤ ᠶᠢᠨ ᠬᠤᠭᠤᠷᠤᠨᠳᠤ ᠨᠢ ᠴᠠᠶᠢᠷᠠᠨ᠎ᠠ᠃ ᠡᠭᠦᠨ ᠠᠴᠠ ᠭᠠᠳᠠᠨ᠎ᠠ ᠬᠦᠷᠦᠰᠦᠨ ᠳᠤᠲᠤᠷ᠎ᠠ ᠠᠽᠣᠲ ᠬᠡᠳᠦ ᠠᠷᠪᠢᠨ ᠪᠤᠯᠬᠤ ᠦᠶ᠎ᠡ ᠳᠤ ᠲᠠᠷᠢᠮᠠᠯ  ᠬᠡᠳᠦ ᠠᠷᠪᠢᠨ ᠠᠽᠣᠲ ᠰᠢᠩᠭᠡᠭᠡᠨ ᠠᠪᠤᠭᠰᠠᠨ ᠠᠴᠠ ᠬᠤᠤᠷᠳᠠᠬᠤ ᠪᠠᠶᠢᠳᠠᠯ ᠭᠠᠷᠳᠠᠭ᠃ ᠠᠽᠣᠲ ᠤᠨ ᠬᠡᠮᠵᠢᠶ᠎ᠡ ᠬᠡᠲᠦᠷᠡᠪᠡᠯ ᠺᠠᠯᠼ ᠳᠤᠲᠠᠭᠳᠠᠬᠤ ᠪᠠᠶᠢᠳᠠᠯ ᠭᠠᠷᠴᠤ᠂ ᠮᠤᠯᠢᠪᠳᠧᠨ ᠲᠤᠲᠠᠭᠳᠠᠵᠤ ᠨᠤᠭᠤᠭᠠᠨ ᠦᠩᠭᠡ ᠪᠠᠨ ᠠᠯᠳᠠᠨ᠎ᠠ᠂ ᠺᠠᠯᠢ ᠬᠡᠲᠦᠷᠡᠪᠡᠯ ᠺᠠᠯᠼ᠂ ᠮᠠᠭᠨᠢ᠂ ᠪᠤᠷ ᠪᠤᠷᠳᠤᠭᠤᠷ ᠤᠨ ᠦᠢᠯᠡᠳᠦᠯ ᠢ ᠳᠤᠷᠤᠭᠰᠢᠯᠠᠭᠤᠯᠤᠨ᠎ᠠ᠂ ᠹᠤᠰᠹᠤᠷ ᠬᠡᠲᠦᠷᠡᠪᠡᠯ ᠺᠠᠯᠼ᠂ ᠴᠠᠶᠢᠷ᠂ ᠪᠤᠷ ᠤᠨ ᠦᠢᠯᠡᠳᠦᠯ ᠢ ᠪᠠᠭᠤᠷᠠᠭᠤᠯᠬᠤ ᠪᠤᠯᠤᠨ᠎ᠠ᠃︵ᠢᠷᠡᠯᠲᠡ᠄ ᠳᠠᠯᠠᠢ ᠶᠢᠨ ᠨᠠᠶᠢᠷᠠᠭᠤᠯᠤᠭᠰᠠᠨ ︽ᠰᠢᠨᠵᠢᠯᠡᠬᠦ ᠤᠬᠠᠭᠠᠨᠴᠢ ᠪᠠᠷ ᠪᠤᠷᠳᠤᠭᠤᠷ ᠤᠷᠤᠭᠤᠯᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠰᠢᠨᠵᠢᠯᠡᠬᠦ ᠤᠬᠠᠭᠠᠨᠴᠢ ᠪᠠᠷ ᠪᠤᠷᠳᠤᠭᠤᠷ ᠤᠷᠤᠭᠤᠯᠬᠤ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号