ᠠᠳᠤᠭᠤᠨ ᠤ ᠪᠤᠯᠴᠢᠷᠬᠠᠶᠢᠲᠤ ᠬᠢᠵᠢᠭ ᠬᠡᠷᠬᠢᠨ ᠡᠭᠦᠰᠳᠡᠭ ᠪᠤᠢ
ᠨᠡᠶᠢᠲᠡᠯᠡᠭᠰᠡᠨ ᠴᠠᠭ᠄
2020/9/18
     ᠠᠳᠤᠭᠤᠨ ᠤ ᠪᠤᠯᠴᠢᠷᠬᠠᠶᠢᠲᠤ ᠬᠢᠵᠢᠭ ᠪᠤᠯ ᠮᠤᠷᠢ᠂ ᠡᠯᠵᠢᠭᠡ᠂ ᠯᠠᠭᠤᠰᠠ ᠳᠤ ᠲᠤᠬᠢᠶᠠᠯᠳᠤᠳᠠᠭ ᠤᠶᠢᠷᠠᠳᠤᠯ ᠠᠴᠠ ᠪᠤᠯᠤᠭᠰᠠᠨ ᠲᠦᠷᠭᠡᠨ ᠴᠢᠨᠠᠷ ᠲᠠᠢ ᠬᠠᠯᠳᠠᠪᠤᠷᠢᠲᠤ ᠡᠪᠡᠳᠴᠢᠨ ᠮᠦᠨ᠃ ᠡᠪᠡᠳᠴᠢᠨ ᠤ ᠨᠡᠶᠢᠲᠡᠯᠢᠭ ᠵᠢᠱᠢᠶ᠎ᠡ ᠶᠢᠨ ᠡᠮᠴᠢᠯᠡᠭᠡᠨ ᠤ ᠰᠢᠨᠵᠢ ᠪᠤᠯ ᠬᠠᠯᠠᠭᠤᠷᠠᠬᠤ᠂ ᠠᠮᠢᠰᠬᠤᠯ ᠤᠨ ᠳᠡᠭᠡᠳᠦ ᠰᠦᠪᠡ ᠪᠤᠯᠤᠨ ᠪᠠᠭᠠᠯᠵᠤᠤᠷ ᠤᠨ ᠰᠠᠯᠢᠰᠤᠲᠤ ᠪᠦᠷᠬᠦᠪᠴᠢ ᠦᠷᠪᠢᠰᠬᠦ᠂ ᠡᠷᠡᠤ ᠳᠤᠤᠷᠠᠬᠢ ᠯᠢᠮᠹᠠ ᠪᠤᠯᠴᠤᠤ ᠢᠳᠡᠭᠡᠯᠡᠬᠦ ᠴᠢᠨᠠᠷ ᠲᠠᠢ ᠪᠠᠷ ᠴᠤᠴᠢᠮᠠᠭ ᠦᠷᠪᠢᠰᠬᠦ ᠵᠡᠷᠭᠡ ᠪᠤᠯᠤᠨ᠎ᠠ᠃ ᠡᠪᠡᠳᠴᠢᠨ ᠡᠭᠦᠰᠭᠡᠭᠴᠢ ᠨᠢ ᠠᠳᠤᠭᠤᠨ ᠤ ᠪᠤᠯᠴᠢᠷᠬᠠᠶᠢᠲᠤ ᠬᠢᠵᠢᠭ ᠤᠨ ᠡᠷᠢᠭᠡᠨ ᠪᠠᠺᠲ᠋ᠧᠷᠢ᠃      ᠠᠳᠤᠭᠤᠨ ᠤ ᠪᠤᠯᠴᠢᠷᠬᠠᠶᠢᠲᠤ ᠬᠢᠵᠢᠭ ᠮᠠᠨ ᠤ ᠤᠯᠤᠰ ᠲᠤ ᠪᠠᠰᠠ ᠨᠡᠯᠢᠶᠡᠳ ᠲᠤᠬᠢᠶᠠᠯᠳᠤᠳᠠᠭ᠃ ᠤᠯᠠᠩᠬᠢ ᠳᠠᠭᠠᠨ ᠠᠳᠤᠭᠤᠨ ᠲᠠᠯᠠᠪᠠᠢ ᠬᠢᠭᠡᠳ ᠤᠨᠠᠭ᠎ᠠ ᠲᠡᠵᠢᠭᠡᠵᠦ ᠠᠷᠠᠴᠢᠯᠠᠬᠤ ᠲᠠᠯᠠᠪᠠᠢ ᠳᠤ ᠡᠭᠦᠰᠳᠡᠭ ᠶᠤᠮ᠃ ᠭᠤᠤᠯᠳᠠᠭᠤ ᠨᠢᠷᠠᠢ ᠤᠨᠠᠭ᠎ᠠ ᠳᠤ ᠬᠠᠯᠳᠠᠵᠤ᠂ ᠵᠠᠷᠢᠮ ᠭᠠᠵᠠᠷ ᠤᠷᠤᠨ ᠤ ᠨᠢᠷᠠᠢ ᠤᠨᠠᠭ᠎ᠠ ᠳᠤ ᠪᠦᠷ ᠨᠢᠭᠡ ᠤᠳᠠᠭ᠎ᠠ ᠬᠠᠯᠳᠠᠪᠤᠷᠢᠯᠠᠵᠤ᠂ ᠤᠨᠠᠭᠠᠨ ᠤ ᠦᠰᠴᠦ ᠪᠤᠶᠢᠵᠢᠬᠤ ᠶᠢ ᠶᠡᠭᠡ ᠨᠦᠯᠦᠭᠡᠯᠡᠳᠡᠭ ᠪᠠᠶᠢᠨ᠎ᠠ᠃      ᠡᠪᠡᠳᠴᠢᠨ ᠤ ᠡᠭᠦᠰᠪᠦᠷᠢ ᠨᠢ ᠠᠳᠤᠭᠤᠨ ᠤ ᠪᠤᠯᠴᠢᠷᠬᠠᠶᠢᠲᠤ ᠬᠢᠵᠢᠭ ᠤᠨ ᠡᠷᠢᠭᠡᠨ ᠪᠠᠺᠲ᠋ᠧᠷᠢ ᠪᠦᠭᠡᠳ ᠢᠳᠡᠭᠡ ᠳᠤᠨᠢ ᠤᠷᠲᠤ ᠡᠷᠢᠭᠡ ᠬᠡᠯᠪᠡᠷᠢᠲᠡᠢ ᠪᠠᠷ ᠵᠢᠭᠰᠠᠭᠠᠭᠳᠠᠨ᠎ᠠ᠂ ᠬᠡᠯᠬᠢᠶ᠎ᠡ ᠳᠠᠬᠢ ᠪᠠᠺᠲ᠋ᠧᠷᠢ ᠨᠢ ᠬᠡᠳᠦᠨ ᠠᠷᠪᠠ ᠠᠴᠠ ᠬᠡᠳᠦᠨ ᠵᠠᠭᠤ ᠳᠤ ᠬᠦᠷᠴᠦ᠂ ᠪᠦᠭᠡᠷᠡᠩᠬᠡᠢ ᠪᠤᠶᠤ ᠵᠤᠤᠪᠠᠩ ᠬᠡᠯᠪᠡᠷᠢᠲᠡᠢ ᠪᠠᠶᠢᠳᠠᠭ ᠶᠤᠮ᠃ ᠲᠦᠯᠵᠢᠭᠦᠯᠬᠦ ᠪᠤᠳᠠᠰ ᠪᠠ ᠨᠢᠰᠦᠨ ᠳᠤ ᠪᠤᠯ ᠤᠬᠤᠷ ᠡᠷᠢᠭᠡ ᠬᠡᠯᠪᠡᠷᠢᠲᠡᠢ ᠪᠠᠷ ᠵᠢᠭᠰᠠᠭᠠᠭᠳᠠᠨ᠎ᠠ᠂ ᠲᠤᠰ ᠪᠠᠺᠲ᠋ᠧᠷᠢ ᠬᠦᠳᠡᠯᠭᠡᠭᠡᠨ ᠬᠢᠵᠦ ᠴᠢᠳᠠᠬᠤ ᠦᠭᠡᠢ ᠮᠦᠷᠲᠡᠭᠡᠨ ᠰᠫᠤᠷ ᠡᠭᠦᠰᠬᠦ ᠦᠭᠡᠢ ᠪᠠᠶᠢᠳᠠᠭ᠃ ᠭᠡᠪᠡᠴᠦ ᠦᠩᠬᠦᠷ ᠪᠦᠷᠬᠦᠪᠴᠢ ᠪᠤᠢ ᠪᠣᠯᠵᠤ ᠴᠢᠳᠠᠳᠠᠭ ᠶᠤᠮ᠃      ᠲᠤᠰ ᠪᠠᠺᠲ᠋ᠧᠷᠢ ᠳᠤ ᠬᠦᠴᠢᠯᠲᠦᠷᠦᠭᠴᠢ ᠬᠦᠴᠢᠯᠲᠦ᠋ᠷᠦᠭᠴᠢ ᠬᠡᠷᠡᠭᠰᠡᠳᠡᠭ ᠪᠠᠺᠲ᠋ᠧᠷᠢ ᠬᠢᠭᠡᠳ ᠬᠦᠴᠢᠯᠲᠦ᠋ᠷᠦᠭᠴᠢ ᠴᠡᠬᠡᠷᠰᠡᠭ ᠪᠠᠺᠲ᠋ᠧᠷᠢ ᠬᠠᠮᠲᠤᠷᠠᠭᠰᠠᠨ ᠪᠠᠶᠢᠳᠠᠭ᠃ ᠪᠠᠺᠲ᠋ᠧᠷᠢ ᠶᠢᠨ ᠲᠡᠵᠢᠭᠡᠯ ᠳᠡᠭᠡᠷ᠎ᠡ ᠴᠢᠰᠤ᠂ ᠴᠢᠰᠤᠨ ᠤ ᠰᠢᠷᠡᠰᠦ᠂ ᠦᠵᠦᠮ ᠤᠨ ᠰᠢᠬᠢᠷ ᠵᠡᠷᠭᠡ ᠶᠢ ᠨᠡᠮᠡᠪᠡᠯ ᠲᠡᠭᠦᠨ ᠤ ᠪᠤᠶᠢᠵᠢᠯᠲᠠ ᠶᠢ ᠠᠬᠢᠭᠤᠯᠳᠠᠭ ᠪᠠᠶᠢᠨ᠎ᠠ᠃ ᠴᠢᠰᠤᠨ ᠤ ᠴᠠᠷᠴᠠᠮᠠᠯ ᠳᠡᠭᠡᠷ᠎ᠡ 18 ~ 24 ᠴᠠᠭ ᠦᠷᠡᠵᠢᠭᠦᠯᠦᠭᠰᠡᠨ ᠤ ᠳᠠᠷᠠᠭ᠎ᠠ ᠬᠠᠭᠠᠰ ᠭᠡᠷᠡᠯ ᠨᠡᠪᠲᠡᠷᠡᠬᠦ ᠪᠠ ᠦᠩᠭᠡᠨ ᠲᠠᠯ᠎ᠠ ᠨᠢ ᠭᠦᠯᠢᠭᠡᠷ ᠪᠦᠭᠡᠷᠡᠩᠬᠡᠢ ᠰᠢᠭᠦᠳᠡᠷᠢ ᠶᠢᠨ ᠳᠤᠰᠤᠯ ᠰᠢᠭ᠋ ᠶᠠᠯᠢᠮ ᠦᠭᠡᠢ ᠪᠠᠭ᠎ᠠ ᠪᠠᠺᠲ᠋ᠧᠷᠢ ᠪᠤᠢ ᠪᠤᠯᠳᠠᠭ ᠶᠤᠮ᠃ ᠡᠭᠦᠨ ᠳᠤ ᠮᠡᠳᠡᠭᠳᠡᠮ᠎ᠡβ ᠬᠡᠯᠪᠡᠷᠢᠲᠦ ᠴᠢᠰᠤ ᠬᠠᠶᠢᠯᠤᠭᠤᠯᠬᠤ ᠴᠠᠭᠠᠷᠢᠭ ᠡᠭᠦᠰᠴᠦ᠂ ᠳ᠋ᠢᠶᠠᠮᠧᠲᠷ ᠨᠢ 2 ~ 3ml ᠪᠤᠶᠤ ᠡᠭᠦᠨ ᠠᠴᠠ ᠳᠡᠭᠡᠭᠰᠢ ᠪᠠᠶᠢᠳᠠᠭ᠃      ᠲᠤᠰ ᠪᠠᠺᠲ᠋ᠧᠷᠢ ᠭᠠᠳᠠᠭᠠᠲᠤ ᠤᠷᠴᠢᠨ ᠳᠤ ᠨᠡᠯᠢᠶᠡᠳ ᠲᠡᠰᠪᠦᠷᠢᠲᠡᠢ᠃ ᠬᠠᠭᠤᠷᠠᠢ ᠢᠳᠡᠭᠡᠲᠦ ᠰᠢᠩᠭᠡᠨ ᠪᠤᠯᠤᠨ ᠨᠢᠰᠦᠨ ᠳᠤ ᠪᠠᠷᠤᠭ ᠬᠡᠳᠦᠨ ᠭᠠᠷᠠᠭ ᠢᠶᠠᠷ ᠠᠮᠢᠳᠤ ᠪᠠᠶᠢᠵᠤ ᠳᠡᠶᠢᠯᠳᠡᠭ᠃ ᠬᠠᠯᠠᠭᠤᠨ ᠳᠤ ᠳᠠᠭᠠᠭᠠᠮᠠᠭᠠᠢ ᠴᠢᠳᠠᠯ ᠢᠶᠠᠷ ᠠᠨᠠᠢ᠂ 70℃ ᠲᠤ ᠨᠢᠭᠡ ᠴᠠᠭ ᠪᠤᠯᠪᠠᠯ ᠦᠬᠦᠴᠢᠬᠡᠨ᠎ᠡ᠃ ᠴᠢᠨᠠᠵᠤ ᠪᠤᠴᠠᠯᠭᠠᠪᠠᠯ ᠲᠡᠷᠡ ᠳᠤᠤᠷ᠎ᠠ ᠪᠠᠨ ᠦᠬᠦᠴᠢᠭᠡᠳᠡᠭ ᠶᠤᠮ᠃ ᠨᠡᠷᠡᠨ ᠤ ᠭᠡᠷᠡᠯ ᠳᠤᠤᠷ᠎ᠠ 6 ~ 8 ᠴᠠᠭ ᠪᠤᠯᠪᠠᠯ ᠦᠬᠦᠳᠡᠭ᠃ ᠬᠤᠭ ᠪᠠᠭᠠᠰᠤ ᠲᠠᠢ ᠤᠪᠤᠭᠠᠯᠠᠵᠤ ᠢᠰᠭᠡᠪᠡᠯ ︵ᠭᠦᠨ ᠬᠡᠰᠡᠭ ᠤᠨ ᠬᠢᠨᠢ ᠳᠤᠯᠠᠭᠠᠨ ᠤ ᠬᠡᠮᠵᠢᠶ᠎ᠡ ᠨᠢ 54 ~ 60℃ ᠪᠠᠶᠢᠬᠤ︶ 4 ᠭᠠᠷᠠᠭ ᠤᠨ ᠳᠠᠷᠠᠭ᠎ᠠ ᠪᠦᠷ ᠦᠬᠦᠴᠢᠭᠡᠳᠡᠭ ᠶᠤᠮ᠃ ᠡᠩ ᠤᠨ ᠠᠷᠢᠭᠤᠳᠬᠠᠬᠤ ᠡᠮ ᠪᠤᠯᠬᠤ0.1% ᠶᠢᠨ ᠲᠦᠷᠭᠡᠨ ᠴᠠᠭᠠᠨ᠂ 5% ᠶᠢᠨ ᠹᠧᠨᠤᠯ᠂ 2% ᠤᠨ ᠹᠤᠷᠮᠠᠯᠢᠨ᠂ 3% ~ 5% ᠶᠢᠨ ᠯᠠᠶᠢᠰᠤᠯ ᠳᠤ 10 ~ 15 ᠮᠢᠨᠦ᠋ᠲ ᠪᠤᠯᠪᠠᠯ ᠪᠠᠺᠲ᠋ᠧᠷᠢ ᠪᠦᠷ ᠦᠬᠦᠳᠡᠭ᠃ ᠪᠤᠷᠤ ᠤᠰᠤᠨ ᠡᠮ᠂ ᠬᠤᠸᠠᠩ ᠠᠨ᠂ ᠴᠢᠩ ᠮᠸᠢ ᠰᠤ᠋ ᠵᠡᠷᠭᠡ ᠡᠮ ᠳᠤ ᠪᠠᠰᠠ ᠲᠤᠩ ᠰᠤᠷᠭᠤᠭ ᠪᠠᠶᠢᠳᠠᠭ ᠶᠤᠮ᠃︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号