ᠦᠨᠢᠶᠡᠨ ᠰᠦ ᠪᠣᠯ ᠰᠢᠮ᠎ᠡ ᠲᠡᠵᠢᠭᠡᠯ ᠤᠨ ᠬᠦᠮᠦᠷᠭᠡ ᠮᠦᠨ᠃ ᠦᠨᠢᠶᠡᠨ ᠰᠦ ᠶᠢ ᠬᠢᠮᠢ ᠶᠢᠨ ᠪᠦᠷᠢᠯᠳᠦᠭᠦᠨ ᠤ | ᠲᠠᠯ᠎ᠠ ᠠᠴᠠ ᠠᠪᠴᠤ ᠬᠡᠯᠡᠪᠡᠯ᠂ ᠲᠡᠭᠦᠨ ᠤ ᠬᠦᠮᠦᠨ ᠤ ᠪᠡᠶ᠎ᠡ ᠳᠤ ᠳᠤᠲᠠᠭᠳᠠᠵᠤ ᠪᠤᠯᠤᠰᠢ ᠦᠭᠡᠢ ᠠᠷᠪᠠᠨ ᠨᠠᠢᠮᠠᠨ | ᠵᠦᠢᠯ ᠤᠨ ᠰᠢᠪᠲᠤᠷᠲᠤ ᠬᠦᠴᠢᠯ ᠠᠭᠤᠯᠤᠭᠳᠠᠵᠤ ᠪᠠᠶᠢᠬᠤ ᠪᠦᠭᠡᠳ ᠸᠢᠲ᠋ᠠᠮᠢᠨ ᠤ ᠲᠦᠷᠦᠯ ᠵᠦᠢᠯ ᠪᠦᠷᠢᠨ ᠭᠦᠢᠴᠡᠳ | ᠮᠦᠷᠲᠡᠭᠡᠨ ᠬᠦᠮᠦᠨ ᠤ ᠪᠡᠶ᠎ᠡ ᠳᠤ ᠦᠷᠭᠦᠯᠵᠢ ᠬᠡᠷᠡᠭᠯᠡᠭᠳᠡᠳᠡᠭ ᠪᠢᠴᠢᠯ ᠡᠯᠧᠮᠧᠨ᠋ᠲ ᠤᠷᠤᠰᠢᠵᠤ ᠪᠠᠶᠢᠳᠠᠭ᠃ | ᠰᠢᠪᠲᠤᠷᠲᠤ ᠬᠦᠴᠢᠯ ᠢ ᠬᠦᠮᠦᠨ ᠤ ᠪᠡᠶ᠎ᠡ ᠨᠡᠶᠢᠯᠡᠭᠦᠯᠵᠦ ᠪᠦᠲᠦᠭᠡᠵᠦ ᠴᠢᠳᠠᠳᠠᠭ ᠦᠭᠡᠢ ᠪᠣᠶᠣ ᠨᠡᠶᠢᠯᠡᠭᠦᠯᠬᠦ | ᠬᠤᠷᠳᠤᠴᠠ ᠨᠢ ᠲᠤᠰ ᠪᠡᠶ᠎ᠡ ᠶᠢᠨ ᠬᠡᠷᠡᠭᠴᠡᠭᠡ ᠪᠠᠨ ᠬᠠᠩᠭᠠᠵᠤ ᠳᠡᠶᠢᠯᠬᠦ ᠦᠭᠡᠢ ᠪᠠᠶᠢᠳᠠᠭ᠃ 500 ᠭᠷᠡᠮ ᠦᠨᠢᠶᠡᠨ | ᠰᠦ ᠪᠣᠯ ᠬᠦᠮᠦᠨ ᠤ ᠨᠢᠭᠡ ᠡᠳᠦᠷ ᠤᠨ ᠤᠭᠤᠷᠠᠭᠲᠤ ᠡᠳ᠋ ᠤᠨ ᠬᠡᠷᠡᠭᠴᠡᠭᠡ ᠶᠢᠨ ᠳᠦᠷᠪᠡᠨ ᠤ ᠨᠢᠭᠡ ᠬᠤᠪᠢ ᠶᠢ | ᠬᠠᠩᠭᠠᠵᠤ᠂ ᠨᠢᠭᠡ ᠯᠢᠲᠷ ᠦᠨᠢᠶᠡᠨ ᠰᠦ ᠳᠤ ᠠᠭᠤᠯᠤᠭᠳᠠᠬᠤ ᠰᠢᠪᠲᠤᠷᠲᠤ ᠬᠦᠴᠢᠯ ᠨᠢ ᠨᠢᠭᠡ ᠬᠦᠮᠦᠨ ᠤ ᠨᠢᠭᠡ | ᠡᠳᠦᠷ ᠤᠨ ᠬᠡᠷᠡᠭᠴᠡᠭᠡ ᠶᠢ ᠪᠦᠷᠢᠮᠦᠰᠦᠨ ᠬᠠᠩᠭᠠᠵᠤ ᠳᠡᠶᠢᠯᠦᠨ᠎ᠡ᠃ | 1.ᠰᠦᠨ ᠰᠢᠬᠢᠷ ᠪᠣᠯ ᠦᠨᠢᠶᠡᠨ ᠰᠦ ᠶᠢᠨ ᠭᠤᠤᠯ ᠪᠣᠯᠬᠤ ᠨᠡᠭᠦᠷᠡᠰᠦ ᠤᠰᠤᠨ ᠤ ᠨᠢᠭᠡᠲᠦᠯ ᠪᠠᠶᠢᠵᠤ᠂ | ᠬᠦᠮᠦᠨ ᠤ ᠭᠡᠳᠡᠰᠦᠨ ᠳᠤ ᠠᠰᠢᠭᠲᠠᠢ ᠪᠢᠴᠢᠯ ᠠᠮᠢᠳᠤ ᠪᠤᠳᠠᠰ ᠤᠨ ᠦᠷᠡᠵᠢᠵᠦ ᠪᠣᠶᠢᠵᠢᠬᠤ ᠶᠢ ᠠᠬᠢᠭᠤᠯᠵᠤ᠂ | ᠤᠷᠭᠠᠨᠢᠭ ᠬᠦᠴᠢᠯ ᠢ ᠪᠣᠢ ᠪᠤᠯᠭᠠᠨ ᠭᠡᠳᠡᠰᠦᠨ ᠳᠠᠬᠢ ᠲᠤᠬᠢᠷᠠᠮᠵᠢᠲᠡᠢ ᠬᠦᠴᠢᠯ ᠰᠢᠨᠵᠢ ᠪᠦᠬᠦᠢ ᠤᠷᠴᠢᠨ ᠲᠤᠭᠤᠷᠢᠨ ᠢ | ᠬᠠᠮᠠᠭᠠᠯᠠᠵᠤ᠂ ᠱᠦᠯᠲᠦᠯᠢᠭ ᠴᠢᠨᠠᠷᠲᠠᠢ ᠪᠢᠴᠢᠯ ᠠᠮᠢᠳᠤ ᠪᠤᠳᠠᠰ ᠪᠠ ᠢᠯᠵᠡᠷᠡᠮᠡᠯ ᠪᠠᠺᠲ᠋ᠧᠷᠢ ᠤ ᠦᠰᠦᠯᠲᠡ | ᠪᠣᠶᠢᠵᠢᠯᠲᠠ ᠶᠢ ᠬᠢᠵᠠᠭᠠᠷᠯᠠᠵᠤ᠂ ᠭᠡᠳᠡᠰᠦᠨ ᠳᠠᠬᠢ ᠡᠷᠡᠭᠦᠯ ᠪᠣᠰᠣ ᠢᠰᠭᠡᠭᠦᠷ ᠤᠨ ᠬᠤᠤᠷ ᠢ ᠪᠠᠭᠠᠰᠬᠠᠬᠤ ᠦᠢᠯᠡᠳᠦᠯ | ᠲᠠᠢ᠃ | 2.ᠰᠦᠨ ᠦᠭᠡᠬᠦᠨ ᠳᠤ ᠠᠭᠤᠯᠤᠭᠳᠠᠬᠤ ᠢᠯᠴᠢ ᠶᠢᠨ ᠬᠡᠮᠵᠢᠶ᠎ᠡ ᠨᠢ ᠦᠨᠢᠶᠡᠨ ᠰᠦ ᠶᠢᠨ ᠢᠯᠴᠢ ᠬᠠᠩᠭᠠᠬᠤ | ᠬᠡᠮᠵᠢᠶ᠎ᠡ ᠶᠢᠨ ᠬᠠᠭᠠᠰ ᠠᠴᠠ ᠢᠯᠡᠭᠦᠦ ᠪᠦᠭᠡᠳ ᠬᠦᠮᠦᠨ ᠤ ᠪᠡᠶ᠎ᠡ ᠳᠤ ᠠᠮᠠᠷᠬᠠᠨ ᠰᠢᠩᠭᠡᠨ᠎ᠡ᠃ | 3.ᠰᠦᠨ ᠦᠭᠡᠬᠦᠨ ᠳᠤ ᠬᠡᠳᠦᠨ ᠠᠷᠪᠠᠨ ᠵᠦᠢᠯ ᠤᠨ ᠰᠦᠨ ᠬᠦᠴᠢᠯ ᠪᠠᠶᠢᠵᠤ᠂ ᠬᠦᠮᠦᠨ ᠤ ᠪᠡᠶ᠎ᠡ ᠶᠢᠨ | ᠬᠡᠪ ᠤᠨ ᠹᠢᠽᠢᠣᠯᠣᠭᠢ ᠶᠢᠨ ᠴᠢᠳᠠᠪᠤᠷᠢ ᠶᠢ ᠬᠠᠮᠠᠭᠠᠯᠠᠵᠤ᠂ ᠦᠰᠦᠭᠯᠡᠶᠡ ᠪᠤᠶᠢᠵᠢᠯᠲᠠ ᠶᠢ ᠰᠠᠶᠢᠵᠢᠷᠠᠭᠤᠯᠬᠤ ᠳᠤ | ᠴᠢᠬᠤᠯᠠ ᠦᠢᠯᠡᠳᠦᠯ ᠲᠠᠢ ᠪᠠᠶᠢᠳᠠᠭ᠃ | 4.ᠦᠨᠢᠶᠡᠨ ᠰᠦ ᠳᠠᠬᠢ ᠡᠷᠦᠳᠡᠰᠦ ᠡᠯᠧᠮᠧᠨ᠋ᠲ ᠤᠨ ᠲᠦᠷᠦᠯ ᠵᠦᠢᠯ ᠲᠤᠩ ᠤᠯᠠᠨ ᠪᠠᠶᠢᠳᠠᠭ᠃ ᠵᠢᠱᠢᠶᠡᠯᠡᠪᠡᠯ᠄ | ᠺᠠᠯᠼ᠂ ᠹᠣᠰᠹᠣᠷ᠂ ᠮᠠᠭᠨᠢ᠂ ᠬᠦᠬᠦᠷ᠂ ᠮᠠᠩᠭᠠᠨ ᠵᠡᠷᠭᠡ ᠨᠢ ᠴᠦᠮ ᠬᠦᠮᠦᠨ ᠤ ᠪᠡᠶ᠎ᠡ ᠳᠤ ᠵᠠᠪᠠᠯ ᠬᠡᠷᠡᠭᠰᠡᠬᠦ ᠰᠢᠮ᠎ᠡ | ᠲᠡᠵᠢᠭᠡᠯ ᠤᠨ ᠪᠤᠳᠠᠰ ᠪᠣᠯᠣᠨ᠎ᠠ᠃ ᠢᠯᠠᠩᠭᠤᠶ᠎ᠠ ᠦᠨᠢᠶᠡᠨ ᠰᠦ ᠳᠠᠬᠢ ᠺᠠᠯᠼ ᠨᠢ ᠤᠭᠤᠷᠠᠭ ᠲᠠᠢ ᠨᠡᠶᠢᠯᠡᠵᠦ | ᠪᠦᠲᠦᠭᠰᠡᠨ ᠠᠴᠠ ᠬᠦᠮᠦᠨ ᠤ ᠪᠡᠶ᠎ᠡ ᠶᠢᠨ ᠰᠢᠩᠭᠡᠭᠡᠯᠲᠡ ᠳᠤ ᠠᠰᠢᠭᠲᠠᠢ ᠬᠠᠮᠤᠭ ᠤᠨ ᠰᠠᠶᠢᠨ ᠺᠠᠯᠼ ᠤᠨ ᠢᠷᠡᠯᠲᠡ | ᠮᠦᠨ᠃ ᠶᠡᠭᠡ ᠨᠠᠰᠤᠨ ᠤ ᠬᠦᠮᠦᠨ ᠳᠤ ᠡᠳᠦᠷ ᠲᠤ ᠪᠠᠷᠤᠭ ᠨᠢᠭᠡ ᠭᠷᠡᠮ ᠺᠠᠯᠼ ᠱᠠᠭᠠᠷᠳᠠᠭᠳᠠᠵᠤ ᠪᠠᠶᠢᠳᠠᠭ᠃ ᠡᠭᠦᠨ ᠢ | ᠨᠢᠭᠡ ᠯᠢᠲᠷ ᠦᠨᠢᠶᠡᠨ ᠰᠦ ᠤᠤᠭᠤᠪᠠᠯ ᠳᠠᠷᠤᠢ ᠬᠠᠩᠭᠠᠵᠤ ᠳᠡᠶᠢᠯᠦᠨ᠎ᠡ᠃ ᠬᠡᠷᠪᠡ ᠬᠦᠮᠦᠰ ᠤᠨ ᠢᠳᠡᠭᠡᠨ ᠤ | ᠳᠤᠲᠤᠷ᠎ᠠ ᠦᠨᠢᠶᠡᠨ ᠰᠦ ᠪᠣᠶᠣ ᠴᠠᠭᠠᠨ ᠢᠳᠡᠭᠡᠨ ᠪᠠᠶᠢᠬᠤ ᠦᠭᠡᠢ ᠪᠣᠯ ᠺᠠᠯᠼ ᠤᠨ ᠱᠠᠭᠠᠷᠳᠠᠯᠭ᠎ᠠ ᠶᠢ ᠪᠠᠷᠤᠭ | ᠬᠠᠩᠭᠠᠵᠤ ᠳᠡᠶᠢᠯᠬᠦ ᠦᠭᠡᠢ᠃ | 5.ᠦᠨᠢᠶᠡᠨ ᠰᠦ ᠳᠤ ᠪᠠᠰᠠ ᠠᠮᠢ ᠨᠠᠰᠤ ᠪᠠ ᠡᠷᠡᠭᠦᠯ ᠴᠢᠬᠢᠷᠠᠭ ᠢ ᠬᠠᠮᠠᠭᠠᠯᠠᠬᠤ ᠳᠤ ᠡᠷᠬᠡᠪᠰᠢ | ᠱᠠᠭᠠᠷᠳᠠᠭᠳᠠᠬᠤ ᠡᠯ᠎ᠡ ᠵᠦᠢᠯ ᠤᠨ ᠸᠢᠲ᠋ᠠᠮᠢᠨ ᠪᠠ ᠠᠮᠢᠳᠤ ᠪᠤᠳᠠᠰ ᠤᠨ ᠰᠢᠩᠭᠡᠭᠦᠷᠢᠲᠡᠢ ᠪᠤᠳᠠᠰ ᠪᠠᠶᠢᠳᠠᠭ᠃ ᠣᠳᠣ | ᠦᠶ᠎ᠡ ᠶᠢᠨ ᠰᠢᠨᠵᠢᠯᠡᠬᠦ ᠤᠬᠠᠭᠠᠨ ᠤ ᠰᠤᠳᠤᠯᠭᠠᠨ ᠨᠢ ᠦᠨᠢᠶᠡᠨ ᠰᠦ ᠪᠣᠯ 3000 ᠵᠦᠢᠯ ᠤᠨ ᠨᠡᠶᠢᠯᠡᠮᠡᠯ | ᠪᠤᠳᠠᠰ ᠠᠴᠠ ᠪᠦᠷᠢᠯᠳᠦᠭᠰᠡᠨ ᠰᠢᠮ᠎ᠡ ᠲᠡᠵᠢᠭᠡᠯ ᠤᠨ ᠰᠢᠩᠭᠡᠨ ᠪᠠᠶᠢᠵᠤ᠂ ᠡᠳᠡᠭᠡᠷ ᠨᠡᠶᠢᠯᠡᠮᠡᠯ ᠪᠤᠳᠠᠰ ᠪᠠ ᠲᠡᠭᠦᠨ ᠤ | ᠦᠢᠯᠡᠳᠦᠯ ᠴᠢᠳᠠᠪᠤᠷᠢ ᠶᠢᠨ ᠲᠤᠬᠠᠢ ᠬᠦᠮᠦᠰ ᠤᠷᠳᠤ ᠴᠤ ᠭᠡᠰᠡᠨ ᠲᠠᠨᠢᠵᠤ ᠨᠦᠬᠦᠪᠦᠷᠢᠯᠡᠵᠦ ᠪᠠᠶᠢᠨ᠎ᠠ᠃ ᠡᠶᠢᠮᠦ ᠠᠴᠠ | ᠦᠨᠢᠶᠡᠨ ᠰᠦ ᠶᠢ ᠰᠢᠮ᠎ᠡ ᠲᠡᠵᠢᠭᠡᠯ ᠤᠨ ᠬᠦᠮᠦᠷᠭᠡ ᠭᠡᠳᠡᠭ ᠨᠢ ᠦᠴᠦᠬᠡᠨ ᠴᠤ ᠬᠡᠲᠦᠷᠡᠭᠦᠯᠦᠭᠰᠡᠨ ᠤᠴᠢᠷ ᠠᠯᠠᠭ᠎ᠠ᠃ | 6.ᠦᠨᠢᠶᠡᠨ ᠰᠦ ᠶᠢᠨ ᠢᠪᠢᠯᠭᠡᠭᠳᠡᠰᠦ ᠪᠣᠯ ᠪᠦᠯᠢᠶᠡᠨ ᠴᠢᠨᠠᠷ ᠲᠠᠢ᠂ ᠰᠢᠬᠢᠷᠯᠢᠭ ᠠᠮᠲᠠᠲᠠᠢ ᠤᠨᠴᠠᠭᠠᠢ ᠰᠠᠶᠢᠨ | ᠰᠢᠮ᠎ᠡ ᠲᠡᠵᠢᠭᠡᠯ ᠲᠠᠢ ᠰᠦ ᠪᠣᠯᠣᠨ᠎ᠠ᠃ ᠲᠡᠷᠡ ᠨᠢ ᠰᠢᠷ᠎ᠠ ᠶᠢ ᠳᠠᠷᠤᠵᠤ᠂ ᠬᠡᠢ ᠮᠠᠬᠠᠪᠤᠳ ᠢ ᠲᠡᠭᠰᠢᠳᠭᠡᠵᠦ᠂ | ᠠᠭᠤᠰᠬᠢ ᠶᠢ ᠲᠦᠯᠵᠢᠭᠦᠯᠵᠦ᠂ ᠶᠠᠰᠤᠨ ᠳᠤ ᠰᠢᠮ᠎ᠡ ᠲᠡᠵᠢᠭᠡᠯ ᠨᠦᠬᠦᠪᠦᠷᠢᠯᠡᠨ᠂ ᠶᠠᠰᠤᠨ ᠤ ᠬᠠᠷᠢᠮᠠᠬᠠᠢ ᠴᠢᠨᠠᠷ ᠢ | ᠰᠠᠶᠢᠵᠢᠷᠠᠭᠤᠯᠵᠤ᠂ ᠦᠩᠭᠡ ᠵᠢᠰᠦ ᠶᠢ ᠭᠤᠶᠤᠵᠢᠭᠤᠯᠳᠠᠭ᠃ ᠲᠦᠭᠦᠬᠡᠢ ᠰᠦ ᠶᠢᠨ ᠬᠦᠮᠦᠨ ᠤ ᠪᠡᠶ᠎ᠡ ᠳᠤ ᠰᠢᠩᠭᠡᠬᠦ | ᠰᠢᠮ᠎ᠡ ᠲᠡᠵᠢᠭᠡᠯ ᠨᠢ ᠪᠣᠯᠭᠤᠭᠰᠠᠨ ᠰᠦ ᠠᠴᠠ ᠭᠤᠷᠪᠠ ᠲᠠᠬᠢᠨ ᠢᠯᠡᠭᠦᠦ ᠪᠠᠶᠢᠳᠠᠭ᠃ | ᠦᠨᠢᠶᠡᠨ ᠰᠦ ᠶᠢᠨ ᠡᠮᠴᠢᠯᠡᠭᠡᠨ ᠤ ᠦᠢᠯᠡᠳᠦᠯ᠄ | 1.ᠬᠤᠳᠤᠭᠤᠳᠤᠨ ᠰᠢᠷᠬᠠᠯᠠᠭ᠎ᠠ ᠲᠠᠢ ᠡᠪᠡᠳᠴᠢᠲᠡᠨ ᠦᠨᠢᠶᠡᠨ ᠰᠦ ᠤᠤᠭᠤᠪᠠᠯ ᠰᠢᠷᠬᠠᠯᠠᠭ᠎ᠠ ᠶᠢᠨ ᠦᠩᠭᠡᠨ | ᠲᠠᠯ᠎ᠠ ᠳᠤ ᠳᠤᠨᠢ ᠬᠠᠮᠠᠭᠠᠯᠠᠬᠤ ᠪᠦᠷᠬᠦᠪᠴᠢ ᠪᠦᠷᠢᠯᠳᠦᠬᠦ ᠪᠣᠯᠬᠤᠷ ᠰᠢᠷᠬᠠᠯᠠᠭ᠎ᠠ ᠶᠢ ᠡᠷᠲᠡ ᠠᠨᠠᠭᠠᠬᠤ ᠳᠤ ᠲᠤᠰᠠᠲᠠᠢ᠃ | 2.ᠴᠠᠬᠢᠯᠭᠠᠨ ᠭᠡᠷᠡᠯ ᠤᠨ ᠴᠢᠨᠠᠷᠲᠠᠢ ᠨᠢᠳᠦᠨ ᠦᠷᠪᠢᠰᠦᠯ ᠤᠨ ᠡᠪᠡᠳᠴᠢᠲᠡᠨ ᠦᠨᠢᠶᠡᠨ ᠰᠦ ᠶᠢ | ᠨᠢᠳᠦᠨ ᠳᠤ ᠪᠠᠨ ᠳᠤᠰᠤᠯᠭᠠᠪᠠᠯ ᠡᠪᠡᠳᠬᠦ ᠶᠢ ᠨᠠᠮᠳᠠᠭᠠᠨ᠎ᠠ᠃ | 3.ᠲᠡᠮᠦᠷᠯᠢᠭ ᠤᠨ ᠨᠢᠭᠡᠲᠦᠮᠡᠯ ᠪᠣᠳᠠᠰ ᠢ ᠠᠳᠡᠭᠦᠷᠡᠵᠦ ᠤᠤᠭᠤᠭᠰᠠᠨ ᠦᠶ᠎ᠡ ᠳᠤ ᠦᠨᠢᠶᠡᠨ ᠰᠦ ᠤᠤᠭᠤᠪᠠᠯ | ᠬᠤᠤᠷ ᠢ ᠲᠠᠶᠢᠯᠤᠨ᠎ᠠ᠃ | 4.ᠦᠨᠢᠶᠡᠨ ᠰᠦ ᠨᠢ ᠨᠢᠳᠦᠨ ᠵᠤᠪᠬᠢ ᠲᠠᠲᠠᠪᠠᠯᠵᠠᠬᠤ ᠶᠢ ᠨᠠᠮᠳᠠᠭᠠᠨ᠎ᠠ᠃ ᠨᠢᠳᠦᠨ ᠵᠤᠪᠬᠢ ᠲᠠᠲᠠᠪᠠᠯᠵᠠᠬᠤ ᠪᠣᠯ | ᠬᠠᠷᠠᠭ᠎ᠠ ᠬᠡᠳᠦ ᠶᠠᠳᠠᠷᠠᠬᠤ᠂ ᠨᠢᠳᠦᠨ ᠤ ᠪᠣᠯᠴᠢᠩ ᠤᠨ ᠠᠯᠤᠰᠬᠤ ᠴᠢᠨᠠᠷᠲᠠᠢ ᠠᠪᠴᠢᠯᠲᠠ ᠠᠴᠠ ᠪᠤᠯᠤᠭᠰᠠᠨ ᠶᠣᠮ᠃ | ᠦᠨᠢᠶᠡᠨ ᠰᠦ ᠳᠠᠬᠢ ᠺᠠᠯᠼᠯᠢᠭ ᠡᠳ᠋ ᠨᠢ ᠪᠤᠯᠴᠢᠩ ᠤᠨ ᠡᠷᠴᠢᠮ ᠢ ᠰᠤᠯᠠᠷᠠᠭᠤᠯᠵᠣ᠂ ᠠᠨᠢᠰᠬ᠎ᠠ ᠲᠠᠲᠠᠪᠠᠯᠵᠠᠬᠤ ᠶᠢ | ᠵᠠᠰᠠᠬᠤ ᠦᠢᠯᠡᠳᠦᠯ ᠲᠠᠢ ᠪᠠᠶᠢᠳᠠᠭ᠃ | 5.ᠰᠠᠯᠪᠤᠷᠢ ᠮᠦᠬᠡᠷᠡᠰᠦᠨ ᠬᠤᠭᠤᠯᠠᠢ ᠶᠢᠨ ᠦᠷᠪᠢᠰᠦᠯ ᠢ ᠤᠷᠢᠳᠴᠢᠯᠠᠨ ᠰᠡᠷᠭᠡᠶᠢᠯᠡᠨ᠎ᠡ᠃ ᠦᠨᠢᠶᠡᠨ | ᠰᠦᠨ ᠳᠤ ᠸᠢᠲ᠋ᠠᠮᠢᠨ A ᠡᠯᠪᠡᠭ ᠠᠭᠤᠯᠤᠭᠳᠠᠵᠤ ᠪᠠᠶᠢᠳᠠᠭ ᠠᠴᠠ ᠰᠠᠯᠪᠤᠷᠢ ᠮᠦᠬᠡᠷᠡᠰᠦᠨ ᠬᠤᠭᠤᠯᠠᠢ ᠶᠢᠨ ᠰᠠᠯᠢᠰᠤᠲᠤ | ᠪᠦᠷᠬᠦᠪᠴᠢ ᠶᠢᠨ ᠡᠰ ᠢ ᠬᠠᠮᠠᠭᠠᠯᠠᠵᠤ ᠦᠷᠪᠢᠰᠬᠦ ᠲᠤᠬᠢᠶᠠᠯ ᠢ ᠪᠠᠭᠠᠰᠬᠠᠵᠤ ᠪᠠᠶᠢᠳᠠᠭ᠃ | 6.ᠲᠤᠰᠤ ᠶᠢ ᠨᠢ ᠭᠠᠷᠭᠠᠭᠰᠠᠨ ᠦᠨᠢᠶᠡᠨ ᠰᠦ ᠬᠠᠪᠤᠳᠠᠷ ᠢ ᠰᠡᠷᠭᠡᠶᠢᠯᠡᠨ᠎ᠡ᠃ ᠰᠤᠳᠤᠯᠭᠠᠨ ᠤ | ᠢᠯᠡᠷᠡᠭᠦᠯᠦᠭᠰᠡᠨ ᠢᠶᠠᠷ ᠲᠤᠰᠤ ᠶᠢ ᠨᠢ ᠭᠠᠷᠭᠠᠭᠰᠠᠨ ᠦᠨᠢᠶᠡᠨ ᠰᠦ ᠳᠠᠬᠢ ᠸᠢᠲ᠋ᠠᠮᠢᠨ C᠂ ᠸᠢᠲ᠋ᠠᠮᠢᠨ A ᠵᠡᠷᠭᠡ ᠪᠢᠴᠢᠯ | ᠡᠯᠧᠮᠧᠨ᠋ᠲ ᠨᠦᠭᠦᠳ ᠨᠢ ᠦᠮᠠᠨ ᠢ ᠰᠡᠷᠭᠡᠶᠢᠯᠡᠬᠦ ᠦᠢᠯᠡᠳᠦᠯ ᠲᠠᠢ ᠪᠣᠯᠬᠤᠷ ᠲᠤᠰᠤ ᠶᠢ ᠨᠢ ᠭᠠᠷᠭᠠᠭᠰᠠᠨ ᠦᠨᠢᠶᠡᠨ | ᠰᠦ ᠶᠢ ᠦᠷᠭᠦᠯᠵᠢ ᠤᠤᠭᠤᠪᠠᠯ ᠡᠯ᠎ᠡ ᠵᠦᠢᠯ ᠤᠨ ᠦᠮᠠᠨ ᠤ ᠡᠭᠦᠰᠬᠦ ᠨᠤᠷᠮ᠎ᠠ ᠶᠢ ᠳᠤᠷᠤᠭᠰᠢᠯᠠᠭᠤᠯᠤᠨ᠎ᠠ᠃ | 7.ᠰᠠ ᠡᠪᠡᠳᠴᠢᠨ ᠢ ᠰᠡᠷᠭᠡᠶᠢᠯᠡᠨ᠎ᠡ᠃ ᠦᠨᠢᠶᠡᠨ ᠰᠦ ᠵᠢᠴᠢ ᠦᠨᠢᠶᠡᠨ ᠰᠦ ᠶᠢᠨ ᠦᠢᠯᠡᠳᠭᠡᠭᠦᠨ ᠳᠤ ᠨᠢᠭᠡ | ᠵᠦᠢᠯ ᠤᠨ ᠤᠨᠴᠠ ᠪᠤᠳᠠᠰ ᠬᠡᠮᠵᠢᠶ᠎ᠡ ᠠᠴᠠ ᠬᠡᠲᠦᠷᠡᠭᠰᠡᠨ ᠺᠠᠯᠼ ᠡᠯᠧᠮᠧᠨ᠋ᠲ ᠮᠡᠳᠡᠷᠡᠯ ᠤᠨ ᠡᠰ ᠢ ᠭᠡᠮᠲᠦᠭᠡᠬᠦ ᠶᠢ | ᠰᠡᠷᠭᠡᠶᠢᠯᠡᠳᠡᠭ ᠠᠴᠠ ᠶᠡᠭᠡ ᠲᠠᠷᠢᠬᠢ ᠶᠢ ᠬᠠᠮᠠᠭᠠᠯᠠᠵᠤ᠂ ᠰᠠ ᠡᠪᠡᠳᠴᠢᠨ ᠳᠤ ᠨᠡᠷᠪᠡᠭᠳᠡᠬᠦ ᠶᠢ ᠤᠷᠢᠳᠴᠢᠯᠡᠨ | ᠰᠡᠷᠭᠡᠶᠢᠯᠡᠵᠦ ᠴᠢᠳᠠᠨ᠎ᠠ᠃ | 8.ᠪᠡᠶ᠎ᠡ ᠶᠢᠨ ᠰᠢᠩᠭᠡᠨ ᠢ ᠨᠦᠬᠦᠪᠦᠷᠢᠯᠡᠬᠦ ᠳᠤ ᠪᠤᠰᠤᠳ ᠤᠮᠳᠠᠭᠠᠨ ᠠᠴᠠ ᠰᠠᠶᠢᠨ ᠪᠠᠶᠢᠳᠠᠭ᠃ | 9.ᠲᠠᠶᠢᠪᠤᠰᠢᠷᠠᠭᠤᠯᠬᠤ ᠦᠢᠯᠡᠳᠦᠯ ᠲᠠᠢ᠃ ᠡᠨᠡ ᠨᠢ ᠲᠠᠷᠢᠬᠢ᠂ ᠮᠡᠳᠡᠷᠡᠯ᠂ ᠵᠢᠷᠦᠬᠡᠨ ᠠᠵᠢᠯᠯᠠᠭ᠎ᠠ ᠶᠢ | ᠰᠠᠶᠢᠵᠢᠷᠠᠭᠤᠯᠤᠨ᠎ᠠ᠃ | 10. ᠠᠷᠠᠰᠤ ᠶᠢ ᠴᠢᠬᠢᠷᠠᠭᠵᠢᠭᠤᠯᠵᠤ᠂ ᠵᠢᠰᠦ ᠶᠢ ᠴᠠᠭᠠᠨ ᠪᠦᠭᠡᠳ ᠨᠠᠷᠢᠨ ᠰᠢᠷᠬᠡᠭ ᠲᠠᠢ ᠪᠠᠶᠢᠯᠭᠠᠵᠤ ᠤᠯᠠᠮ | ᠭᠤᠸ᠎ᠠ ᠰᠠᠶᠢᠬᠠᠨ ᠪᠣᠯᠭᠠᠨ᠎ᠠ᠃ | 11.ᠨᠠᠰᠤ ᠶᠢ ᠣᠷᠲᠣᠳᠬᠠᠨᠠ᠃ ᠡᠨᠡ ᠨᠢ ᠦᠨᠢᠶᠡᠨ ᠰᠦ ᠨᠢ ᠬᠦᠮᠦᠨ ᠤ ᠡᠯ᠎ᠡ ᠡᠷᠬᠡᠲᠡᠨ ᠪᠠ ᠴᠣᠯᠣ | ᠰᠠᠪᠠᠨ ᠳᠤ ᠢᠳᠡᠪᠬᠢᠲᠡᠢ ᠦᠢᠯᠡᠳᠦᠯ ᠭᠠᠷᠭᠠᠵᠤ ᠲᠠᠷᠢᠬᠢ᠂ ᠮᠡᠳᠡᠷᠡᠯ᠂ ᠵᠢᠷᠦᠬᠡᠨ ᠠᠵᠢᠯᠯᠠᠭ᠎ᠠ ᠶᠢ | ᠰᠠᠶᠢᠵᠢᠷᠠᠭᠤᠯᠤᠭᠰᠠᠨ ᠠᠴᠠ ᠪᠣᠯᠵᠠᠢ᠃ | 12.ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠨᠢ ᠨᠡᠮᠡᠭᠳᠡᠭᠦᠯᠦᠨ᠎ᠡ᠃ ᠡᠨᠡ ᠨᠢ ᠭᠤᠤᠯᠳᠠᠭᠤ ᠬᠦᠮᠦᠨ ᠤ | ᠪᠡᠶ᠎ᠡ ᠶᠢᠨ ᠡᠯ᠎ᠡ ᠵᠦᠢᠯ ᠤᠨ ᠬᠦᠴᠢᠯ᠂ ᠸᠢᠲ᠋ᠠᠮᠢᠨ᠂ ᠵᠢᠴᠢ ᠪᠢᠴᠢᠯ ᠡᠯᠧᠮᠧᠨ᠋ᠲ ᠢ ᠭᠦᠢᠴᠡᠳ ᠬᠠᠩᠭᠠᠭᠰᠠᠨ ᠠᠴᠠ ᠪᠣᠯᠵᠠᠢ᠃ | | 13.ᠬᠤᠳᠤᠭᠤᠳᠤᠨ ᠤ ᠬᠦᠷᠪᠡᠯᠵᠡᠯᠲᠡ ᠶᠢ ᠠᠬᠢᠭᠤᠯᠵᠤ ᠰᠢᠩᠭᠡᠭᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ ᠡᠨᠡ | ᠨᠢ ᠲᠡᠭᠦᠨ ᠤ ᠰᠦᠨ ᠬᠦᠴᠢᠯ ᠠᠴᠠ ᠬᠤᠳᠤᠭᠤᠳᠤ ᠭᠡᠳᠡᠰᠦᠨ ᠤ ᠬᠠᠨ᠎ᠠ ᠳᠤ ᠵᠣᠬᠢᠬᠤ ᠵᠦᠭᠡᠯᠡᠨ ᠰᠡᠲᠦᠯᠲᠡ | ᠦᠵᠡᠭᠦᠯᠦᠭᠰᠡᠨ ᠠᠴᠠ ᠪᠣᠯᠵᠠᠢ᠃ | 14.ᠬᠦᠮᠦᠨ ᠤ ᠪᠡᠶ᠎ᠡ ᠶᠢᠨ ᠺᠠᠯᠼ ᠶᠢ ᠭᠦᠢᠴᠡᠳ ᠨᠦᠬᠦᠪᠦᠷᠢᠯᠡᠨ ᠪᠦᠬᠦ ᠪᠡᠶ᠎ᠡ ᠶᠢᠨ ᠶᠠᠰᠤ᠂ ᠰᠢᠳᠦ ᠶᠢ | ᠴᠢᠬᠢᠷᠠᠭᠵᠢᠭᠤᠯᠤᠨ ᠤᠶᠠᠨ ᠬᠠᠳᠠᠨ ᠴᠢᠨᠠᠷ ᠢ ᠨᠡᠮᠡᠭᠳᠡᠭᠦᠯᠵᠦ᠂ ᠶᠠᠰᠤᠨ ᠤ ᠪᠡᠷᠲᠡᠯ ᠢ ᠪᠠᠭᠠᠰᠬᠠᠬᠤ ᠪᠦᠭᠡᠳ | ᠪᠡᠷᠲᠡᠭᠰᠡᠨ ᠤ ᠳᠠᠷᠠᠭ᠎ᠠ ᠰᠦ ᠤᠤᠭᠤᠪᠠᠯ ᠶᠠᠰᠤᠨ ᠤ ᠵᠠᠯᠭᠠᠭᠳᠠᠬᠤ ᠬᠤᠭᠤᠴᠠᠭ᠎ᠠ ᠶᠢ ᠪᠤᠭᠤᠨᠢᠰᠬᠠᠨ᠎ᠠ᠃ | 15. ᠪᠣᠯᠴᠢᠩ ᠰᠢᠷᠪᠦᠰᠦ ᠶᠢᠨ ᠪᠣᠶᠢᠵᠢᠯᠲᠠ ᠪᠠ ᠠᠮᠢᠵᠢᠷᠠᠯ ᠢ ᠠᠬᠢᠭᠤᠯᠤᠨ ᠬᠦᠮᠦᠨ ᠤ ᠬᠦᠴᠦᠨ ᠴᠢᠳᠠᠯ ᠪᠠ | ᠢᠳᠡ ᠲᠤᠷᠪᠢ ᠶᠢ ᠨᠠᠮᠡᠭᠳᠡᠭᠦᠯᠦᠨ᠎ᠡ᠃ | 16.ᠭᠡᠵᠢᠭᠡ ᠶᠢ ᠭᠢᠯᠪᠠᠭ᠎ᠠ ᠲᠠᠢ ᠪᠣᠯᠭᠠᠵᠤ᠂ ᠦᠰᠦ ᠴᠠᠶᠢᠬᠤ ᠶᠢ ᠰᠡᠷᠭᠡᠶᠢᠯᠡᠨ᠎ᠡ᠃ ᠦᠰᠦ ᠤᠨᠠᠵᠤ | ᠲᠠᠰᠤᠷᠠᠬᠤ ᠶᠢ ᠪᠠᠭᠠᠰᠬᠠᠳᠠᠭ᠃ ᠡᠨᠡ ᠨᠢ ᠭᠤᠤᠯᠳᠠᠭᠤ ᠦᠨᠢᠶᠡᠨ ᠰᠦᠨ ᠤ ᠪᠢᠴᠢᠯ ᠡᠯᠧᠮᠧᠨ᠋ᠲ ᠤᠨ ᠦᠢᠯᠡᠳᠦᠯ ᠠᠴᠠ | ᠪᠣᠯᠤᠭᠰᠠᠨ ᠪᠠᠶᠢᠨ᠎ᠠ᠃ | 17.ᠦᠨᠢᠶ᠎ᠡ ᠰᠦ ᠨᠢ ᠨᠤᠶᠢᠷ ᠲᠤ ᠰᠠᠶᠢᠨ ᠪᠠᠶᠢᠳᠠᠭ᠃ | 18. ᠦᠨᠢᠶᠡᠨ ᠰᠦ ᠶᠢ ᠰᠢᠷ᠎ᠠ ᠬᠤᠰᠤᠬᠤ ᠦᠶ᠎ᠡ ᠳᠡᠭᠡᠨ ᠬᠦᠢᠲᠡᠨ ᠢᠶᠠᠷ ᠨᠢ ᠤᠤᠭᠤᠪᠠᠯ ᠰᠢᠷ᠎ᠠ ᠬᠤᠰᠤᠬᠤ | ᠨᠠᠮᠳᠠᠳᠠᠭ᠃ | 19.ᠡᠳᠡᠭᠡᠷᠡᠬᠦ ᠨᠢ ᠤᠳᠠᠭᠠᠨ ᠶᠠᠷ᠎ᠠ ᠰᠢᠷᠬ᠎ᠠ ᠪᠣᠶᠣ ᠡᠷᠭᠢᠭᠰᠡᠨ ᠪᠤᠭᠤᠮ᠎ᠠ ᠶᠢ ᠦᠨᠢᠶᠡᠨ ᠰᠦ ᠪᠠᠷ ᠤᠬᠢᠶᠠᠪᠠᠯ | ᠡᠳᠡᠭᠡᠷᠡᠬᠦ ᠨᠢ ᠲᠦᠷᠭᠡᠨ ᠪᠠᠶᠢᠳᠠᠭ᠃ | 20.ᠭᠠᠭᠴᠠ ᠬᠤᠷᠤᠭᠤᠨ ᠤ ᠬᠠᠪᠤᠳᠠᠷ ᠲᠤ ᠡᠭᠡᠳᠡᠭᠰᠡᠨ ᠰᠦᠨ ᠤ ᠡᠭᠡᠳᠡᠮ ᠲᠦᠷᠬᠢᠪᠡᠯ ᠬᠠᠪᠤᠳᠠᠷ ᠨᠢ | ᠬᠠᠷᠢᠵᠤ᠂ ᠡᠳᠡᠭᠡᠷᠡᠬᠦ ᠨᠢ ᠲᠦᠷᠭᠡᠨ ᠪᠠᠶᠢᠳᠠᠭ᠃ | 21.ᠤᠯᠠᠭᠠᠭᠴᠢ ᠦᠨᠢᠶᠡᠨ ᠤ ᠲᠠᠬᠢᠵᠤ ᠢᠪᠢᠯᠭᠡᠭᠰᠡᠨ ᠰᠦ ᠶᠢ ᠦᠷᠭᠦᠯᠵᠢ ᠤᠤᠭᠤᠪᠠᠯ ᠠᠭᠤᠰᠬᠢᠨ ᠤ ᠡᠯ᠎ᠡ | ᠵᠦᠢᠯ ᠤᠨ ᠡᠪᠡᠳᠴᠢᠨ ᠢ ᠵᠠᠰᠠᠬᠤ ᠳᠤ ᠲᠤᠰᠠᠲᠠᠢ ᠪᠠᠶᠢᠳᠠᠭ᠃ | 22. ᠦᠨᠢᠶ᠎ᠡ ᠰᠦ ᠪᠠᠷ ᠬᠦᠴᠢᠯᠯᠢᠭ ᠬᠤᠷᠤᠳ ᠪᠣᠯᠪᠠᠰᠤᠷᠠᠭᠤᠯᠤᠨ ᠢᠯᠭᠠᠷᠠᠭᠤᠯᠤᠭᠰᠠᠨ ᠰᠢᠷᠠᠰᠣ ᠳᠤ | ᠳᠠᠪᠤᠰᠤ ᠬᠢᠵᠦ᠂ ᠬᠠᠮᠠᠭᠤ ᠮᠠᠭᠠᠵᠢᠭᠤᠷ ᠵᠡᠷᠭᠡ ᠠᠷᠠᠰᠤᠨ ᠡᠪᠡᠳᠴᠢᠨ ᠢ ᠤᠬᠢᠶᠠᠪᠠᠯ ᠲᠤᠰᠠ ᠪᠤᠯᠳᠠᠭ᠃ | 23.ᠠᠮᠠᠨ ᠬᠦᠨᠳᠡᠢ ᠶᠢᠨ ᠰᠢᠷᠬᠠᠯᠠᠭ᠎ᠠ ᠶᠢ ᠵᠠᠰᠠᠬᠤ ᠳᠤ ᠬᠦᠯᠳᠡᠭᠡᠭᠰᠡᠨ ᠦᠨᠢᠶᠡᠨ ᠰᠦ ᠶᠢ ᠦᠮᠦᠯᠦᠨ | ᠠᠪᠴᠤ ᠰᠢᠷᠬᠠᠯᠠᠭ᠎ᠠ ᠶᠢᠨ ᠳᠡᠭᠡᠷ᠎ᠡ ᠲᠠᠯᠪᠢᠭᠠᠳ ᠡᠮᠨᠡᠯᠭᠡ ᠶᠢᠨ ᠬᠦᠪᠦᠩ ᠢᠶᠠᠷ ᠳᠠᠷᠤᠨ᠎ᠠ᠃ 15 ᠮᠢᠨᠦ᠋ᠲ ᠤᠨ ᠳᠠᠷᠠᠭ᠎ᠠ | ᠬᠦᠢᠲᠡᠨ ᠦᠨᠢᠶᠡᠨ ᠰᠦ ᠨᠢ ᠦᠷᠪᠢᠰᠦᠯ ᠢ ᠳᠠᠷᠤᠵᠤ᠂ ᠦᠨᠢᠶ᠎ᠡ ᠰᠦᠨ ᠳᠤᠲᠤᠷᠠᠬᠢ ᠤᠭᠤᠷᠠᠭ ᠨᠢ ᠰᠢᠷᠬᠠᠯᠠᠭ᠎ᠠ ᠶᠢ | ᠲᠦᠷᠭᠡᠨ ᠡᠳᠡᠭᠡᠷᠡᠭᠦᠯᠳᠡᠭ᠃ | 24.ᠦᠬᠡᠷ ᠢᠯᠳᠦ ᠶᠢ ᠵᠠᠰᠠᠬᠤ ᠳᠤ ᠦᠨᠢᠶᠡᠨ ᠰᠦ ᠶᠢ ᠭᠤᠷᠪᠠᠨ ᠮᠢᠨᠦ᠋ᠲ ᠪᠤᠴᠠᠯᠭᠠᠭᠰᠠᠨ ᠤ ᠳᠠᠷᠠᠭ᠎ᠠ | ᠰᠦ ᠪᠠᠨ ᠠᠭᠤᠳᠠᠯᠵᠤ ᠲᠤᠭᠤᠭᠠᠨ ᠳᠤ ᠨᠠᠭᠠᠯᠳᠤᠭᠰᠠᠨ ᠦᠷᠦᠮ᠎ᠡ ᠶᠢᠨ ᠬᠤᠰᠤᠮ ᠢ ᠬᠤᠰᠤᠵᠤ ᠠᠪᠤᠭᠠᠳ ᠦᠬᠡᠷ | ᠢᠯᠳᠦ ᠳᠡᠭᠡᠷ᠎ᠡ ᠪᠠᠨ ᠲᠦᠷᠬᠢᠨ᠎ᠡ᠃ ᠤᠳᠠᠭᠠᠨ ᠬᠤᠭᠤᠴᠠᠭ᠎ᠠ ᠪᠠᠷᠢᠮᠲᠠᠯᠠᠪᠠᠯ ᠲᠤᠰᠠ ᠪᠤᠯᠳᠠᠭ᠃ | 25.ᠮᠡᠳᠡᠷᠡᠯ ᠤᠨ ᠴᠢᠨᠠᠷᠲᠠᠢ ᠠᠷᠠᠰᠤᠨ ᠤ ᠡᠪᠡᠳᠴᠢᠨ ᠢ ᠵᠠᠰᠠᠬᠤ ᠳᠤ 250 ᠮᠢᠯᠢᠯᠢᠲᠷ ᠦᠨᠢᠶᠡᠨ ᠰᠦ ᠶᠢ | 100 ᠮᠢᠯᠢᠯᠢᠲᠷ ᠲᠤᠰᠤᠲᠤ ᠨᠤᠭᠤᠭ᠎ᠠ ᠶᠢᠨ ᠲᠤᠰᠤᠨ ᠳᠤ ︵ᠨᠠᠩᠭᠢᠶᠠᠳ ᠠᠷᠤᠷ᠎ᠠ ᠶᠢᠨ ᠦᠷ᠎ᠡ ᠶᠢᠨ ᠲᠤᠰᠤ ᠪᠣᠯ | ᠨᠡᠩ ᠰᠠᠶᠢᠨ︶ ᠬᠤᠯᠢᠵᠣ ᠬᠤᠳᠬᠤᠭᠠᠳ ᠪᠦᠯᠢᠶᠡᠨ ᠣᠰᠣᠨ ᠳᠤ ᠨᠡᠶᠢᠯᠡᠭᠦᠯᠦᠨ ᠤᠬᠢᠶᠠᠨ᠎ᠠ᠃ ᠭᠠᠷᠠᠭ ᠲᠤ ᠨᠢᠭᠡ | ᠤᠳᠠᠭ᠎ᠠ᠂ ᠤᠳᠠᠭ᠎ᠠ ᠪᠦᠷᠢ 15 ᠮᠢᠨᠦ᠋ᠲ ᠤᠬᠢᠶᠠᠨ᠎ᠠ᠃ | 26.ᠠᠷᠠᠰᠤᠨ ᠤ ᠬᠠᠷ᠎ᠠ ᠲᠤᠯᠪᠤ ᠶᠢ ᠵᠠᠰᠠᠬᠤ ᠳᠤ᠂ ᠰᠢᠨ᠎ᠡ ᠰᠤᠷᠭᠤᠭ ᠦᠨᠢᠶᠡᠨ ᠰᠦ ᠶᠢ 75% ᠶᠢᠨ | ᠡᠮᠨᠡᠯᠭᠡ ᠳᠤ ᠬᠡᠷᠡᠭᠯᠡᠬᠦ ᠰᠫᠢᠷᠲ ᠲᠠᠢ 1/3 ᠬᠠᠷᠢᠴᠠᠯ ᠢᠶᠠᠷ ᠬᠤᠯᠢᠵᠤ᠂ ᠤᠨᠲᠠᠬᠤ ᠠᠴᠠ ᠪᠠᠨ ᠡᠮᠦᠨ᠎ᠡ ᠠᠷᠠᠰᠤᠨ | ᠲᠤᠯᠪᠤ ᠳᠡᠭᠡᠷ᠎ᠡ ᠪᠠᠨ ᠲᠦᠷᠬᠢᠨ᠎ᠡ᠃ | 27.ᠨᠠᠷᠠᠨ ᠤ ᠰᠠᠴᠤᠷᠠᠭ ᠠᠴᠠ ᠪᠣᠯᠣᠭᠰᠠᠨ ᠠᠷᠠᠰᠤᠨ ᠡᠪᠡᠳᠴᠢᠨ ᠢ ᠵᠠᠰᠠᠬᠤ᠂ ᠡᠭᠦᠨ ᠢ ᠪᠠᠰᠠ ᠨᠠᠷᠠᠰᠢᠬᠤ | ᠲᠤᠯᠪᠤ ᠭᠡᠳᠡᠭ᠃ ᠡᠨᠡ ᠬᠦ ᠡᠪᠡᠳᠴᠢᠨ ᠢ ᠵᠠᠰᠠᠬᠤ ᠳᠤ ᠦᠨᠢᠶᠡᠨ ᠰᠦᠨ ᠳᠡᠭᠡᠷ᠎ᠡ ᠪᠠᠨ ᠪᠠᠭ᠎ᠠ ᠤᠰᠤ ᠬᠤᠯᠢᠵᠤ᠂ | ᠲᠡᠭᠦᠨ ᠢᠶᠠᠨ ᠨᠠᠷᠠᠰᠢᠭᠰᠠᠨ ᠬᠡᠰᠡᠭ ᠳᠡᠭᠡᠷ᠎ᠡ ᠪᠠᠨ ᠲᠦᠷᠬᠢᠨ᠎ᠡ᠃ ᠡᠳᠦᠷ ᠲᠤ 2~3 ᠣᠳᠠᠭ᠎ᠠ᠂ ᠣᠳᠠᠭ᠎ᠠ ᠪᠦᠷᠢ | 15~20 ᠮᠢᠨᠦ᠋ᠲ ᠲᠦᠷᠬᠢᠨ᠎ᠡ᠃ | 28.ᠱᠠᠮᠪᠠᠷᠠᠮ ᠢ ᠵᠠᠰᠠᠬᠤ ᠳᠤ ᠦᠨᠢᠶᠡᠨ ᠰᠦ ᠶᠢ ᠪᠠᠯᠪᠠᠯᠤᠭᠰᠠᠨ ᠰᠠᠷᠢᠮᠰᠠᠭ ᠲᠠᠢ ᠬᠤᠯᠢᠵᠤ ᠱᠠᠮᠪᠠᠷᠠᠮ | ᠳᠡᠭᠡᠷ᠎ᠡ ᠪᠠᠨ ᠲᠦᠷᠬᠢᠨ᠎ᠡ᠃ ᠡᠳᠦᠷ ᠲᠤ ᠨᠢᠭᠡ ᠤᠳᠠᠭ᠎ᠠ᠂ ᠬᠤᠶᠠᠷ ᠭᠠᠷᠠᠭ ᠢᠶᠠᠷ ᠨᠢᠭᠡ ᠡᠮᠨᠡᠬᠦ ᠬᠤᠭᠤᠴᠠᠭ᠎ᠠ ᠪᠤᠯᠭᠠᠨ᠎ᠠ᠃ | | 29. 250 ᠭᠷᠡᠮ ᠦᠨᠢᠶᠡᠨ ᠰᠦ ᠶᠢ 100 ᠭᠷᠡᠮ ᠪᠠᠯ ᠲᠠᠢ ᠬᠠᠮᠲᠤ ᠴᠢᠨᠠᠭᠠᠳ ᠪᠤᠴᠠᠯᠤᠭᠰᠠᠨ ᠤ ᠰᠡᠭᠦᠯᠡᠷ᠂ | ᠳᠡᠭᠡᠷ᠎ᠡ ᠠᠴᠠ ᠨᠢ 100 ᠭᠷᠡᠮ ᠰᠤᠩᠭᠢᠨ᠎ᠠ ᠶᠢᠨ ᠴᠠᠭᠠᠨ ᠢ ᠨᠦᠳᠦᠵᠦ ᠭᠠᠷᠭᠠᠭᠰᠠᠨ ᠰᠢᠭᠦᠰᠦ ᠶᠢ ᠬᠢᠵᠦ᠂ ᠳᠠᠬᠢᠵᠤ | ᠪᠤᠴᠠᠯᠭᠠᠭᠠᠳ ᠡᠳᠦᠷ ᠪᠦᠷᠢ ᠦᠷᠯᠦᠭᠡ ᠦᠯᠦᠨ ᠢᠶᠠᠷ ᠤᠤᠭᠤᠪᠠᠯ᠂ ᠲᠠᠮᠢᠷ ᠢ ᠨᠦᠬᠦᠪᠦᠷᠢᠯᠡᠨ᠂ ᠬᠠᠯᠠᠭᠤᠨ ᠢ | ᠠᠷᠢᠯᠭᠠᠭᠠᠳ᠂ ᠦᠳᠭᠡᠨ ᠮᠦᠷ ᠢ ᠨᠠᠪᠲᠡᠷᠡᠩᠭᠦᠢ ᠪᠣᠯᠭᠠᠬᠤ ᠮᠦᠷᠲᠡᠭᠡᠨ ᠨᠠᠰᠤ ᠠᠭᠰᠢᠷᠠᠭᠰᠠᠳ ᠤᠨ ᠳᠠᠳᠬᠠᠯ ᠤᠨ | ᠴᠢᠨᠠᠷᠲᠠᠢ ᠪᠠᠷ ᠬᠤᠷᠭᠤᠰᠤᠯᠠᠬᠤ ᠶᠢ ᠠᠨᠠᠭᠠᠬᠤ ᠳᠤ ᠲᠤᠬᠢᠷᠠᠮᠵᠢᠲᠠᠢ᠃ | 30. 50 ᠭᠷᠡᠮ ᠰᠦ ᠶᠢ 50 ᠭᠷᠡᠮ ᠰᠢᠬᠢᠷ ᠡᠪᠡᠰᠦ ᠲᠠᠢ ᠬᠠᠮᠲᠤ ᠴᠢᠨᠠᠵᠤ ᠤᠤᠭᠤᠪᠠᠯ᠂ ᠰᠠᠷ᠎ᠠ ᠶᠢᠨ ᠭᠬᠢᠷ | ᠰᠢᠷᠠᠪᠲᠤᠷ ᠪᠣᠶᠣ ᠬᠠᠷᠠᠯᠠᠬᠤ ᠶᠢ ᠠᠨᠠᠭᠠᠳᠠᠭ᠃ | 31.ᠰᠢᠨ᠎ᠡ ᠰᠠᠭᠠᠭᠰᠠᠨ ᠦᠨᠢᠶᠡᠨ ᠰᠦᠨ ᠳᠤ ᠠᠷᠢᠭᠤᠳᠬᠠᠭᠰᠠᠨ ᠱᠠ ᠪᠦᠰ ᠢ ᠳᠡᠪᠲᠦᠭᠡᠵᠦ ᠪᠠᠶᠢᠭᠠᠳ | ᠰᠢᠷᠬᠠᠲᠤᠭᠰᠠᠨ ᠬᠡᠰᠡᠭ ᠲᠡᠭᠡᠨ ᠲᠠᠯᠪᠢᠪᠠᠯ ᠭᠠᠯ ᠳᠤ ᠬᠠᠯᠠᠭᠰᠠᠨ ᠰᠢᠷᠭ᠎ᠠ ᠶᠢ ᠠᠨᠠᠭᠠᠬᠤ ᠳᠤ ᠰᠠᠶᠢᠨ ᠪᠠᠶᠢᠳᠠᠭ᠃ | 32.ᠦᠨᠢᠶᠡᠨ ᠰᠦ ᠶᠢ ᠤᠷᠤᠢ ᠪᠣᠯᠭᠠᠨ ᠬᠠᠭᠠᠰ ᠠᠶᠠᠭ᠎ᠠ ᠤᠤᠭᠤᠪᠠᠯ ᠲᠠᠮᠢᠷᠵᠢᠭᠤᠯᠬᠤ᠂ ᠠᠭᠤᠰᠬᠢ ᠶᠢ | ᠲᠦᠯᠵᠢᠭᠦᠯᠬᠦ᠂ ᠭᠡᠳᠡᠰᠦ ᠶᠢ ᠦᠩᠭᠡᠷᠰᠢᠭᠦᠯᠦᠨᠡ᠃ | 33.ᠦᠨᠢᠶᠡᠨ ᠰᠦᠨ ᠤ ᠰᠢᠷ᠎ᠠ ᠤᠰᠤ ᠶᠢ ᠡᠳᠦᠷ ᠪᠦᠷᠢ ᠨᠢᠭᠡ ᠵᠢᠩ ᠤᠤᠭᠤᠪᠠᠯ ᠰᠤᠳᠠᠯ ᠢ ᠨᠡᠪᠲᠡᠷᠡᠭᠦᠯᠦᠨ᠎ᠡ᠃ | | ᠦᠨᠢᠶᠡᠨ ᠰᠦ ᠤᠤᠭᠤᠬᠤ ᠳᠤ ᠠᠩᠬᠠᠷᠬᠤ ᠵᠦᠢᠯ᠄ | ︵1︶ ᠦᠨᠢᠶᠡᠨ ᠰᠦ ᠶᠢ ᠤᠤᠭᠤᠬᠤ ᠳᠠᠭᠠᠨ ᠡᠷᠬᠡᠪᠰᠢ ᠪᠤᠴᠠᠯᠭᠠᠬᠤ ᠬᠡᠷᠡᠭᠲᠡᠢ᠂ ᠪᠤᠴᠠᠯᠭᠠᠬᠤ ᠴᠠᠭ ᠢ | ᠬᠠᠮᠤᠭ ᠤᠬᠤᠷᠬᠠᠨ ᠪᠠᠶᠢᠯᠭᠠᠪᠠᠯ ᠰᠠᠶᠢᠨ ᠪᠠᠶᠢᠳᠠᠭ᠃ ᠤᠴᠢᠷ ᠨᠢ ᠦᠨᠢᠶᠡᠨ ᠰᠦᠨ ᠤ ᠬᠢᠮᠢ ᠶᠢᠨ ᠪᠦᠷᠢᠯᠳᠦᠭᠦᠨ ᠤ | ᠰᠦᠢᠳᠭᠡᠭᠳᠡᠬᠦ ᠠᠴᠠ ᠠᠯᠢ ᠴᠢᠳᠠᠬᠤ ᠪᠠᠷ ᠵᠠᠶᠢᠯᠠᠰᠭᠢᠬᠦ ᠴᠢᠬᠤᠯᠠᠲᠠᠢ ᠶᠤᠮ᠃ | ︵2︶ ᠤᠳᠠᠭᠠᠨ ᠬᠠᠳᠠᠭᠠᠯᠠᠵᠤ ᠪᠣᠯᠬᠤ ᠦᠭᠡᠢ᠃ ᠡᠳᠦᠷ ᠲᠤ ᠠᠯᠢ ᠦᠶ᠎ᠡ ᠳᠤ ᠤᠤᠭᠤᠭᠰᠠᠨ ᠴᠤ ᠪᠦᠷ | ᠪᠤᠯᠤᠨ᠎ᠠ᠃ ᠭᠡᠬᠦ ᠳᠡᠭᠡᠨ ᠭᠡᠳᠡᠰᠦ ᠶᠠᠭ ᠬᠤᠭᠤᠰᠤᠨ ᠦᠶ᠎ᠡ ᠳᠤ ᠤᠤᠭᠤᠬᠤ ᠦᠭᠡᠢ ᠪᠣᠯ ᠰᠠᠶᠢᠨ᠃ ᠦᠷᠯᠦᠭᠡ | ᠤᠤᠭᠤᠬᠤ ᠳᠠᠭᠠᠨ ᠤᠷᠢᠳᠠᠪᠡᠷ ᠮᠠᠨᠲ᠋ᠧᠦ ᠪᠣᠶᠣ ᠪᠣᠭᠤᠷᠰᠤᠭ ᠤᠨ ᠵᠦᠢᠯ ᠢ ᠢᠳᠡᠭᠰᠡᠨ ᠤ ᠳᠠᠷᠠᠭ᠎ᠠ ᠤᠤᠭᠤᠬᠤ ᠪᠤᠶᠤ | ᠬᠤᠯᠢᠵᠤ ᠤᠤᠭᠤᠪᠠᠯ ᠰᠠᠶᠢᠨ ᠪᠠᠶᠢᠳᠠᠭ᠃ | ︵3︶ ᠵᠠᠷᠢᠮ ᠬᠦᠮᠦᠨ ᠦᠨᠢᠶᠡᠨ ᠰᠦ ᠤᠤᠭᠤᠮᠠᠭᠴᠠ ᠰᠢᠩᠭᠡᠨ ᠢᠶᠠᠷ ᠰᠠᠭᠤᠯᠭᠠᠬᠤ ᠭᠡᠳ ᠪᠠᠶᠢᠳᠠᠭ ᠲᠤᠯᠠ | ᠤᠤᠭᠤᠬᠤ ᠶᠢᠨ ᠠᠷᠭ᠎ᠠ ᠦᠭᠡᠢ ᠪᠠᠶᠢᠳᠠᠭ᠃ ᠡᠶᠢᠮᠦ ᠬᠦᠮᠦᠰ ᠪᠣᠯ ᠤᠯᠠᠩᠬᠢ ᠨᠢ ᠮᠤᠩᠭᠤᠯ ᠡᠮᠨᠡᠯᠭᠡ ᠶᠢᠨ ᠤᠨᠤᠯ ᠳᠠᠬᠢ | ︽ᠵᠦᠭᠡᠯᠡᠨ ᠬᠡᠪᠡᠯᠢ︾ ᠶᠢᠨ ᠭᠡᠮ ᠳᠤ ᠪᠠᠭᠲᠠᠬᠤ ᠲᠤᠯᠠ ᠡᠬᠢᠯᠡᠵᠦ ᠤᠤᠭᠤᠬᠤ ᠳᠠᠭᠠᠨ ᠲᠤᠩ ᠪᠠᠭ᠎ᠠ ᠬᠡᠮᠵᠢᠶ᠎ᠡ ᠪᠠᠷ | ᠤᠤᠭᠤᠵᠤ᠂ ᠠᠭᠠᠵᠢᠮ ᠢᠶᠠᠷ ᠤᠤᠭᠤᠬᠤ ᠬᠡᠮᠵᠢᠶ᠎ᠡ ᠪᠠᠨ ᠨᠡᠮᠡᠭᠳᠡᠭᠦᠯᠬᠦ ᠶᠢᠨ ᠬᠠᠮᠲᠤ ᠤᠷᠢᠳᠠᠪᠡᠷ ᠵᠠᠪᠠᠯ ᠮᠠᠨᠲ᠋ᠧᠤ ᠪᠣᠶᠣ | ᠪᠤᠭᠤᠷᠰᠤᠭ ᠤᠨ ᠵᠦᠢᠯ ᠢ ᠢᠳᠡᠬᠦ ᠬᠡᠷᠡᠭᠲᠡᠢ᠃ ᠢᠩᠭᠢᠪᠡᠯ ᠠᠶᠠᠨᠳᠠᠭᠠᠨ ᠦᠨᠢᠶᠡᠨ ᠰᠦᠨ ᠳᠤ ᠵᠣᠬᠢᠴᠠᠬᠤ ᠪᠦᠭᠡᠳ | ᠰᠢᠩᠭᠡᠨ ᠰᠠᠭᠤᠯᠭᠠᠬᠤ ᠨᠢ ᠳᠠᠷᠣᠢ ᠵᠤᠭᠰᠤᠬᠤ ᠪᠤᠯᠤᠨ᠎ᠠ᠃ | | | ︵ᠢᠷᠡᠯᠲᠡ᠄ ᠴᠤᠶᠢ᠊· ᠷᠢᠨᠴᠢᠨ ᠤ ᠨᠠᠶᠢᠷᠠᠭᠤᠯᠤᠯᠭᠰᠠᠨ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ | ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾ ᠭᠡᠬᠦ ᠨᠤᠮ ᠠᠴᠠ ᠰᠣᠩᠭᠤᠨ ᠰᠡᠶᠢᠷᠡᠭᠦᠯᠪᠡ᠃︶ |