ᠮᠠᠯᠴᠢᠳ ᠤᠨ ᠠᠮᠢᠳᠣ ᠮᠠᠯ ᠤᠨ ᠰᠤᠯᠢᠯᠴᠠᠭᠠᠨ ᠤ ᠰᠠᠭᠤᠷᠢᠨ᠄ ᠬᠦᠪᠡᠬᠡᠳᠣ ᠰᠢᠷ᠎ᠡ ᠶᠢᠨ ︽ᠪᠠᠶᠢᠰᠢᠩᠳᠣ︾
ᠨᠡᠶᠢᠲᠡᠯᠡᠭᠰᠡᠨ ᠴᠠᠭ᠄
2021/10/12
     ᠬᠦᠪᠡᠬᠡᠳᠣ ᠰᠢᠷ᠎ᠡ ᠬᠤᠰᠢᠭᠤᠨ ᠤ ᠣᠩᠭᠤᠨ ᠠᠭᠤᠯᠠ ᠰᠣᠮᠣᠨ ᠤ ᠣᠩᠭᠤᠨ ᠨᠠᠭᠤᠷ ᠭᠠᠴᠠᠭ᠎ᠠ ᠪᠠᠷ ᠨᠣᠳᠣᠬᠲᠠᠢ ᠮᠠᠯᠴᠢᠨ ᠵᠠᠯᠠᠭᠤ ᠨᠠᠷᠠᠨᠮᠠᠨᠳᠣᠬᠤ ᠭᠠᠴᠠᠭᠠᠨ ᠤ ᠪᠠᠨ ᠬᠠᠮᠳᠣ ᠶᠢᠨ ᠠᠵᠣ ᠠᠬᠤᠢ ᠶᠢᠨ ᠰᠠᠭᠤᠷᠢᠨ ᠢ 3 ᠵᠢᠯ ᠤᠨ ᠬᠤᠭᠤᠴᠠᠭ᠎ᠠ ᠲᠠᠢ ᠪᠠᠷ ᠲᠠᠭᠠᠭᠠᠴᠢᠯᠠᠨ ᠠᠪᠴᠣ᠂ 2021 ᠣᠨ ᠤ 9 ᠰᠡᠷ᠎ᠡ ᠶᠢᠨ 27 ᠤ ᠡᠳᠣᠷ ︽ᠪᠠᠶᠢᠰᠢᠩᠳᠣ︾ ᠠᠮᠢᠳᠣ ᠮᠠᠯ ᠤᠨ ᠰᠣᠯᠢᠯᠴᠠᠭᠠᠨ ᠤ ᠵᠠᠬ᠎ᠠ ᠶᠢ ᠨᠡᠬᠡᠬᠡᠵᠣ᠂ ᠮᠠᠯᠴᠢᠳ ᠲᠤ ᠲᠦᠬᠦᠮ ᠦᠵᠡᠬᠦᠯᠦᠨ ᠠᠰᠢᠭ ᠣᠷᠣᠯᠭ᠎ᠠ ᠶᠢ ᠨᠢ ᠨᠡᠮᠡᠭᠳᠡᠬᠦᠯᠵᠣ ᠪᠠᠶᠢᠨ᠎ᠠ᠃

     ᠬᠦᠪᠡᠬᠡᠳᠣ ᠰᠢᠷ᠎ᠡ ᠬᠤᠰᠢᠭᠤᠨ ᠤ ︽ᠪᠠᠶᠢᠰᠢᠩᠳᠣ︾ ᠠᠮᠢᠳᠣ ᠮᠠᠯ ᠤᠨ ᠰᠣᠯᠢᠯᠴᠠᠭᠠᠨ ᠤ ᠵᠠᠬ᠎ᠠ ᠶᠢᠨ

ᠡᠵᠡᠩᠨᠡᠭᠴᠢ ᠨᠠᠷᠠᠨᠮᠠᠨᠳᠣᠬᠤ᠄ ︽ᠮᠠᠨ ᠤ ︿ᠪᠠᠶᠢᠰᠢᠩᠳᠣ﹀ ᠠᠮᠢᠳᠣ ᠮᠠᠯ ᠤᠨ ᠰᠣᠯᠢᠯᠴᠠᠭᠠᠨ ᠤ ᠵᠠᠬ᠎ᠠ ᠨᠡᠬᠡᠬᠡᠵᠣ᠂

ᠮᠠᠯᠴᠢᠳ ᠤᠨ ᠮᠠᠯ ᠣᠨᠤᠭ᠎ᠠ ᠶᠢ ᠦᠨᠳᠣᠷ ᠦᠨ᠎ᠠ ᠪᠠᠷ ᠬᠤᠳᠠᠯᠳᠣᠬᠤ ᠶᠢᠨ ᠲᠠᠭᠠᠣ᠂ ᠪᠢ ᠦᠢᠯᠡᠰ ᠪᠣᠰᠬᠠᠵᠣ

ᠠᠮᠢᠳᠣᠷᠠᠯ ᠢᠶᠠᠨ ᠲᠡᠭᠵᠢᠷᠡᠬᠦᠯᠬᠦ ᠵᠣᠷᠢᠯᠭ᠎ᠠ ᠠᠴᠠ ᠡᠨᠡ ᠠᠵᠢᠯ ᠢ ᠬᠢᠵᠠᠢ᠃ ᠪᠢᠳᠡ ᠡᠨᠡ ᠬᠦ ᠠᠮᠢᠳᠣ ᠮᠠᠯ ᠤᠨ ᠵᠠᠬ᠎ᠠ ᠶᠢ

ᠨᠡᠬᠡᠬᠡᠭᠰᠠᠨ ᠠᠴᠠ ᠮᠠᠨ ᠤ ᠮᠠᠯᠴᠢᠳ ᠬᠠᠮᠤᠭ ᠤᠨ ᠠᠷᠪᠢᠨ ᠳᠠᠭᠠᠨ ᠨᠢᠬᠡ ᠪᠣᠬ᠎ᠠ ᠶᠢ ᠤᠤᠯ ᠤᠨ ᠬᠢ ᠠᠴᠠ 5000

ᠲᠦᠬᠦᠷᠢᠭ ᠢᠯᠡᠬᠦᠦ ᠬᠤᠳᠠᠯᠳᠣᠵᠣ᠂ ᠬᠠᠮᠤᠭ ᠤᠨ ᠲᠣᠣᠷ᠎ᠠ ᠳᠠᠭᠠᠨ ᠴᠤ 1600 ᠲᠦᠬᠦᠷᠢᠭ ᠢᠯᠡᠬᠦᠦ ᠬᠤᠳᠠᠯᠳᠣᠪᠠ᠃

ᠡᠷᠢᠵᠦ ᠢᠷᠡᠬᠦ ᠮᠠᠶᠢᠮᠠᠶᠢᠴᠢᠨ ᠳᠤ ᠬᠤᠳᠠᠯᠳᠤᠠᠠᠰᠠᠠ ᠢᠶᠠᠨ ᠪᠣᠳᠣᠪᠠᠯ᠂ ᠤᠯᠠᠩᠭᠢ ᠨᠢ ᠤᠤᠯ ᠤᠨ ᠬᠢ ᠠᠴᠠ 2000

— 4000 ᠲᠦᠬᠦᠷᠢᠭ ᠢᠯᠡᠭᠦᠦ ᠬᠤᠳᠠᠯᠳᠤᠭᠰᠠᠨ ᠪᠠᠶᠢᠨ᠎ᠠ︾ ᠭᠡᠵᠦ ᠪᠠᠶᠢᠯ᠎ᠠ᠃

     ︽ᠪᠠᠶᠢᠰᠢᠩᠳᠣ︾ ᠠᠮᠢᠳᠣ ᠮᠠᠯ ᠤᠨ ᠰᠣᠯᠢᠯᠴᠠᠭᠠᠨ ᠤ ᠵᠠᠬ᠎ᠠ ᠨᠢ ᠭᠠᠷᠠᠭ ᠪᠦᠷᠢ ᠶᠢᠨ ᠬᠤᠶᠡᠷ ᠪᠣᠯᠣᠨ

ᠵᠢᠷᠭᠤᠭᠠᠨ ᠳᠤ ᠲᠣᠬᠳᠠᠬᠰᠠᠨ ᠬᠤᠭᠤᠴᠠᠭ᠎ᠠ ᠲᠠᠢ ᠠᠮᠢᠳᠦ ᠮᠠᠯ ᠤᠨ ᠰᠤᠯᠢᠯᠴᠠᠭ᠎ᠠ ᠶᠠᠪᠤᠭᠳᠠᠭᠤᠯᠵᠤ᠂ ᠰᠠᠭᠤᠷᠢ

ᠨᠦᠬᠦᠴᠡᠯ ᠢᠶᠠᠨ ᠰᠠᠶᠢᠵᠢᠷᠠᠭᠤᠯᠣᠨ᠂ ᠮᠠᠯᠴᠢᠳ ᠤᠨ ᠮᠠᠯ ᠢᠶᠠᠨ ᠪᠣᠷᠣᠯᠠᠭᠤᠯᠬᠤ ᠳᠤ ᠮᠠᠰᠢ ᠲᠦᠬᠦᠮ ᠨᠦᠬᠦᠴᠡᠯ

ᠬᠠᠩᠭᠠᠨ ᠦᠭᠴᠣ᠂ ᠮᠠᠯᠴᠢᠳ ᠤᠨ ᠬᠦᠷᠢᠶᠡᠯᠡᠯ ᠢ ᠤᠯᠤᠭᠰᠠᠨ ᠪᠠᠶᠢᠨ᠎ᠠ᠃

     ᠤᠩᠭᠤᠨ ᠠᠭᠤᠯᠠ ᠰᠤᠮᠤᠨ ᠤ ᠶᠡᠭᠡ ᠠᠭᠤᠯᠠ ᠭᠠᠴᠠᠭᠠᠨ ᠤ ᠮᠠᠯᠴᠢᠨ ᠰᠤᠶᠤᠯᠲᠦ᠄ ︽ᠪᠢ ᠦᠨᠥᠳᠥᠷ

ᠤᠩᠭᠤᠠ ᠨᠠᠭᠤᠷ ᠤᠨ ᠬᠠᠭᠤᠴᠢᠠ ᠰᠤᠮᠤᠠ ᠲᠡᠭᠡᠷ᠎ᠡ ᠢᠷᠡᠭᠡᠤᠠ ᠨᠢᠭᠡ ᠪᠤᠬ᠎ᠠ ᠬᠤᠳᠠᠯᠳᠤᠵᠠᠢ᠂ ᠡᠷᠢᠵᠦ ᠢᠷᠡᠬᠦ

ᠮᠠᠶᠢᠮᠠᠶᠢᠴᠢᠨ ᠳᠤ ᠬᠤᠳᠠᠯᠳᠤᠠᠠᠰᠠᠠ ᠠᠴᠠ ᠢᠯᠡᠬᠦᠦ 3000 ᠲᠦᠭᠦᠷᠢᠭ ᠤᠯᠵᠠᠢ᠃ ᠡᠨᠡ ᠰᠤᠯᠢᠯᠴᠠᠭᠠᠠ ᠤ ᠵᠠᠬ᠎ᠠ ᠨᠢ

ᠮᠠᠯᠴᠢᠥᠠ ᠲᠤ ᠶᠡᠭᠡ ᠠᠰᠢᠠᠠᠳᠠᠢ᠂ ᠲᠦᠭᠦᠮ ᠲᠦᠳᠡ ᠮᠦᠷᠳᠡᠭᠡᠨ ᠵᠠᠮ ᠤᠶᠢᠷᠠᠬᠠᠠ᠂ ᠪᠢᠳᠡᠨ ᠳᠤ ᠶᠡᠭᠡ ᠲᠥᠭᠦᠮ

ᠦᠵᠡᠭᠦᠯᠦᠯ᠎ᠡ︕︾ ᠬᠡᠵᠤ ᠪᠠᠶᠠᠷᠳᠠᠶᠢᠬᠠᠨ ᠬᠡᠯᠡᠨ᠎ᠠ᠃

     ︽ᠦᠨᠣᠳᠣᠷ ᠠᠳᠠ ᠢᠷᠡᠬᠡᠳ ᠪᠢ ᠨᠢᠬᠡ ᠪᠦᠯᠣᠭ᠌ ᠦᠬᠡᠷ ᠬᠤᠳᠠᠯᠳᠣᠵᠠᠢ᠂ ᠡᠷᠢᠵᠦ ᠢᠷᠡᠬᠦ ᠮᠠᠶᠢᠮᠠᠶᠢᠴᠢᠨ ᠳᠤ

ᠬᠤᠳᠠᠯᠳᠤᠠᠠᠰᠠᠠ ᠠᠴᠠ ᠥᠨ᠎ᠠ ᠵᠢᠭᠠᠬᠠᠨ ᠥᠡᠳᠥᠷ ᠪᠠᠶᠢᠵᠤ  ᠭᠠᠳᠠᠨ᠎ᠠ ᠶᠢᠨ ᠠᠷᠠᠯᠵᠢᠶᠠᠴᠢᠠ ᠠᠷᠪᠢᠠ ᠢᠷᠡᠭᠰᠡᠡ ᠠᠴᠠ

ᠪᠤᠯᠵᠤ ᠬᠤᠭᠤᠷᠤᠡᠳᠤ ᠪᠠᠨ ᠦᠷᠢᠰᠥᠯᠳᠥᠨ ᠮᠠᠯ ᠤᠨ ᠦᠨ᠎ᠠ ᠶᠢ ᠪᠠᠰᠠ ᠪᠠᠭ᠎ᠠ ᠦᠰᠭᠡᠭᠰᠡᠨ ᠪᠠᠶᠢᠨ᠎ᠠ᠂ ᠲᠣᠩ ᠰᠠᠶᠢᠨ

ᠤᠴᠢᠷ ᠪᠤᠯᠵᠠᠢ︾ ᠬᠡᠵᠤ ᠣᠩᠭᠤᠨ ᠠᠭᠤᠯᠠ ᠰᠣᠮᠣᠨ ᠤ ᠠᠯᠳᠠᠨ ᠮᠣᠳᠣ ᠭᠠᠴᠠᠭᠠᠨ ᠤ ᠮᠠᠯᠴᠢᠨ ᠬᠦᠭᠵᠢᠯᠳᠣ

ᠶᠠᠷᠢᠨ᠎ᠠ᠃

     ᠮᠠᠶᠢᠮᠠᠶᠢᠴᠢᠳ ᠤᠨ ᠢᠳᠡᠵᠣ ᠣᠭᠤᠣᠬᠤ ᠪᠡ ᠬᠤᠨᠣᠬᠤ ᠭᠠᠵᠡᠷ ᠢ ᠪᠦᠷ ᠲᠣᠰ ᠰᠣᠯᠢᠯᠴᠠᠭᠠᠨ ᠤ ᠵᠠᠬ᠎ᠠ ᠠᠴᠠ

ᠦᠨ᠎ᠡ ᠲᠦᠯᠣᠪᠣᠷᠢ ᠦᠬᠡᠢ ᠬᠠᠩᠭᠠᠨ ᠦᠭᠴᠦ ᠠᠷᠠᠯᠵᠢᠶᠠᠴᠢᠳ ᠲᠤ ᠮᠠᠰᠢ ᠶᠡᠭᠡ ᠳᠦᠬᠦᠮ ᠦᠵᠡᠬᠦᠯᠦᠭᠰᠡᠨ ᠠᠴᠠ

ᠲᠦᠩᠯᠢᠶᠣᠣ᠂ ᠣᠯᠠᠭᠠᠨᠬᠠᠳᠠ᠂ ᠪᠣᠭᠤᠳᠣ᠂ ᠵᠠᠩᠪᠸᠢ ᠵᠡᠷᠬᠡ ᠣᠯᠠᠨ ᠭᠠᠵᠡᠷ ᠣᠷᠣᠨ ᠤ ᠮᠠᠶᠢᠮᠠᠶᠢᠴᠢᠨ ᠢᠳᠡᠪᠬᠢᠲᠠᠢ

ᠬᠦᠷᠦᠯᠴᠡᠨ ᠢᠷᠡᠵᠤ ᠠᠮᠢᠳᠦ ᠮᠠᠯ ᠤᠨ ᠰᠤᠯᠢᠯᠴᠠᠭ᠎ᠠ ᠬᠢᠳᠡᠭ ᠪᠤᠯᠤᠭᠰᠠᠨ ᠪᠠᠶᠢᠨ᠎ᠠ᠃ ᠲᠣᠰ ᠠᠮᠢᠳᠣ ᠮᠠᠯ ᠤᠨ

ᠰᠣᠯᠢᠯᠴᠠᠭᠠᠨ ᠤ ᠵᠠᠬ᠎ᠠ ᠨᠢ ᠰᠤᠯᠢᠯᠴᠠᠭ᠎ᠠ ᠡᠬᠢᠯᠡᠭᠰᠠᠨ ᠡᠳᠣᠷ ᠲᠡᠭᠡᠨ 150 ᠭᠠᠷᠣᠢ ᠲᠦᠮᠡᠨ ᠲᠦᠬᠦᠷᠢᠭ ᠤᠨ

ᠦᠷᠳᠡᠭ ᠪᠦᠬᠦᠢ 100 ᠭᠠᠷᠤᠢ ᠪᠤᠳᠠ ᠪᠤᠭ ᠮᠠᠯ ᠠᠷᠠᠯᠵᠢᠶᠠᠯᠠᠵᠤ᠂ ᠮᠠᠯᠴᠢᠳ ᠤᠨ ᠮᠠᠯ ᠤᠨ ᠭᠠᠷᠭᠠᠯᠲᠠ ᠶᠢ

ᠠᠬᠢᠭᠤᠯᠤᠨ ᠣᠷᠣᠯᠭ᠎ᠠ ᠶᠢ ᠨᠢ ᠨᠡᠮᠡᠭᠳᠡᠬᠦᠯᠣᠭ᠍ᠰᠠᠨ ᠪᠠᠶᠢᠨ᠎ᠠ᠃

 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号