ᠦᠨᠳᠡᠭᠡᠯᠡᠯᠲᠡ ᠶᠢᠨ ᠮᠣᠷᠤᠢ ᠱᠤᠭᠤᠮ
ᠨᠡᠶᠢᠲᠡᠯᠡᠭᠰᠡᠨ ᠴᠠᠭ᠄
2021/10/12
     ᠬᠡᠪ ᠤᠨ ᠪᠠᠶᠢᠳᠠᠯ ᠳᠣᠣᠷ᠎ᠠ᠂ ᠪᠦᠬᠦᠶᠢᠯᠡ ᠦᠨᠳᠡᠭᠡᠯᠡᠬᠦ ᠬᠤᠭᠤᠴᠠᠭᠠᠨ ᠳᠠᠬᠢ ᠦᠨᠳᠡᠭᠡᠯᠡᠬᠦ ᠨᠤᠷᠮ᠎ᠠ ᠶᠢᠨ ᠬᠤᠪᠢᠷᠠᠯᠲᠠ ᠨᠢ ᠵᠣᠬᠢᠬᠤ ᠵᠢᠮ᠎ᠡ ᠶᠣᠰᠤᠴᠢ ᠴᠢᠨᠠᠷ ᠲᠠᠢ ᠪᠠᠶᠢᠳᠠᠭ ᠮᠦᠷᠲᠡᠭᠡᠨ ᠵᠣᠬᠢᠬᠤ ᠦᠨᠳᠡᠭᠡᠯᠡᠬᠦ ᠨᠤᠷᠮ᠎ᠠ ᠶᠢᠨ ᠬᠡᠪ ᠵᠠᠭᠪᠤᠷ ᠲᠠᠢ ᠪᠠᠶᠢᠳᠠᠭ᠃ ᠡᠮᠡᠭᠴᠢᠨ ᠲᠠᠬᠢᠶᠠᠨ ᠤ ᠲᠡᠵᠢᠭᠡᠯᠭᠡ ᠶᠢᠨ ᠬᠤᠨᠤᠭ ᠤᠨ ᠦᠨᠳᠡᠭᠡᠯᠡᠬᠦ ᠨᠤᠷᠮ᠎ᠠ ᠶᠢ ᠳᠦᠭᠦᠮᠴᠢᠯᠡᠭᠡᠳ ︽ᠲᠡᠵᠢᠭᠡᠯᠭᠡ ᠶᠢᠨ ᠬᠤᠨᠤᠭ︾ ᠤᠨ ᠦᠨᠳᠡᠭᠡᠯᠡᠬᠦ ᠨᠤᠷᠮ᠎ᠠ ᠭᠡᠳᠡᠭ᠃ ᠭᠠᠷᠠᠭ ᠪᠦᠷᠢ ᠶᠢᠨ ᠲᠡᠵᠢᠭᠡᠯᠭᠡ ᠶᠢᠨ ᠬᠤᠨᠤᠭ ᠤᠨ ᠦᠨᠳᠡᠭᠡᠯᠡᠬᠦ ᠨᠤᠷᠮ᠎ᠠ ᠶᠢᠨ ᠲᠤᠭ᠎ᠠ ᠪᠠᠷᠢᠮᠲᠠ ᠶᠢ ᠲᠤᠭᠠᠨ ᠤ ᠲᠡᠩᠬᠡᠯᠢᠭ ᠳᠡᠭᠡᠷ᠎ᠡ ᠲᠡᠮᠳᠡᠭᠯᠡᠵᠦ᠂ ᠡᠯ᠎ᠡ ᠴᠡᠭ ᠢ ᠬᠠᠷᠢᠯᠴᠠᠨ ᠬᠤᠯᠪᠤᠭᠰᠠᠨ ᠢ ᠦᠨᠳᠡᠭᠡᠯᠡᠯᠲᠡ ᠶᠢᠨ ᠮᠣᠷᠤᠢ ᠱᠤᠭᠤᠮ ᠭᠡᠨ᠎ᠡ᠃       ︵ᠨᠢᠭᠡ︶ ᠮᠣᠷᠤᠢ ᠱᠤᠭᠤᠮ ᠤᠨ ᠣᠨᠴᠠᠯᠢᠭ      ᠪᠡᠯᠭᠡ ᠶᠢᠨ ᠡᠷᠭᠡᠲᠡᠨ ᠨᠢ ᠪᠣᠯᠪᠠᠰᠤᠷᠠᠭᠰᠠᠨ ᠤ ᠰᠡᠭᠦᠯᠡᠷ᠂ ᠲᠠᠬᠢᠶᠠᠨ ᠤ ᠦᠨᠳᠡᠭᠡᠯᠡᠬᠦ ᠬᠡᠮᠵᠢᠶᠡᠨ ᠤ ᠨᠡᠮᠡᠭᠳᠡᠯ ᠨᠢ ᠦᠨᠳᠦᠷ ᠪᠣᠯᠳᠠᠭ᠂ ᠦᠨᠳᠡᠭᠡᠯᠡᠯᠲᠡ ᠨᠢ 10% ~ 80% ᠪᠣᠯᠪᠠᠯ᠂ ᠡᠳᠦᠷ ᠪᠦᠷᠢ ᠶᠢᠨ ᠦᠨᠳᠡᠭᠡᠯᠡᠬᠦ ᠨᠤᠷᠮ᠎ᠠ ᠨᠢ 2% ~ 3% ᠪᠠᠷ ᠨᠡᠮᠡᠭᠳᠡᠳᠡᠭ᠃ ᠦᠨᠳᠡᠭᠡᠯᠡᠯᠲᠡ ᠨᠢ 80% ~ 90% ᠪᠣᠯᠪᠠᠯ᠂ ᠡᠳᠦᠷ ᠪᠦᠷᠢ ᠶᠢᠨ ᠦᠨᠳᠡᠭᠡᠯᠡᠬᠦ ᠨᠤᠷᠮ᠎ᠠ ᠨᠢ 1% ~ 1.5% ᠪᠠᠷ ᠨᠡᠮᠡᠭᠳᠡᠳᠡᠭ᠃ ᠦᠨᠳᠡᠭᠡᠯᠡᠯᠲᠡ ᠨᠢ 90% ~ 97% ᠪᠣᠯᠬᠤ ᠦᠶᠡᠰ ᠲᠤ᠂ ᠡᠳᠦᠷ ᠪᠦᠷᠢ ᠶᠢᠨ ᠦᠨᠳᠡᠭᠡᠯᠡᠬᠦ ᠨᠤᠷᠮ᠎ᠠ ᠨᠢ 0.3% ~ 0.5% ᠪᠣᠯᠳᠠᠭ᠃ 5 ~ 6 ᠭᠠᠷᠠᠭ ᠤᠨ ᠳᠠᠷᠠᠭ᠎ᠠ᠂ ᠠᠯᠭᠤᠷ ᠢᠶᠠᠷ ᠦᠨᠳᠡᠭᠡᠯᠡᠬᠦ ᠣᠷᠭᠢᠯ ᠳᠤ ᠬᠦᠷᠳᠡᠭ᠃ ᠦᠨᠳᠡᠭᠡᠯᠡᠬᠦ ᠣᠷᠭᠢᠯ ᠤᠨ ᠡᠷᠲᠡ ᠣᠷᠤᠢ ᠨᠢ ᠠᠷᠠᠴᠢᠯᠠᠨ ᠬᠠᠮᠠᠭᠠᠯᠠᠬᠤ ᠨᠦᠬᠦᠴᠡᠯ ᠢᠶᠠᠷ ᠰᠢᠢᠳᠪᠦᠷᠢᠯᠡᠳᠡᠭ᠃ ᠪᠣᠶᠢᠵᠢᠯᠲᠡ ᠶᠢᠨ ᠬᠤᠭᠤᠴᠠᠭᠠᠨ ᠳᠣᠲᠤᠷ᠎ᠠ ᠬᠢᠵᠠᠭᠠᠷᠯᠠᠨ ᠲᠡᠵᠢᠭᠡᠭᠰᠡᠨ ᠬᠢᠷᠢ ᠬᠡᠮᠵᠢᠶ᠎ᠡ ᠬᠡᠳᠦᠢ ᠦᠨᠳᠦᠷ ᠪᠣᠯ ᠦᠨᠳᠡᠭᠡᠯᠡᠬᠦ ᠣᠷᠭᠢᠯ ᠳᠤ ᠬᠦᠷᠬᠦ ᠨᠢ ᠲᠡᠳᠦᠢ ᠬᠤᠷᠳᠤᠨ ᠪᠠᠶᠢᠳᠠᠭ᠃ ᠬᠡᠷᠪᠡ ᠪᠦᠭᠦᠳᠡ ᠲᠠᠬᠢᠶ᠎ᠠ ᠨᠢ ᠨᠢᠭᠡ ᠯᠡ ᠡᠳᠦᠷ ᠣᠷᠭᠢᠯ ᠳᠤ ᠬᠦᠷᠪᠡᠯ ᠦᠨᠳᠡᠭᠡᠯᠡᠬᠦ ᠮᠣᠷᠤᠢ ᠱᠤᠭᠤᠮ ᠨᠢ ᠨᠡᠯᠢᠶᠡᠳ ᠡᠭᠴᠡ ᠪᠣᠯᠳᠠᠭ᠃ ᠲᠠᠬᠢᠶᠠᠳ ᠤᠨ ᠦᠨᠳᠡᠭᠡᠯᠡᠬᠦ ᠨᠢ ᠵᠢᠭᠳᠡ ᠪᠣᠰᠤ ᠪᠣᠯ ᠣᠷᠭᠢᠯ ᠳᠤ ᠬᠦᠷᠬᠦ ᠱᠤᠭᠤᠮ ᠨᠢ ᠡᠭᠴᠡ ᠪᠣᠰᠤ ᠪᠣᠯᠵᠤ᠂ ᠮᠣᠷᠤᠢ ᠱᠤᠭᠤᠮ ᠨᠢ ᠨᠣᠮᠤᠨ ᠬᠡᠯᠪᠡᠷᠢᠲᠠᠢ ᠪᠠᠶᠢᠳᠠᠭ᠃      ᠬᠡᠪ ᠤᠨ ᠪᠠᠷᠢᠮᠵᠢᠶᠠᠲᠦ ᠮᠤᠷᠤᠢ ᠱᠤᠭᠤᠮ ᠨᠢ ᠦᠨᠳᠡᠭᠡᠯᠡᠬᠦ ᠣᠷᠭᠢᠯ ᠳᠤ ᠬᠦᠷᠦᠭᠰᠡᠨ ᠤ ᠰᠡᠭᠦᠯᠡᠷ 3 ~ 4 ᠭᠠᠷᠠᠭ ᠤᠨ ᠦᠨᠳᠡᠭᠡᠯᠡᠬᠦ ᠣᠷᠭᠢᠯ ᠤᠨ ᠦᠨᠳᠡᠭᠡᠯᠡᠯᠲᠡ ᠶᠢᠨ ᠨᠤᠷᠮ᠎ᠠ ᠶᠢ ᠪᠠᠲᠤᠯᠠᠵᠤ ᠳᠡᠶᠢᠯᠳᠡᠭ᠃ ᠶᠡᠷᠦ ᠳᠡᠭᠡᠨ 93% ~ 94% ᠳᠤ ᠬᠦᠷᠳᠡᠭ ᠶᠤᠮ᠃ ᠬᠠᠮᠤᠭ ᠣᠷᠭᠢᠯ ᠤᠨ ᠦᠶ᠎ᠡ ᠳᠡᠭᠡᠨ 95% ~ 97% ᠳᠤ ᠬᠦᠷᠳᠡᠭ᠃ ᠡᠭᠦᠨ ᠠᠴᠠ ᠰᠡᠭᠦᠯᠡᠷ ᠭᠠᠷᠠᠭ ᠪᠦᠷᠢ 0.5% ~ 1% ᠪᠠᠷ ᠪᠠᠭᠤᠷᠠᠵᠤ᠂ ᠮᠣᠷᠤᠢ ᠱᠤᠭᠤᠮ ᠨᠢ ᠲᠣᠭᠲᠠᠭᠤᠨ ᠢᠶᠠᠷ ᠳᠣᠷᠤᠭᠰᠢᠯᠠᠨ᠎ᠠ᠃ 72 ᠭᠠᠷᠠᠭ ᠨᠠᠰᠤᠨ ᠳᠤ ᠬᠦᠷᠦᠭᠰᠡᠨ ᠡᠮᠡᠭᠴᠢᠨ ᠲᠠᠬᠢᠶᠠᠨ ᠤ ᠦᠨᠳᠡᠭᠡᠯᠡᠬᠦ ᠨᠤᠷᠮ᠎ᠠ ᠨᠢ 65% ~ 70% ᠳᠤ ᠬᠦᠷᠴᠦ ᠳᠡᠶᠢᠯᠳᠡᠭ᠃ ᠡᠨᠡ ᠦᠶ᠎ᠡ ᠳᠤ ᠳᠣᠷᠤᠭᠰᠢᠯᠠᠬᠤ ᠬᠡᠮᠵᠢᠶ᠎ᠡ ᠨᠢ ᠪᠠᠰᠠ ᠤᠳᠤᠮᠰᠢᠯ ᠤᠨ ᠡᠯᠧᠮᠧᠨ᠋ᠲ ᠲᠤ ᠨᠦᠯᠦᠭᠡᠯᠡᠭᠳᠡᠵᠦ ᠮᠡᠳᠡᠬᠦ ᠶᠤᠮ᠃ ᠡᠭᠦᠨ ᠳᠤ ᠡᠭᠦᠯᠳᠡᠷ ᠤᠨ ᠠᠳᠠᠯᠢ ᠪᠣᠰᠤ ᠪᠠ ᠤᠳᠤᠮᠰᠢᠯ ᠤᠨ ᠠᠳᠠᠯᠢ ᠪᠣᠰᠤ ᠠᠴᠠ ᠪᠣᠯᠵᠤ ᠵᠤᠬᠢᠬᠤ ᠵᠦᠷᠢᠶ᠎ᠡ ᠭᠠᠷᠳᠠᠭ᠃ ᠠᠷᠠᠴᠢᠯᠠᠭ᠎ᠠ ᠲᠡᠵᠢᠭᠡᠯᠭᠡ ᠨᠢ ᠰᠠᠶᠢᠨ ᠪᠣᠯ ᠳᠡᠭᠡᠷᠡᠬᠢ ᠵᠦᠷᠢᠶ᠎ᠡ ᠳᠡᠮᠡᠢ ᠬᠠᠷᠰᠢ ᠰᠠᠭᠠᠳ ᠪᠣᠯᠬᠤ ᠦᠭᠡᠢ ᠶᠤᠮ᠃ ᠬᠡᠷᠪᠡ ᠠᠷᠠᠴᠢᠯᠠᠵᠤ ᠳᠤᠲᠤᠮᠳᠠᠬᠤ ᠨᠢ ᠠᠨᠠᠢ ᠪᠣᠯ ᠲᠠᠬᠢᠶᠠᠨ ᠤ ᠣᠷᠴᠢᠨ ᠲᠤᠭᠤᠷᠢᠨ ᠳᠤ ᠨᠦᠯᠦᠭᠡᠯᠡᠭᠳᠡᠬᠦ ᠴᠢᠨᠠᠷ ᠨᠢ ᠶᠡᠭᠡ ᠪᠣᠯᠵᠤ᠂ ᠪᠣᠲᠠᠲᠠᠢ ᠦᠨᠳᠡᠭᠡᠯᠡᠯᠲᠡ ᠶᠢᠨ ᠨᠤᠷᠮ᠎ᠠ ᠨᠢ ᠭᠠᠷᠠᠭ ᠪᠦᠷᠢ ᠶᠢᠨ ᠳᠣᠷᠤᠭᠰᠢᠯᠠᠯᠲᠠ ᠶᠢᠨ ᠪᠠᠷᠢᠮᠵᠢᠶᠠᠲᠦ ᠬᠡᠮᠵᠢᠶ᠎ᠡ ᠠᠴᠠ ᠶᠡᠭᠡ ᠪᠣᠯᠳᠠᠭ᠃       ︵ᠬᠤᠶᠠᠷ︶ ᠦᠨᠳᠡᠭᠡᠯᠡᠬᠦ ᠣᠷᠭᠢᠯ ᠪᠠ ᠵᠢᠯ ᠤᠨ ᠦᠨᠳᠡᠭᠡᠨ ᠭᠠᠷᠤᠯᠲᠠ ᠶᠢᠨ ᠬᠤᠯᠪᠤᠭᠳᠠᠯ      ᠲᠡᠵᠢᠭᠡᠨ ᠠᠷᠠᠴᠢᠯᠠᠵᠤ ᠪᠠᠶᠢᠭ᠎ᠠ ᠦᠨᠳᠡᠭᠡᠨ ᠬᠡᠷᠡᠭᠴᠡᠭᠡᠲᠦ ᠲᠠᠬᠢᠶ᠎ᠠ ᠨᠢ ᠲᠦᠷᠦᠯ ᠤᠳᠤᠮᠰᠢᠯ ᠤᠨ ᠢᠶᠠᠨ ᠳᠠᠯᠳᠡ ᠭᠦᠴᠦᠨ ᠳᠤ ᠲᠤᠯᠵᠤ᠂ ᠲᠠᠬᠢᠶᠠᠨ ᠰᠦᠷᠦᠭ ᠤᠨ ᠪᠣᠲᠠᠲᠠᠢ ᠦᠨᠳᠡᠭᠡᠯᠡᠯᠲᠡ ᠶᠢᠨ ᠨᠤᠷᠮ᠎ᠠ ᠨᠢ ᠡᠷᠬᠡᠪᠰᠢ ᠪᠠᠷᠢᠮᠵᠢᠶᠠᠲᠤ ᠦᠨᠳᠡᠭᠡᠯᠡᠯᠲᠡ ᠶᠢᠨ ᠣᠷᠭᠢᠯ ᠤᠨ ᠬᠢᠷᠢ ᠲᠦᠪᠰᠢᠨ ᠳᠤ ᠬᠦᠷᠬᠦ ᠭᠡᠷᠡᠭᠲᠡᠢ᠃ ᠬᠡᠷᠪᠡ ᠦᠨᠳᠡᠭᠡᠯᠡᠬᠦ ᠣᠷᠭᠢᠯ ᠳᠤ ᠬᠦᠷᠴᠦ ᠳᠡᠶᠢᠯᠬᠦ ᠦᠭᠡᠢ ᠪᠣᠯ ᠰᠡᠭᠦᠯᠴᠢ ᠶᠢᠨ ᠦᠨᠳᠡᠭᠡᠯᠡᠬᠦ ᠬᠡᠮᠵᠢᠶ᠎ᠡ ᠨᠢ ᠤᠷᠢᠳᠡᠬᠢ ᠬᠤᠬᠢᠷᠠᠯ ᠢ ᠨᠦᠭᠦᠪᠦᠷᠢᠯᠡᠬᠦ ᠳᠤ ᠪᠡᠷᠬᠡ ᠪᠣᠯᠬᠤ ᠶᠤᠮ᠃ ᠵᠢᠱᠢᠶᠡᠯᠡᠪᠡᠯ ᠬᠠᠢ ᠯᠢᠨ W - 36 ᠲᠠᠸᠠᠷ ᠤᠨ ᠲᠠᠬᠢᠶ᠎ᠠ ᠶᠢᠨ ᠦᠨᠳᠡᠭᠡᠯᠡᠯᠲᠡ ᠶᠢᠨ ᠪᠠᠷᠢᠮᠵᠢᠶ᠎ᠠ ᠪᠠᠷ ᠡᠮᠡᠭᠴᠢᠨ ᠲᠠᠬᠢᠶ᠎ᠠ ᠲᠡᠵᠢᠭᠡᠬᠦ ᠬᠤᠨᠤᠭ ᠤᠨ ᠲᠤᠭ᠎ᠠ ᠶᠢ ᠬᠠᠷᠢᠴᠠᠭᠤᠯᠵᠤ ᠪᠣᠳᠤᠪᠠᠯ 72 ᠭᠠᠷᠠᠭ ᠨᠠᠰᠤᠨ ᠳᠤ ᠬᠦᠷᠦᠭᠰᠡᠨ ᠲᠠᠬᠢᠶ᠎ᠠ 292 ᠦᠨᠳᠡᠭᠡ ᠲᠦᠷᠦᠵᠦ᠂ ᠣᠷᠭᠢᠯ ᠤᠨ ᠦᠨᠳᠡᠭᠡᠯᠡᠯᠲᠡ ᠶᠢᠨ ᠨᠤᠷᠮ᠎ᠠ ᠨᠢ 33% ᠳᠤ ᠬᠦᠷᠦᠭᠰᠡᠨ ᠪᠠᠶᠢᠬᠤ ᠬᠡᠷᠡᠭᠲᠡᠢ᠃ ᠬᠡᠷᠡᠭ ᠳᠡᠭᠡᠷ᠎ᠡ ᠪᠠᠨ ᠦᠨᠳᠡᠭᠡᠯᠡᠬᠦ ᠣᠷᠭᠢᠯ ᠨᠢ ᠪᠦᠬᠦ ᠵᠢᠯ ᠤᠨ ᠦᠨᠳᠡᠭᠡᠨ ᠭᠠᠷᠤᠯᠲᠠ ᠲᠠᠢ ᠨᠢᠭᠲᠠ ᠬᠤᠯᠪᠤᠭᠳᠠᠵᠤ ᠪᠠᠶᠢᠳᠠᠭ ᠶᠤᠮ᠃       ︵ᠭᠤᠷᠪᠠ︶ ᠲᠠᠬᠢᠶᠠᠨ ᠰᠦᠷᠦᠭ ᠤᠨ ᠦᠨᠳᠡᠭᠡᠯᠡᠯᠲᠡ ᠶᠢᠨ ᠮᠣᠷᠤᠢ ᠱᠤᠭᠤᠮ ᠳᠤ ᠭᠠᠷᠬᠤ ᠳᠣᠯᠬᠢᠰᠤᠯ ᠪᠠ ᠨᠦᠬᠦᠪᠦᠷᠢᠯᠡᠬᠦ ᠬᠢᠷᠢ ᠬᠡᠮᠵᠢᠶᠡᠨ ᠤ ᠬᠤᠭᠤᠷᠤᠨᠳᠤᠬᠢ ᠬᠤᠯᠪᠤᠭᠳᠠᠯ      ᠨᠢᠭᠡ ᠰᠦᠷᠦᠭ ᠲᠠᠬᠢᠶ᠎ᠠ ᠦᠨᠳᠡᠭᠡᠯᠡᠬᠦ ᠶᠠᠪᠤᠴᠠ ᠳᠠᠭᠠᠨ ᠬᠡᠲᠦᠷᠭᠡᠢ ᠰᠡᠲᠦᠯᠲᠡ ᠣᠯᠬᠤ ᠪᠣᠶᠣ ᠶᠠᠮᠠᠷ ᠵᠦᠢᠯ ᠤᠨ ᠡᠪᠡᠳᠴᠢᠨ ᠠᠴᠠ ᠪᠣᠯᠵᠤ ᠦᠨᠳᠡᠭᠡᠯᠡᠬᠦ ᠬᠡᠮᠵᠢᠶ᠎ᠡ ᠨᠢ ᠪᠠᠭᠤᠷᠠᠪᠠᠯ ᠦᠨᠳᠡᠭᠡᠯᠡᠯᠲᠡ ᠶᠢᠨ ᠮᠣᠷᠤᠢ ᠱᠤᠭᠤᠮ  ᠳᠤᠨᠢ ᠳᠣᠯᠭᠢᠰᠤᠯ ᠡᠭᠦᠰᠳᠡᠭ᠃ ᠡᠩ ᠤᠨ ᠪᠠᠶᠢᠳᠠᠯ ᠳᠤᠤᠷ᠎ᠠ ᠬᠡᠳᠦᠨ ᠡᠳᠦᠷ ᠪᠣᠶᠣ ᠬᠡᠳᠦᠨ ᠭᠠᠷᠠᠭ ᠤᠨ ᠳᠠᠷᠠᠭ᠎ᠠ ᠰᠠᠶ᠋ᠢ ᠬᠡᠪ ᠤᠨ ᠪᠠᠶᠢᠳᠠᠯ ᠳᠠᠭᠠᠨ ᠣᠷᠤᠵᠤ ᠳᠡᠶᠢᠯᠦᠨ᠎ᠡ᠃ ᠡᠶᠢᠮᠦᠷᠭᠦᠦ ᠪᠠᠶᠢᠳᠠᠯ ᠨᠢ ᠬᠡᠷᠪᠡ ᠦᠨᠳᠡᠭᠡᠯᠡᠯᠲᠡ ᠶᠢᠨ ᠳᠡᠭᠡᠭᠰᠢᠯᠡᠵᠦ ᠪᠠᠶᠢᠭ᠎ᠠ ᠱᠠᠲᠤᠨ ᠠᠴᠠ ᠡᠮᠦᠨ᠎ᠡ 5 ~ 6 ᠭᠠᠷᠠᠭ ᠤᠨ ᠳᠣᠲᠤᠷ᠎ᠠ ᠡᠭᠦᠰᠬᠦ ᠳᠤ ᠬᠦᠷᠪᠡᠯ᠂ ᠨᠦᠯᠦᠭᠡ  ᠨᠢ ᠲᠦᠢᠯ ᠤᠨ ᠬᠦᠨᠳᠦ ᠨᠣᠴᠢᠲᠠᠢ ᠪᠣᠯᠬᠤ ᠶᠤᠮ᠃ ᠤᠴᠢᠷ ᠨᠢ ᠡᠨᠡ ᠬᠤᠭᠤᠴᠠᠭᠠᠨ ᠳᠤ ᠲᠠᠬᠢᠶᠠᠨ ᠰᠦᠷᠦᠭ ᠤᠨ ᠦᠨᠳᠡᠭᠡᠯᠡᠯᠲᠡ ᠨᠢ ᠣᠷᠭᠢᠯ ᠳᠠᠭᠠᠨ ᠬᠦᠷᠴᠦ ᠳᠡᠶᠢᠯᠬᠦ ᠦᠭᠡᠢ ᠪᠠᠷ ᠦᠯᠦ ᠪᠠᠷᠠᠮ᠂ ᠠᠯᠳᠠᠭᠳᠠᠯ ᠢᠶᠠᠨ ᠴᠦ ᠨᠦᠬᠦᠪᠦᠷᠢᠯᠡᠵᠦ ᠳᠡᠶᠢᠯᠬᠦ ᠦᠭᠡᠢ ᠪᠣᠯᠤᠨ᠎ᠠ᠃ ᠡᠨᠡ ᠦᠶ᠎ᠡ ᠳᠤ ᠲᠠᠬᠢᠶᠠᠨ ᠰᠦᠷᠦᠭ ᠨᠢ ᠬᠡᠳᠦᠶᠢᠪᠡᠷ ᠬᠡᠪ ᠤᠨ ᠪᠠᠶᠢᠳᠠᠯ ᠳᠠᠭᠠᠨ ᠣᠷᠤᠭᠰᠠᠨ ᠪᠣᠯᠪᠠᠴᠤ ᠵᠢᠭᠳᠡ ᠶᠢᠨ ᠬᠡᠮᠵᠢᠶ᠎ᠡ ᠨᠢ ᠠᠨᠠᠢ ᠪᠣᠯᠵᠤ᠂ ᠦᠨᠳᠡᠭᠡᠯᠡᠬᠦ ᠬᠡᠮᠵᠢᠶ᠎ᠡ ᠳᠣᠷᠤᠭᠰᠢᠯᠠᠬᠤ ᠠᠴᠠ ᠡᠮᠦᠨᠡᠬᠢ ᠮᠣᠷᠤᠢ ᠱᠤᠭᠤᠮ ᠨᠢ ᠨᠣᠮᠣᠨ ᠬᠡᠯᠪᠡᠷᠢᠲᠡᠢ ᠪᠣᠯᠳᠠᠭ᠃ ᠲᠠᠬᠢᠶ᠎ᠠ ᠶᠢᠨ ᠰᠦᠷᠦᠭ ᠬᠡᠪ ᠤᠨ ᠪᠠᠶᠢᠳᠠᠯ ᠳᠠᠭᠠᠨ ᠣᠷᠤᠭᠰᠠᠨ ᠤ ᠰᠡᠭᠦᠯᠡᠷ ᠬᠠᠮᠤᠭ ᠰᠠᠶᠢᠨ ᠨᠢ ᠲᠤᠬᠠᠢ ᠶᠢᠨ ᠦᠶᠡᠰ ᠤᠨ ᠪᠠᠷᠢᠮᠵᠢᠶᠠᠲᠦ ᠦᠨᠳᠡᠭᠡᠯᠡᠬᠦ ᠨᠤᠷᠮ᠎ᠠ ᠳᠠᠭᠠᠨ ᠯᠡ ᠬᠦᠷᠴᠦ ᠳᠡᠶᠢᠯᠳᠡᠭ᠂ ᠳᠠᠷᠤᠢ ᠲᠠᠬᠢᠶᠠᠨ ᠰᠦᠷᠦᠭ ᠤᠨ ᠲᠤᠰ ᠭᠠᠷᠠᠭ ᠲᠠᠬᠢ ᠤᠳᠤᠮᠰᠢᠯ ᠤᠨ ᠳᠠᠯᠲᠡ ᠬᠦᠴᠦᠨ ᠳᠤ ᠯᠡ ᠬᠦᠷᠴᠦ ᠳᠡᠶᠢᠯᠦᠨ᠎ᠡ᠃      ᠲᠠᠬᠢᠶ᠎ᠠ ᠠᠷᠠᠴᠢᠯᠠᠨ ᠲᠡᠵᠢᠭᠡᠬᠦ ᠲᠠᠯᠠᠪᠠᠢ ᠶᠢᠨ ᠮᠡᠷᠭᠡᠵᠢᠯᠲᠡᠨ ᠨᠠᠷ ᠲᠤᠰ ᠲᠠᠯᠠᠪᠠᠢ ᠳᠠᠬᠢ ᠲᠠᠬᠢᠶᠠᠨ ᠤ ᠡᠭᠦᠯᠳᠡᠷ᠂ ᠤᠳᠤᠮ ᠤᠭᠰᠠᠭ᠎ᠠ ᠶᠢᠨ ᠪᠤᠲᠠᠲᠠᠢ ᠦᠨᠳᠡᠭᠡᠨ ᠭᠠᠷᠤᠯᠲᠠ ᠶᠢᠨ ᠮᠣᠷᠤᠢ ᠱᠤᠭᠤᠮ ᠢ ᠦᠨᠳᠡᠭᠡᠯᠡᠯᠲᠡ ᠶᠢᠨ ᠪᠠᠷᠢᠮᠵᠢᠶᠠᠲᠤ ᠮᠣᠷᠤᠢ ᠱᠤᠭᠤᠮ ᠲᠠᠢ ᠠᠳᠠᠯᠢᠳᠬᠠᠵᠤ ᠪᠠᠶᠢᠪᠠᠯ ᠵᠣᠬᠢᠨ᠎ᠠ᠃ ᠬᠡᠷᠪᠡ ᠪᠠᠷᠢᠮᠵᠢᠶᠠᠲᠦ ᠮᠣᠷᠤᠢ ᠱᠤᠭᠤᠮ ᠠᠴᠠ ᠬᠡᠲᠦᠷᠭᠡᠢ ᠬᠤᠯᠠᠳᠠᠭᠰᠠᠨ ᠪᠠᠶᠢᠪᠠᠯ ᠠᠷᠠᠴᠢᠯᠠᠭ᠎ᠠ ᠲᠡᠵᠢᠭᠡᠯᠭᠡ ᠶᠢᠨ ᠲᠠᠯ᠎ᠠ ᠪᠠᠷ ᠠᠰᠠᠭᠤᠳᠠᠯ ᠭᠠᠷᠤᠭᠰᠠᠨ ᠢ ᠢᠯᠡᠳᠭᠡᠵᠦ ᠪᠠᠶᠢᠬᠤ ᠪᠣᠯᠬᠤᠷ ᠴᠠᠭ ᠲᠤᠬᠠᠢ ᠲᠤᠨᠢ ᠠᠷᠭ᠎ᠠ ᠬᠡᠮᠵᠢᠶ᠎ᠡ ᠠᠪᠴᠤ ᠰᠢᠢᠳᠪᠦᠷᠢᠯᠡᠬᠦ ᠭᠡᠷᠡᠭᠲᠡᠢ᠃ ᠦᠨᠳᠡᠭᠡᠨ ᠭᠠᠷᠤᠯᠲᠠ ᠶᠢᠨ ᠮᠣᠷᠤᠢ ᠱᠤᠭᠤᠮ ᠨᠢ ᠲᠠᠬᠢᠶᠠᠨ ᠰᠦᠷᠦᠭ ᠤᠨ ᠦᠨᠳᠡᠭᠡᠯᠡᠯᠲᠡ ᠶᠢᠨ ᠪᠤᠲᠠᠲᠠᠢ ᠪᠠᠶᠢᠳᠠᠯ ᠢ ᠬᠠᠷᠠᠭᠤᠯᠵᠤ ᠳᠡᠶᠢᠯᠬᠦ ᠲᠤᠯᠠ ᠡᠭᠦᠨ ᠢ ᠠᠰᠢᠭᠯᠠᠵᠤ ᠪᠠᠶᠢᠭᠠᠳ ᠶᠡᠷᠦᠩᠬᠡᠶᠢᠴᠢᠯᠡᠭᠰᠡᠨ ᠵᠠᠳᠠᠯᠤᠯᠲᠠ ᠬᠢᠵᠦ ᠪᠠᠶᠢᠪᠠᠯ ᠵᠣᠬᠢᠨ᠎ᠠ᠃︵ᠢᠷᠡᠯᠲᠡ᠄ ᠵᠢᠷᠭᠠᠯ ᠡᠷᠬᠢᠯᠡᠨ ᠨᠠᠶᠢᠷᠠᠭᠤᠯᠤᠭᠰᠠᠨ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ︾ ᠭᠡᠬᠦ ᠨᠣᠮ ᠠᠴᠠ ᠰᠤᠩᠭᠤᠨ ᠰᠡᠶᠢᠷᠡᠭᠦᠯᠪᠠ᠃︶
 
ᠢᠷᠡᠯᠲᠡ᠄ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号