ᠤᠯᠠᠭᠠᠨᠬᠠᠳᠠ ᠬᠤᠲᠠ 62.4 ᠲᠦᠮᠡᠨ ᠮᠠᠯᠴᠢᠨ ᠲᠠᠷᠢᠶᠠᠴᠢᠨ ᠳᠤ ᠠᠵᠢᠯ ᠤᠯᠭᠤᠪᠠ
ᠨᠡᠶᠢᠲᠡᠯᠡᠭᠰᠡᠨ ᠴᠠᠭ᠄
2021/10/9
      ᠡᠨᠡ ᠵᠢᠯ᠂ ᠤᠯᠠᠭᠠᠨᠬᠠᠳᠠ ᠬᠤᠲᠠ ᠬᠢᠵᠢᠭ ᠤᠨ ᠨᠥᠯᠥᠭᠡ ᠶᠢ ᠢᠳᠡᠪᠬᠢᠲᠡᠶ ᠠᠷᠭᠠᠴᠠᠭᠠᠵᠤ᠂ ᠠᠵᠢᠯ ᠣᠯᠭᠤᠯᠲᠠ ᠶᠢ ᠲᠣᠭᠲᠠᠭᠤᠨ ᠢᠶᠠᠷ ᠥᠷᠭᠡᠳᠬᠡᠬᠦ ᠲᠠᠯ᠎ᠠ ᠪᠠᠷ ᠢᠯᠡᠳᠲᠡ ᠦᠷ᠎ᠡ ᠪᠦᠲᠦᠮᠵᠢ ᠤᠯᠪᠠ᠃ 8 ᠰᠠᠷ᠎ᠠ ᠪᠣᠯᠲᠠᠯ᠎ᠠ᠂ ᠪᠥᠬᠦ ᠬᠤᠲᠠ ᠳᠤ ᠨᠡᠶᠢᠲᠡ 62.4 ᠲᠦᠮᠡᠨ ᠮᠠᠯᠴᠢᠨ ᠲᠠᠷᠢᠶᠠᠴᠢᠨ ᠢ ᠰᠢᠯᠵᠢᠭᠦᠯᠦᠨ ᠠᠵᠢᠯ ᠣᠯᠭᠤᠵᠤ᠂ ᠵᠢᠯ ᠤᠨ ᠡᠭᠦᠷᠭᠡ ᠶᠢᠨ ᠢᠶᠠᠨ 93.1% ᠶᠢ ᠪᠡᠶᠡᠯᠡᠭᠦᠯᠪᠡ᠃ ᠡᠭᠦᠨ ᠳᠤ᠂ 6 ᠰᠠᠷ᠎ᠠ ᠠᠴᠠ ᠳᠡᠭᠡᠭᠰᠢ ᠬᠤᠭᠤᠴᠠᠭ᠎ᠠ ᠲᠠᠢ ᠪᠠᠷ ᠰᠢᠯᠵᠢᠭᠦᠯᠦᠨ ᠠᠵᠢᠯ ᠣᠯᠭᠤᠭᠰᠠᠨ ᠬᠦᠮᠦᠨ ᠤ ᠲᠤᠭ᠎ᠠ ᠨᠢ 51.2 ᠲᠦᠮᠡ ᠳᠤ ᠬᠦᠷᠴᠦ᠂ ᠵᠢᠯ ᠤᠨ ᠡᠭᠦᠷᠭᠡ ᠶᠢᠨ 91.5% ᠶᠢ ᠪᠡᠶᠡᠯᠡᠭᠦᠯᠵᠤ᠂ 32.9 ᠲᠦᠮᠡᠨ ᠬᠥᠮᠦᠨ ᠢ ᠣᠶᠢᠷ᠎ᠠ ᠬᠠᠪᠢ ᠳᠤᠨᠢ ᠰᠢᠯᠵᠢᠭᠦᠯᠦᠨ ᠠᠵᠢᠯ ᠣᠯᠭᠤᠪᠠ᠃        ᠠᠷᠭ᠎ᠠ ᠪᠣᠳᠣᠯᠭ᠎ᠠ ᠶᠢ ᠶᠡᠷᠦᠩᠬᠡᠶᠢᠯᠡᠨ ᠬᠡᠷᠡᠭᠵᠢᠭᠦᠯᠬᠦ ᠶᠢ ᠴᠢᠩᠭᠠᠤᠡᠬᠠᠵᠤ᠂ ᠲᠥᠷᠥᠯ ᠬᠤᠪᠢᠶᠠᠨ ᠵᠢᠯᠣᠭᠤᠤᠡᠪᠠ᠃ ᠲᠤᠬᠠᠶ ᠶᠢᠨ ᠭᠠᠵᠠᠷ ᠲᠤᠨᠢ ᠠᠵᠢᠯ ᠣᠯᠭᠤᠬᠤ ᠶᠢ ᠪᠦᠬᠦ ᠬᠦᠴᠦ ᠪᠠᠷ ᠠᠬᠢᠭᠤᠯᠵᠤ᠂ ᠲᠤᠬᠠᠶ ᠶᠢᠨ ᠭᠠᠵᠠᠷ᠂ ᠣᠶᠢᠷ᠎ᠠ ᠬᠠᠪᠢ ᠳᠠᠭᠠᠨ ᠠᠵᠢᠯ ᠤᠯᠬᠤ ᠪᠠᠷ ᠰᠤᠩᠭᠤᠭᠰᠠᠳ ᠲᠤ ᠲᠤᠬᠠᠢ ᠶᠢᠨ ᠭᠠᠵᠠᠷ ᠤᠨ ᠠᠵᠢᠯᠴᠢᠨ ᠬᠡᠷᠡᠭᠯᠡᠬᠦ ᠠᠵᠤ ᠠᠬᠤᠶᠢᠯᠠᠯ ᠤᠨ ᠢᠳᠡᠪᠬᠢᠲᠡᠶ ᠪᠠᠷ ᠠᠵᠢᠯ ᠣᠯᠭᠤᠬᠤ ᠶᠢ ᠵᠣᠷᠢᠭᠵᠢᠭᠤᠯᠪᠠ᠃ ᠠᠵᠢᠯ ᠮᠡᠷᠭᠡᠵᠢᠯ ᠤᠨ ᠮᠡᠷᠭᠡᠵᠢᠯ ᠴᠢᠳᠠᠪᠤᠷᠢ ᠶᠢ ᠳᠡᠭᠡᠭᠰᠢᠯᠡᠭᠦᠯᠬᠦ ᠠᠵᠢᠯᠯᠠᠭ᠎ᠠ ᠶᠢᠨ ᠲᠥᠯᠥᠪᠯᠡᠭᠡ ᠶᠢ ᠬᠡᠷᠡᠭᠵᠢᠭᠦᠯᠵᠦ᠂ ᠣᠨᠴᠠᠯᠢᠭᠲᠤ ᠪᠣᠯᠪᠠᠰᠤᠷᠠᠭᠤᠯᠤᠯ ᠤᠨ ᠨᠠᠷᠠᠲᠤ ᠲᠥᠷᠥᠯ ᠲᠡᠮᠳᠡᠭᠲᠦ ᠶᠢᠨ ᠪᠠᠶᠢᠭᠤᠯᠤᠯᠲᠠ ᠶᠢ ᠴᠢᠬᠤᠯᠠᠴᠢᠯᠠᠨ᠂ ᠪᠠᠷᠢᠯᠭ᠎ᠠ ᠶᠢᠨ ᠢᠨᠵᠧᠨᠧᠷᠢᠩ᠂ ᠨᠠᠰᠤᠵᠢᠯ ᠤᠨ ᠰᠤᠪᠢᠯᠠᠯᠲᠠ᠂ ᠬᠡᠷ ᠪᠦᠯᠢ ᠶᠢᠨ ᠦᠢᠯᠡᠴᠢᠯᠡᠭᠡ ᠵᠡᠷᠭᠡ 8 ᠨᠥᠯᠥᠭᠡᠯᠡᠬᠦ ᠬᠦᠴᠦᠨ ᠲᠠᠢ ᠠᠵᠢᠯ ᠣᠯᠭᠤᠬᠤ ᠮᠡᠷᠭᠡᠵᠢᠯ ᠴᠢᠳᠠᠪᠤᠷᠢ ᠶᠢᠨ ᠪᠣᠯᠪᠠᠰᠤᠷᠠᠭᠤᠯᠤᠯ ᠤᠨ ᠨᠠᠷᠠᠲᠤ ᠲᠥᠷᠥᠯ ᠲᠡᠮᠳᠡᠭᠲᠦ ᠶᠢ ᠪᠣᠶ ᠪᠣᠯᠭᠠᠪᠠ᠃ 8 ᠰᠠᠷ᠎ᠠ ᠶᠢᠨ ᠰᠡᠭᠦᠯᠴᠢ ᠪᠣᠯᠲᠠᠯ᠎ᠠ᠂ ᠪᠥᠬᠦ ᠬᠤᠲᠠ ᠶᠢᠨ ᠮᠠᠯᠵᠢᠬᠤ ᠲᠠᠷᠢᠶᠠᠯᠠᠬᠤ ᠣᠷᠣᠨ ᠤ ᠬᠥᠳᠡᠯᠮᠦᠷᠢ ᠬᠦᠴᠦᠨ ᠢ ᠰᠢᠯᠵᠢᠭᠦᠯᠦᠨ ᠠᠵᠢᠯ ᠣᠯᠭᠤᠬᠤ ᠪᠣᠯᠪᠠᠰᠤᠷᠠᠯ ᠳᠤ 13699 ᠬᠥᠮᠦᠨ ᠢ ᠪᠣᠯᠪᠠᠰᠤᠷᠠᠭᠤᠯᠵᠤ᠂ ᠵᠢᠯ ᠤᠨ ᠡᠭᠦᠷᠭᠡ ᠪᠠᠨ 171% ᠪᠠᠷ ᠲᠠᠪᠠᠭᠤᠯᠤᠨ ᠪᠡᠶᠡᠯᠡᠭᠦᠯᠪᠡ᠃      ᠬᠥᠳᠡᠯᠮᠦᠷᠢ ᠬᠦᠴᠦ ᠬᠡᠷᠡᠭᠯᠡᠬᠦ ᠶᠢ ᠵᠢᠷᠤᠮᠵᠢᠭᠤᠯᠵᠤ᠂ ᠬᠠᠤᠯᠢ ᠶᠣᠰᠣᠨ ᠤ ᠡᠷᠬᠡ ᠠᠰᠢᠭ ᠢ ᠪᠠᠲᠤᠯᠠᠪᠠ᠃ ︽ᠲᠠᠷᠢᠶᠠᠴᠢᠨ ᠬᠦᠯᠦᠰᠤᠨ ᠠᠵᠢᠯᠳᠠᠳ ᠤᠨ ᠴᠠᠯᠢᠩ ᠢ ᠥᠭᠬᠦ ᠶᠢ ᠪᠠᠲᠤᠯᠠᠬᠤ ᠳᠦᠷᠢᠮ︾ ᠪᠣᠯᠤᠨ ︽ᠬᠤᠶᠠᠷ ᠮᠥᠩᠭᠦ ᠭᠤᠷᠪᠠᠨ ᠳᠦᠷᠢᠮ︾ ᠵᠡᠷᠭᠡ ᠳᠦᠷᠢᠮ ᠢ ᠪᠦᠬᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠠᠢ᠃ ᠲᠦᠷᠢᠮ ᠤᠨ ᠲᠠᠯ᠎ᠠ ᠠᠴᠠ ᠡᠯ᠎ᠡ ᠲᠠᠯ᠎ᠠ ᠶᠢᠨ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠠᠵᠤ ᠠᠬᠤᠶᠢᠯᠠᠯ ᠤᠨ ᠴᠠᠯᠢᠩ ᠥᠭᠬᠦ ᠠᠵᠢᠯᠯᠠᠭ᠎ᠠ ᠶᠢ ᠵᠢᠷᠤᠮᠵᠢᠭᠤᠯᠤᠨ᠂ ᠬᠥᠯᠥᠰᠥᠨ ᠠᠵᠢᠯᠴᠢᠨ ᠤ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠪᠠ᠃ ︽ᠮᠠᠯᠴᠢᠨ ᠲᠠᠷᠢᠶᠠᠴᠢᠨ ᠬᠦᠯᠦᠰᠤᠨ ᠠᠵᠢᠯᠳᠠᠳ ᠤᠨ ᠴᠠᠯᠢᠩ ᠢ ᠥᠷᠢᠲᠦᠵᠦ ᠪᠠᠶᠢᠭ᠎ᠠ ᠠᠰᠠᠭᠤᠳᠠᠯ ᠢ ᠦᠨᠳᠦᠰᠦᠨ ᠠᠴᠠ ᠨᠢ ᠵᠠᠰᠠᠬᠤ ᠠᠷᠪᠠᠨ ᠵᠦᠢᠯ ᠤᠨ ᠠᠷᠭ᠎ᠠ ᠬᠡᠮᠵᠢᠶ᠎ᠡ︾ ᠶᠢ ᠲᠣᠭᠲᠠᠭᠠᠨ ᠳᠠᠷᠤᠮᠠᠯᠯᠠᠨ ᠲᠠᠷᠬᠠᠭᠠᠵᠤ᠂ ᠴᠠᠯᠢᠩ ᠥᠷᠢᠲᠦᠬᠦ ᠠᠵᠢᠯᠯᠠᠭ᠎ᠠ ᠶᠢ ᠴᠡᠭᠴᠡᠯᠡᠨ ᠵᠠᠰᠠᠵᠤ᠂ ᠡᠶᠡᠳᠡᠭᠦᠯᠬᠦ ᠪᠠ ᠬᠠᠤᠯᠢ ᠲᠦᠷᠢᠮ ᠤᠨ ᠠᠷᠭ᠎ᠠ ᠵᠡᠷᠭᠡ ᠪᠠᠷ ᠴᠢᠬᠤᠯᠠᠴᠢᠯᠠᠬᠤ ᠵᠠᠰᠠᠯᠲᠠ ᠶᠢᠨ ᠰᠡᠳᠬᠢᠮᠵᠢ ᠶᠢ ᠪᠠᠷᠢᠮᠲᠠᠯᠠᠵᠤ᠂ ᠡᠶᠡᠳᠡᠭᠦᠯᠬᠦ᠂ ᠠᠷᠢᠯᠭᠠᠬᠤ᠂ ᠴᠣᠬᠢᠯᠲᠠ ᠥᠭᠬᠦ᠂ ᠵᠢᠷᠤᠮᠵᠢᠭᠤᠯᠬᠤ ᠶᠢ ᠪᠠᠷᠢᠮᠲᠠᠯᠠᠵᠠᠢ᠃      ᠬᠥᠳᠡᠯᠮᠦᠷᠢ ᠦᠢᠯᠡᠴᠢᠯᠡᠭᠡᠨ ᠤ ᠨᠠᠷᠠᠲᠤ ᠲᠡᠮᠳᠡᠭᠲᠦ ᠶᠢ ᠪᠣᠶ ᠪᠣᠯᠭᠠᠵᠤ᠂ ᠰᠢᠯᠵᠢᠭᠦᠯᠦᠨ ᠠᠵᠢᠯ ᠣᠯᠭᠤᠬᠤ ᠶᠢ ᠥᠷᠭᠡᠤᠡᠬᠡᠪᠡ᠃ ᠬᠥᠳᠡᠯᠮᠦᠷᠢ ᠦᠢᠯᠡᠴᠢᠯᠡᠭᠡᠨ ᠤ ᠨᠠᠷᠠᠲᠤ ᠲᠥᠷᠥᠯ ᠲᠡᠮᠳᠡᠭᠲᠦ ᠶᠢᠨ ᠪᠠᠶᠢᠭᠤᠯᠤᠯᠲᠠ ᠶᠢ ᠰᠢᠯᠵᠢᠭᠦᠯᠦᠨ ᠠᠵᠢᠯ ᠣᠯᠭᠤᠬᠤ ᠠᠵᠢᠯ ᠢ ᠠᠬᠢᠭᠤᠯᠬᠤ ᠶᠢᠨ ᠴᠢᠬᠤᠯᠠ ᠭᠠᠷᠳᠠᠴᠠ ᠪᠣᠯᠭᠠᠵᠤ᠂ ᠬᠥᠳᠡᠯᠮᠦᠷᠢ ᠦᠢᠯᠡᠴᠢᠯᠡᠭᠡᠨ ᠤ ᠨᠠᠷᠠᠲᠤ ᠲᠥᠷᠥᠯ ᠲᠡᠮᠳᠡᠭᠲᠦ ᠶᠢᠨ ᠪᠠᠶᠢᠭᠤᠯᠤᠯᠲᠠ ᠳᠤ ᠢᠳᠡᠪᠬᠢᠲᠡᠶ ᠪᠠᠷ ᠲᠠᠪᠴᠠᠩ ᠪᠠᠶᠢᠭᠤᠯᠵᠤ ᠥᠭᠴᠡᠢ᠃ ᠲᠦᠷᠦᠯ ᠲᠡᠮᠳᠡᠭ ᠡᠭᠦᠳᠬᠦ ᠶᠢᠨ ᠲᠣᠭᠤᠷᠢᠨ ᠳᠤ᠂ ︽ᠶᠠᠰᠤ ᠴᠢᠨᠠᠷ ᠤᠨ ᠪᠠᠶᠢᠯᠳᠤᠬᠤ ᠪᠣᠳᠣᠯᠭ᠎ᠠ︾ ᠪᠣᠯᠤᠨ ︽ᠰᠣᠳᠣᠨ ᠪᠠᠶᠢᠯᠳᠤᠬᠤ ᠪᠣᠳᠣᠯᠭ᠎ᠠ︾ ᠶᠢ ᠬᠡᠷᠡᠭᠵᠢᠭᠦᠯᠵᠦ᠂ ᠮᠠᠯᠴᠢᠨ ᠲᠠᠷᠢᠶᠠᠴᠢᠨ ᠬᠦᠯᠤᠰᠤᠨ ᠠᠵᠢᠯᠳᠠᠳ ᠤᠨ ᠮᠡᠷᠭᠡᠵᠢᠯ ᠤᠨ ᠴᠢᠳᠠᠪᠤᠷᠢ ᠶᠢᠨ ᠪᠣᠯᠪᠠᠰᠤᠷᠠᠭᠤᠯᠤᠯ ᠤᠨ ᠠᠵᠢᠯ ᠢ ᠬᠦᠴᠦᠲᠡᠶ ᠠᠳᠬᠤᠵᠤ᠂ ᠬᠥᠳᠡᠭᠡ ᠲᠣᠰᠬᠤᠨ ᠤ ᠬᠥᠳᠡᠯᠮᠦᠷᠢ ᠬᠦᠴᠦᠨ ᠤ ᠰᠢᠯᠵᠢᠯᠲᠡ ᠶᠢᠨ ᠬᠡᠷᠡᠭᠴᠡᠭᠡ ᠳᠤ ᠳᠣᠭᠢᠷᠬᠠᠰᠠᠨ ᠪᠣᠯᠪᠠᠰᠤᠷᠠᠯ ᠤᠨ ᠰᠢᠰᠲ᠋ᠧᠮ ᠢ ᠢᠳᠡᠪᠬᠢᠲᠡᠶ ᠪᠠᠷ ᠪᠠᠶᠢᠭᠤᠯᠪᠠ᠃ ᠣᠳᠣᠬᠠᠨ ᠳᠤ᠂ ᠪᠥᠬᠦ ᠬᠤᠲᠠ ᠳᠤ ᠨᠢᠭᠡᠨᠲᠡ 15 ᠰᠢᠯᠢᠳᠡᠭ ᠬᠥᠳᠡᠯᠮᠦᠷᠢ ᠦᠢᠯᠡᠴᠢᠯᠡᠭᠡᠨ ᠤ ᠨᠠᠷᠠᠲᠤ ᠲᠡᠮᠳᠡᠭ ᠲᠠᠢ ᠪᠣᠯᠪᠡ᠂ ᠡᠭᠦᠨ ᠳᠤ᠂ ᠤᠯᠤᠰ ᠤᠨ ᠲᠠᠰ ᠤᠨ 3᠂ ᠥᠪᠡᠷᠲᠡᠭᠡᠨ ᠵᠠᠰᠠᠬᠤ ᠣᠷᠣᠨ ᠤ ᠲᠠᠰ ᠤᠨ 2᠂ ᠬᠤᠲᠠ ᠶᠢᠨ ᠲᠠᠰ ᠤᠨ 10 ᠪᠠᠶᠢᠨ᠎ᠡ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号