ᠲᠠᠷᠢᠶᠠᠯᠠᠩ ᠢ ᠠᠷᠢᠶᠠᠲᠠᠨ ᠵᠢᠭᠦᠷᠲᠡᠨ ᠤ ᠬᠦᠳᠡᠯᠦᠯ ᠪᠠᠶᠢᠳᠠᠯ ᠠᠴᠠ ᠰᠣᠪᠢᠬᠤ ᠳᠤ᠂ ᠵᠣᠨ ᠤ ᠤᠯᠠᠷᠢᠯ ᠳᠤ | ᠲᠠᠬᠢᠶ᠎ᠠ ᠬᠡᠷᠡᠮ ᠪᠤᠶᠤ ᠮᠣᠳᠣᠨ ᠳᠡᠭᠡᠷ᠎ᠡ ᠭᠠᠷᠴᠤ ᠬᠤᠨᠤᠪᠠᠯ᠃ ᠡᠨᠡ ᠵᠢᠯ ᠪᠤᠷᠤᠭᠠᠨ ᠤᠰᠣ ᠶᠡᠭᠡ ᠭᠡᠬᠦ︔ ᠨᠤᠬᠠᠢ ᠶᠢᠨ | ᠦᠰᠦ ᠬᠠᠪᠤᠷ ᠭᠤᠤᠵᠢᠬᠤ ᠳᠤ ᠪᠠᠨ ᠨᠢᠷᠣᠭᠤᠨ ᠠᠴᠠ ᠪᠠᠨ ᠭᠤᠣᠵᠢᠪᠠᠯ ᠪᠤᠷᠤᠭᠠᠨ ᠶᠡᠭᠡ ᠲᠠᠢ᠂ ᠵᠣ ᠶᠢᠨ ᠲᠠᠷᠢᠶ᠎ᠠ | ᠲᠦᠷᠦᠬᠦ︔ ᠬᠠᠪᠢᠷᠭ᠎ᠠ ᠭᠡᠳᠡᠰᠦᠨ ᠠᠴᠠ ᠪᠠᠨ ᠭᠤᠤᠵᠢᠪᠡᠯ᠂ ᠬᠤᠷ᠎ᠠ ᠤᠰᠣ ᠴᠦᠬᠡᠨ᠂ ᠲᠠᠯ᠎ᠠ ᠭᠠᠵᠠᠷ ᠤᠨ ᠲᠠᠷᠢᠶ᠎ᠠ | ᠲᠦᠷᠦᠨ᠎ᠡ ᠭᠡᠬᠦ︔ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠨᠤᠬᠠᠢ ᠠᠯᠢᠶᠠᠷᠬᠠᠵᠤ ᠨᠠᠭᠠᠳᠪᠠᠯ ᠲᠡᠷᠡ ᠵᠢᠯ ᠲᠠᠷᠢᠶ᠎ᠠ | ᠲᠦᠷᠦᠨ᠎ᠡ ᠭᠡᠬᠦ︔ ᠮᠣᠭᠠᠢ ᠵᠠᠮ ᠤᠭᠲᠤᠯᠵᠤ ᠭᠠᠷᠪᠠᠯ ᠪᠤᠷᠤᠭᠠᠨ ᠤᠷᠤᠨ᠎ᠠ ᠭᠡᠬᠦ︔ ᠵᠤᠷᠠᠮ᠎ᠠ ᠢᠷᠭᠠᠯᠠᠵᠤ ᠨᠦᠬᠡ ᠪᠠᠨ | ᠪᠦᠭᠯᠡᠪᠡᠯ ᠪᠤᠷᠤᠭᠠᠨ ᠤᠷᠤᠨ᠎ᠠ ᠭᠡᠬᠦ︔ ᠠᠯᠠᠭᠳᠠᠭ᠎ᠠ ᠨᠦᠬᠡ ᠮᠠᠯᠲᠠᠬᠤ ᠳᠤ ᠪᠠᠨ ᠰᠢᠷᠤᠢ ᠠᠷᠪᠢᠨ ᠭᠠᠷᠭᠠᠬᠤ ᠪᠤᠶᠤ ᠵᠠᠮ | ᠬᠦᠨᠳᠡᠯᠢᠰᠦᠨ ᠭᠠᠷᠪᠠᠯ᠂ ᠪᠤᠷᠤᠭᠠᠨ ᠤᠷᠤᠨ᠎ᠠ ᠭᠡᠬᠦ︔ ᠬᠠᠷᠢᠶᠠᠴᠠᠢ ᠳᠤᠤᠭᠤᠷ ᠨᠢᠰᠪᠡᠯ ᠪᠤᠷᠤᠭᠠᠨ ᠤᠷᠤᠨ᠎ᠠ ᠭᠡᠬᠦ︔ | ᠰᠢᠷᠭᠤᠯᠵᠢ ᠶᠠᠭᠠᠷᠠᠯᠲᠠᠢ ᠪᠠᠷ ᠨᠦᠬᠡ ᠮᠠᠯᠲᠠᠵᠤ ᠪᠠᠶᠢᠪᠠᠯ ᠪᠤᠷᠤᠭᠠᠨ ᠤᠷᠤᠨ᠎ᠠ ᠭᠡᠬᠦ ᠮᠡᠲᠦ᠃ ︵ᠵᠠᠭᠠᠷ᠂ | ᠰᠢ· ᠬᠠᠰᠪᠠᠭᠠᠲᠤᠷ︶ | | ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ | ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |