ᠦᠨᠳᠡᠭᠡᠨ ᠬᠡᠷᠡᠭᠴᠡᠭᠡᠲᠦ ᠦᠷ᠎ᠡ ᠶᠢᠨ ᠲᠠᠬᠢᠶ᠎ᠠ ᠪᠠ ᠲᠠᠸᠠᠷ ᠤᠨ ᠬᠡᠷᠡᠭᠴᠡᠭᠡᠲᠦ ᠦᠨᠳᠡᠭᠡᠨ ᠲᠠᠬᠢᠶᠠᠨ ᠤ | ᠴᠣᠷᠪᠠᠭ᠎ᠠ ᠪᠣᠶᠢᠵᠢᠭᠤᠯᠬᠤ ᠠᠷᠭ᠎ᠠ ᠨᠢ ᠦᠨᠳᠦᠰᠦᠨ ᠳᠡᠭᠡᠨ ᠠᠳᠠᠯᠢᠪᠲᠤᠷ ᠪᠠᠶᠢᠳᠠᠭ ᠶᠤᠮ᠃ ᠲᠤᠰ ᠬᠡᠰᠡᠭ ᠲᠤ | ᠲᠡᠳᠡᠭᠡᠷ ᠤᠨ ᠠᠳᠠᠯᠢ ᠪᠣᠰᠤ ᠲᠠᠯ᠎ᠠ ᠶᠢ ᠭᠤᠣᠯᠳᠠᠭᠤ ᠶᠠᠷᠢᠶ᠎ᠠ᠃ | ︵ᠨᠢᠭᠡ︶ ᠲᠡᠵᠢᠭᠡᠬᠦ ᠠᠷᠭ᠎ᠠ ᠪᠠ ᠲᠡᠵᠢᠭᠡᠬᠦ ᠨᠢᠭᠲᠠᠴᠠ | 1.ᠲᠡᠵᠢᠭᠡᠬᠦ ᠠᠷᠭ᠎ᠠ᠄ ᠦᠷ᠎ᠡ ᠶᠢᠨ ᠲᠠᠬᠢᠶ᠎ᠠ ᠶᠢ ᠭᠠᠵᠠᠷ ᠳᠡᠭᠡᠷ᠎ᠡ ᠲᠠᠷᠠᠬᠠᠢ ᠲᠡᠵᠢᠭᠡᠬᠦ᠂ ᠲᠣᠣᠷ ᠳᠡᠭᠡᠷ᠎ᠡ | ᠲᠡᠵᠢᠭᠡᠬᠦ ᠪᠠ ᠰᠢᠩᠭᠡᠯᠢᠭ ᠲᠤ ᠲᠡᠵᠢᠭᠡᠬᠦ ᠵᠡᠷᠭᠡ ᠭᠤᠷᠪᠠᠨ ᠵᠦᠢᠯ ᠤᠨ ᠠᠷᠭ᠎ᠠ ᠪᠣᠢ᠃ ᠡᠪᠡᠳᠴᠢᠨ ᠬᠢᠵᠢᠭ ᠢ | ᠰᠡᠷᠭᠡᠶᠢᠯᠡᠬᠦ ᠪᠠ ᠲᠠᠷᠢᠯᠭ᠎ᠠ ᠬᠢᠬᠦ ᠳᠤ ᠳᠦᠭᠦᠮ ᠤᠨ ᠲᠤᠰᠠᠲᠠ ᠦᠷ᠎ᠡ ᠶᠢᠨ ᠲᠠᠬᠢᠶ᠎ᠠ ᠶᠢ ᠶᠡᠷᠦ ᠳᠡᠭᠡᠨ ᠭᠠᠵᠠᠷ ᠠᠴᠠ | ᠵᠠᠶᠢᠲᠠᠢ ᠵᠢᠶᠠᠰᠠᠨ ᠳᠡᠭᠡᠷ᠎ᠡ ᠲᠡᠵᠢᠭᠡᠬᠦ ᠪᠣᠶᠣ ᠲᠣᠣᠷᠯᠠᠨ ᠲᠡᠵᠢᠭᠡᠬᠦ ᠠᠷᠭ᠎ᠠ ᠶᠢ ᠠᠪᠳᠠᠭ᠃ | 2. ᠲᠡᠵᠢᠭᠡᠬᠦ ᠨᠢᠭᠲᠠᠴᠠ᠄ ᠦᠷ᠎ᠡ ᠶᠢᠨ ᠲᠠᠬᠢᠶ᠎ᠠ ᠶᠢ ᠲᠡᠵᠢᠭᠡᠬᠦ ᠨᠢᠭᠲᠠᠴᠠ ᠨᠢ ᠲᠠᠸᠠᠷ ᠤᠨ ᠲᠠᠬᠢᠶ᠎ᠠ ᠶᠢ | ᠲᠡᠵᠢᠭᠡᠬᠦ ᠨᠢᠭᠲᠠᠴᠠ ᠠᠴᠠ ᠪᠠᠭ᠎ᠠ ᠪᠠᠶᠢᠳᠠᠭ᠃ ᠠᠳᠠᠯᠢ ᠪᠤᠰᠤ ᠡᠭᠦᠯᠳᠡᠷ ᠤᠨ ᠲᠠᠬᠢᠶᠠᠨ ᠤ ᠴᠣᠷᠪᠠᠭ᠎ᠠ ᠪᠣᠶᠢᠵᠢᠭᠤᠯᠬᠤ | ᠬᠤᠭᠤᠴᠠᠭᠠᠨ ᠳᠠᠬᠢ ᠲᠡᠵᠢᠭᠡᠬᠦ ᠨᠢᠭᠲᠠᠴᠠ ᠶᠢ ᠬᠦᠰᠦᠨᠦᠭᠲᠦ 1 - 8 ᠳᠤ ᠦᠵᠡᠭᠡᠷᠡᠢ᠃ | | | | | | | ᠲᠣᠬᠢᠷᠠᠮᠵᠢᠲᠡᠢ ᠲᠡᠵᠢᠭᠡᠬᠦ ᠨᠢᠭᠲᠠᠴᠠ ᠨᠢ ᠴᠣᠷᠪᠠᠭ᠎ᠠ ᠶᠢᠨ ᠦᠰᠦᠯᠲᠡ ᠪᠠ ᠲᠠᠬᠢᠶᠠᠨ ᠰᠦᠷᠦᠭ ᠤᠨ | ᠲᠣᠷᠨᠢᠯᠲᠡ ᠶᠢᠨ ᠨᠤᠷᠮ᠎ᠠ ᠶᠢ ᠳᠡᠭᠡᠭᠰᠢᠯᠡᠭᠦᠯᠬᠦ ᠳᠤ ᠠᠰᠢᠭᠲᠠᠢ ᠪᠠᠶᠢᠳᠠᠭ᠃ ᠴᠣᠷᠪᠠᠭ᠎ᠠ ᠶᠢᠨ ᠬᠤᠨᠤᠭ ᠤᠨ ᠨᠠᠰᠤᠨ ᠤ | ᠨᠡᠮᠡᠭᠳᠡᠬᠦ ᠶᠢ ᠳᠠᠭᠠᠯᠳᠤᠨ ᠲᠡᠵᠢᠭᠡᠬᠦ ᠨᠢᠭᠲᠠᠴᠠ ᠶᠢ ᠪᠠᠭᠠᠰᠬᠠᠨ᠎ᠠ᠃ ᠬᠤᠰᠢᠭᠤ ᠲᠠᠭᠠᠷᠢᠬᠤ᠂ ᠬᠢᠵᠢᠭ ᠡᠪᠡᠳᠴᠢᠨ ᠢ | ᠰᠡᠷᠭᠡᠶᠢᠯᠡᠬᠦ ᠲᠠᠷᠢᠯᠭ᠎ᠠ ᠬᠢᠬᠦ ᠦᠶ᠎ᠡ ᠳᠤ ᠴᠢᠬᠢᠷᠠᠭ ᠴᠣᠷᠪᠠᠭ᠎ᠠ ᠪᠠ ᠪᠠᠭᠤᠷᠠᠢ ᠴᠣᠷᠪᠠᠭ᠎ᠠ ᠶᠢ ᠰᠠᠯᠭᠠᠵᠤ ᠲᠡᠵᠢᠭᠡᠬᠦ ᠠᠴᠠ | ᠭᠠᠳᠠᠨ᠎ᠠ᠂ ᠡᠷᠡᠭᠴᠢᠨ ᠡᠮᠡᠭᠴᠢᠨ ᠢᠶᠠᠷ ᠨᠢ ᠢᠯᠭᠠᠵᠤ ᠰᠦᠷᠦᠭ ᠬᠤᠪᠢᠶᠠᠨ ᠲᠡᠵᠢᠭᠡᠪᠡᠯ ᠨᠡᠩ ᠰᠠᠶᠢᠨ ᠪᠠᠶᠢᠳᠠᠭ᠃ | ︵ᠬᠤᠶᠠᠷ︶ ᠮᠡᠭᠦᠷᠬᠡᠢ ᠶᠢᠨ ᠤᠷᠲᠦ ᠶᠢᠨ ᠬᠡᠮᠵᠢᠶ᠎ᠡ | ᠠᠷᠠᠭ ᠶᠠᠰᠤ ᠪᠠ ᠪᠡᠶ᠎ᠡ ᠶᠢᠨ ᠬᠦᠨᠳᠦ ᠶᠢᠨ ᠦᠰᠦᠯᠲᠡ ᠪᠣᠶᠢᠵᠢᠯᠲᠡ ᠶᠢᠨ ᠵᠢᠮ᠎ᠡ ᠶᠣᠰᠣ ᠨᠢ ᠠᠳᠠᠯᠢ ᠦᠭᠡᠢ | ᠪᠠᠶᠢᠳᠠᠭ᠃ ᠴᠣᠷᠪᠠᠭᠠᠨ ᠤ ᠪᠡᠶ᠎ᠡ ᠶᠢᠨ ᠬᠦᠨᠳᠦ ᠨᠢ ᠲᠠᠰᠤᠷᠠᠯᠲᠠ ᠦᠭᠡᠢ ᠨᠡᠮᠡᠭᠳᠡᠭᠰᠡᠭᠡᠷ ᠦᠨᠳᠡᠭᠡᠯᠡᠬᠦ | ᠬᠤᠭᠤᠴᠠᠭᠠᠨ ᠤ 36 ᠭᠠᠷᠠᠭ ᠨᠠᠰᠤ ᠪᠣᠯᠬᠤ ᠦᠶ᠎ᠡ ᠳᠤ ᠣᠷᠭᠢᠯ ᠳᠠᠭᠠᠨ ᠲᠤᠯᠳᠠᠭ᠃ ᠠᠷᠠᠭ ᠶᠠᠰᠤ ᠪᠣᠯ ᠡᠬᠢᠨ ᠤ | 10 ᠭᠠᠷᠠᠭ ᠲᠤ ᠲᠦᠷᠭᠡᠨ ᠦᠰᠴᠦ᠂ 20 ᠭᠠᠷᠠᠭ ᠪᠣᠯᠬᠤ ᠦᠶᠡᠰ ᠪᠦᠬᠦᠶᠢᠯᠡ ᠠᠷᠠᠭ ᠶᠠᠰᠤᠨ ᠤ ᠦᠰᠦᠯᠲᠡ ᠨᠢ | ᠭᠦᠢᠴᠡᠵᠦ ᠦᠰᠬᠦ ᠪᠠᠨ ᠪᠣᠯᠢᠳᠠᠭ᠃ ᠲᠡᠷᠡ ᠮᠦᠷᠲᠡᠭᠡᠨ ᠡᠬᠢᠨ ᠤ ᠬᠤᠭᠤᠴᠠᠭᠠᠨ ᠳᠤ ᠲᠦᠷᠭᠡᠨ ᠦᠰᠴᠦ᠂ | ᠰᠡᠭᠦᠯ ᠤᠨ ᠦᠶ᠎ᠡ ᠳᠡᠭᠡᠨ ᠦᠰᠦᠯᠲᠡ ᠨᠢ ᠣᠳᠠᠭᠠᠨ ᠪᠠᠶᠢᠳᠠᠭ ᠶᠤᠮ᠃ ᠡᠶᠢᠮᠦ ᠠᠴᠠ 12 ᠭᠠᠷᠠᠭ ᠨᠠᠰᠤᠨ ᠤ | ᠦᠶᠡᠰ ᠠᠷᠠᠭ ᠶᠠᠰᠤᠨ ᠤ ᠦᠰᠦᠯᠲᠡ ᠨᠢ 90% ᠳᠤ ᠬᠦᠷᠬᠦ ᠶᠢ ᠱᠠᠭᠠᠷᠳᠠᠳᠠᠭ᠃ ᠰᠢᠮ᠎ᠡ ᠲᠡᠵᠢᠭᠡᠯ ᠪᠠ | ᠬᠠᠮᠢᠶᠠᠷᠤᠯᠲᠠ ᠨᠢ ᠲᠤᠬᠢᠷᠠᠮᠵᠢ ᠦᠭᠡᠢ ᠪᠣᠯ ᠬᠤᠵᠢᠮ ᠤᠨ ᠦᠨᠳᠡᠭᠡᠯᠡᠯᠲᠡ ᠨᠢ ᠪᠠᠷᠢᠮᠵᠢᠶ᠎ᠡ ᠳᠤ ᠬᠦᠷᠬᠦ ᠦᠭᠡᠢ | ᠪᠣᠯᠳᠠᠭ᠃ ᠡᠶᠢᠮᠦ ᠠᠴᠠ ᠴᠣᠷᠪᠠᠭ᠎ᠠ ᠪᠣᠶᠢᠵᠢᠭᠤᠯᠬᠤ ᠬᠤᠭᠤᠴᠠᠭᠠᠨ ᠳᠠᠬᠢ ᠮᠡᠭᠦᠷᠭᠡᠢ ᠶᠢᠨ ᠤᠷᠲᠦ ᠶᠢᠨ ᠬᠡᠮᠵᠢᠶ᠎ᠡ ᠨᠢ | ᠪᠡᠶ᠎ᠡ ᠶᠢᠨ ᠬᠦᠨᠳᠦ ᠶᠢᠨ ᠪᠡᠷᠢᠮᠵᠢᠶ᠎ᠡ ᠠᠴᠠ ᠨᠡᠩ ᠴᠢᠬᠤᠯᠠ ᠪᠠᠶᠢᠳᠠᠭ ᠶᠤᠮ᠃ ᠴᠣᠷᠪᠠᠭ᠎ᠠ ᠪᠣᠶᠢᠵᠢᠭᠤᠯᠬᠤ | ᠬᠤᠭᠤᠴᠠᠭᠠᠨ ᠤ ᠭᠤᠣᠯ ᠬᠠᠷᠠᠯᠲᠠ ᠪᠣᠯ ᠮᠡᠭᠦᠷᠭᠡᠢ ᠶᠢᠨ ᠤᠷᠲᠦ ᠶᠢ ᠪᠠᠷᠢᠮᠵᠢᠶ᠎ᠡ ᠳᠤ ᠬᠦᠷᠭᠡᠬᠦ ᠶᠠᠪᠤᠳᠠᠯ ᠪᠣᠯᠤᠨ᠎ᠠ᠃ | 8 ᠭᠠᠷᠠᠭ ᠤᠨ ᠦᠶᠡᠰ᠂ ᠰᠢᠯᠪᠢᠨ ᠤ ᠤᠷᠲᠦ ᠨᠢ ᠪᠠᠷᠢᠮᠵᠢᠶ᠎ᠠ ᠳᠤ ᠬᠦᠷᠬᠦ ᠦᠭᠡᠢ ᠪᠣᠯ ᠪᠣᠷᠳᠤᠭ᠎ᠠ ᠶᠢ ᠨᠢ ᠰᠤᠯᠢᠵᠦ | ᠦᠷᠭᠦᠯᠵᠢᠯᠡᠨ ᠲᠡᠵᠢᠭᠡᠨ ᠪᠠᠷᠢᠮᠵᠢᠶ᠎ᠠ ᠳᠤ ᠬᠦᠷᠭᠡᠨ᠎ᠡ᠃ ᠪᠠᠷᠢᠮᠵᠢᠶ᠎ᠠ ᠶᠢ ᠬᠦᠷᠦᠭᠰᠡᠨ ᠤ ᠰᠡᠭᠦᠯᠡᠷ ᠪᠣᠷᠳᠤᠭ᠎ᠠ ᠶᠢ ᠨᠢ | ᠰᠠᠶ᠋ᠢ ᠬᠡᠪ ᠤᠨ ᠪᠠᠶᠢᠳᠠᠯ ᠳᠤᠨᠢ ᠣᠷᠤᠭᠤᠯᠤᠨ᠎ᠠ ︵ᠬᠦᠰᠦᠨᠦᠭᠲᠦ 1 - 9 ᠳᠤ ᠦᠵᠡᠭᠡᠷᠡᠢ︶᠃ | | | | | | ︵ᠭᠤᠷᠪᠠ︶ ᠬᠢᠵᠢᠭ ᠤᠨ ᠰᠡᠷᠭᠡᠶᠢᠯᠡᠯᠲᠡ | ᠬᠢᠷᠢ ᠲᠡᠩᠴᠡᠭᠰᠡᠨ ᠦᠷ᠎ᠡ ᠶᠢᠨ ᠪᠡᠯᠡᠳᠭᠡᠯ ᠲᠠᠬᠢᠶ᠎ᠠ ᠶᠢ ᠪᠣᠶᠢᠵᠢᠭᠤᠯᠬᠤ ᠳᠤ ᠲᠠᠸᠠᠷ ᠤᠨ ᠲᠠᠬᠢᠶ᠎ᠠ ᠶᠢ | ᠪᠣᠶᠢᠵᠢᠭᠤᠯᠬᠤ ᠪᠠᠷᠢᠮᠵᠢᠶ᠎ᠡ ᠪᠠᠷ ᠪᠠᠶᠢᠷᠢ ︵ᠡᠭᠦᠷ︶ ᠶᠢᠨ ᠳᠤᠯᠠᠭᠠᠨ ᠴᠢᠬᠢᠭ ᠤᠨ ᠬᠡᠮᠵᠢᠶ᠎ᠡ ᠶᠢ ᠵᠤᠬᠢᠰᠲᠠᠢ | ᠲᠣᠬᠢᠷᠠᠭᠤᠯᠵᠤ᠂ ᠣᠷᠴᠢᠨ ᠲᠤᠭᠤᠷᠢᠨ ᠢ ᠨᠢ ᠨᠠᠮ ᠵᠢᠮ ᠪᠠᠶᠢᠯᠭᠠᠬᠤ ᠶᠢᠨ ᠬᠠᠮᠲᠦ ᠡᠳᠦᠷ ᠠᠯᠤᠰᠯᠠᠬᠤ ᠪᠤᠶᠤ | ᠭᠠᠷᠠᠭ ᠲᠤ ᠬᠤᠶᠠᠷ ᠤᠳᠠᠭ᠎ᠠ ᠲᠠᠬᠢᠶᠠᠨ ᠤ ᠪᠠᠶᠢᠷᠢ ︵ᠡᠭᠦᠷ︶ ᠪᠠ ᠪᠠᠭᠠᠵᠢ ᠬᠡᠷᠡᠭᠰᠡᠯ ᠢ ᠠᠷᠢᠭᠤᠳᠬᠠᠵᠤ | ᠲᠣᠭᠲᠠᠭᠰᠠᠨ ᠬᠤᠭᠤᠴᠠᠭ᠎ᠠ᠂ ᠲᠣᠭᠲᠠᠭᠰᠠᠨ ᠳᠡᠰ ᠳᠠᠷᠠᠭᠠᠯᠠᠯ ᠢᠶᠠᠷ ᠬᠢᠵᠢᠭ ᠰᠡᠷᠭᠡᠶᠢᠯᠡᠬᠦ ᠲᠠᠷᠢᠯᠭ᠎ᠠ ᠶᠢ ᠬᠢᠨ᠎ᠡ᠃ | ︵ᠳᠦᠷᠪᠡ︶ ᠭᠡᠷᠡᠯ ᠤᠨ ᠳᠤᠰᠬᠠᠯᠲᠠ | ᠪᠡᠯᠡᠳᠭᠡᠯ ᠦᠷ᠎ᠡ ᠶᠢᠨ ᠲᠠᠬᠢᠶ᠎ᠠ ᠳᠤ ᠭᠡᠷᠡᠯ ᠳᠤᠰᠬᠠᠬᠤ ᠪᠠᠷ ᠳᠠᠮᠵᠢᠨ ᠪᠡᠶ᠎ᠡ ᠶᠢᠨ ᠬᠦᠨᠳᠦ ᠪᠠ ᠪᠡᠯᠭᠡ ᠶᠢᠨ | ᠪᠣᠯᠪᠠᠰᠤᠷᠠᠯᠲᠠ ᠶᠢ ᠨᠢ ᠴᠢᠩᠭᠠᠳᠬᠠᠳᠠᠭ᠃ ᠪᠣᠲᠠᠲᠠᠢ ᠦᠢᠯᠡᠳᠦᠯᠭᠡ ᠳᠤᠮᠳᠠ ᠪᠢᠲᠡᠭᠦᠦ ᠪᠡᠶᠢᠷᠢ ᠳᠤ ᠲᠡᠵᠢᠭᠡᠵᠦ | ᠪᠠᠶᠢᠭ᠎ᠠ ᠪᠡᠯᠡᠳᠭᠡᠯ ᠦᠷ᠎ᠡ ᠶᠢᠨ ᠲᠠᠬᠢᠶᠠᠨ ᠳᠤ ᠭᠡᠷᠡᠯ ᠳᠤᠰᠬᠠᠬᠤ ᠴᠠᠭ ᠨᠢ᠄ 0 ~ 3 ᠭᠠᠷᠠᠭ ᠨᠠᠰᠤᠨ ᠤ | ᠲᠠᠬᠢᠶᠠᠨ ᠳᠤ ᠡᠳᠦᠷ ᠪᠦᠷᠢ 24 ᠴᠠᠭ︔ 4 ~20 ᠭᠠᠷᠠᠭ ᠨᠠᠰᠤᠨ ᠤ ᠲᠠᠬᠢᠶᠠᠨ ᠳᠤ ᠡᠳᠦᠷ ᠪᠦᠷᠢ 8 ~ 9 | ᠴᠠᠭ︔ 21 ~ 26 ᠭᠠᠷᠠᠭ ᠨᠠᠰᠤᠨ ᠤ ᠲᠠᠬᠢᠶᠠᠨ ᠳᠤ ᠡᠳᠦᠷ ᠪᠦᠷᠢ 10 ~ 15 ᠴᠠᠭ︔ 27 ~ 64 ᠭᠠᠷᠠᠭ | ᠨᠠᠰᠤᠨ ᠤ ᠲᠠᠬᠢᠶᠠᠨ ᠳᠤ ᠡᠳᠦᠷ ᠪᠦᠷᠢ 16 ᠴᠠᠭ︔ 65 ~ 72 ᠭᠠᠷᠠᠭ ᠨᠠᠰᠤᠨ ᠤ ᠲᠠᠬᠢᠶᠠᠨ ᠳᠤ ᠡᠳᠦᠷ ᠪᠦᠷᠢ | 17 ᠴᠠᠭ ᠭᠡᠷᠡᠯ ᠳᠤᠰᠬᠠᠨ᠎ᠠ᠃ ᠵᠠᠳᠠᠭᠠᠢ ᠣᠷᠤᠢ ᠲᠠᠢ ᠪᠠᠶᠢᠷᠢ ︵ᠡᠭᠦᠷ︶ ᠲᠤ ᠲᠡᠵᠢᠭᠡᠵᠦ ᠪᠠᠶᠢᠪᠠᠯ 0 ~ 3 | ᠭᠠᠷᠠᠭ ᠨᠠᠰᠤᠨ ᠤ ᠲᠠᠬᠢᠶᠠᠨ ᠳᠤ ᠡᠳᠦᠷ ᠪᠦᠷᠢ 14 ᠴᠠᠭ ᠭᠡᠷᠡᠯ ᠳᠤᠰᠬᠠᠨ ᠬᠤᠵᠢᠮ ᠨᠢ ᠨᠠᠷᠠᠨ ᠤ ᠭᠡᠷᠡᠯ ᠤᠨ | ᠳᠤᠰᠬᠠᠯᠲᠠ ᠳᠤ ᠲᠦᠰᠢᠭᠯᠡᠨ᠎ᠡ᠃ | | ︵ᠢᠷᠡᠯᠲᠡ᠄ ᠵᠢᠷᠭᠠᠯ ᠡᠷᠬᠢᠯᠡᠨ ᠨᠠᠶᠢᠷᠠᠭᠤᠯᠤᠭᠰᠠᠨ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ | ᠮᠡᠷᠭᠡᠵᠢᠯ︾ ᠭᠡᠬᠦ ᠨᠣᠮ ᠠᠴᠠ ᠰᠤᠩᠭᠤᠨ ᠰᠡᠶᠢᠷᠡᠭᠦᠯᠪᠠ᠃︶ |