ᠪᠦᠲᠡᠩᠰᠡᠭᠰᠡᠨ ᠲᠤᠷᠤᠢ ᠶᠢ ᠬᠡᠷᠭᠢᠨ ᠲᠦᠷᠭᠡᠨ ᠠᠪᠤᠷᠠᠬᠤ ᠪᠣᠢ
ᠨᠡᠶᠢᠲᠡᠯᠡᠭᠰᠡᠨ ᠴᠠᠭ᠄
2021/11/25
     ᠵᠠᠷᠢᠮ ᠲᠤᠷᠤᠢ ᠲᠦᠷᠦᠭᠰᠡᠨ ᠳᠠᠷᠤᠢ ᠳᠠᠭᠠᠨ ᠠᠮᠢᠰᠬᠤᠯ ᠨᠢ ᠵᠣᠭᠰᠤᠵᠤ ᠪᠦᠬᠦ ᠪᠡᠶ᠎ᠡ ᠨᠢ ᠰᠤᠯᠲᠠᠶᠢᠬᠤ ᠢᠯᠡᠷᠡᠯ ᠭᠠᠷᠳᠠᠭ ᠶᠤᠮ᠃ ᠭᠡᠪᠡᠴᠦ ᠠᠮᠠ ᠪᠠᠨ ᠠᠩᠭᠠᠶᠢᠨ ᠬᠡᠢ ᠰᠤᠷᠤᠵᠤ ᠵᠢᠷᠦᠭᠡ ᠨᠢ ᠮᠦᠨ ᠴᠣᠬᠢᠯᠠᠵᠤ ᠪᠠᠶᠢᠳᠠᠭ᠃ ᠡᠨᠡ ᠪᠣᠯ ᠲᠤᠷᠤᠢ ᠶᠢᠨ ᠪᠦᠲᠡᠩᠰᠡᠭᠰᠡᠨ ᠦᠵᠡᠭᠳᠡᠯ ᠮᠦᠨ᠂ ᠡᠨᠡ ᠦᠶ᠎ᠡ ᠳᠤ ᠲᠦᠷᠭᠡᠨ ᠠᠪᠤᠷᠠᠯᠲᠠ ᠶᠢᠨ ᠠᠷᠭ᠎ᠠ ᠠᠪᠤᠪᠠᠯ ᠠᠮᠢ ᠣᠷᠤᠵᠤ ᠪᠣᠯᠤᠨ᠎ᠠ᠃      1.ᠲᠤᠷᠤᠢ ᠶᠢᠨ ᠠᠮᠠ ᠬᠠᠮᠠᠷ ᠲᠠᠬᠢ ᠨᠢᠯᠲᠠᠭ ᠰᠢᠩᠭᠡᠨ ᠢ ᠴᠡᠪᠡᠷ ᠪᠦᠰ ᠢᠶᠠᠷ ᠠᠷᠴᠢᠨ ᠴᠡᠪᠡᠷᠯᠡᠭᠰᠡᠨ ᠤ ᠳᠠᠷᠠᠭ᠎ᠠ᠂ ᠡᠪᠡᠰᠦᠨ ᠳᠡᠪᠢᠭᠰᠡᠭᠡᠷ ᠳᠡᠭᠡᠷ᠎ᠡ ᠲᠠᠯᠪᠢᠭᠠᠳ ᠬᠤᠶᠠᠷ ᠬᠠ ᠠᠴᠠ ᠨᠢ ᠠᠳᠬᠤᠵᠤ ᠡᠮᠦᠨᠡᠰᠢ ᠬᠤᠶᠢᠰᠢ ᠠᠶᠢᠵᠠᠮᠳᠠᠶᠢᠬᠠᠨ ᠵᠢᠬᠢᠯᠭᠡᠬᠦ ᠶᠢᠨ ᠬᠠᠮᠲᠦ ᠭᠠᠷ ᠤᠨ ᠠᠯᠠᠭ᠎ᠠ ᠪᠠᠷ ᠢᠶᠠᠨ ᠬᠤᠶᠠᠷ ᠲᠠᠯ᠎ᠠ ᠶᠢᠨ ᠬᠠᠪᠢᠷᠭᠠᠨ ᠳᠡᠭᠡᠷ᠎ᠡ ᠨᠢ ᠬᠦᠩᠭᠡᠭᠡᠨ ᠳᠠᠷᠤᠨ᠎ᠠ᠃      2.ᠪᠠᠷᠠᠭᠤᠨ ᠭᠠᠷ ᠤᠨ ᠠᠯᠠᠭ᠎ᠠ ᠪᠠᠷ ᠢᠶᠠᠨ ᠲᠤᠷᠤᠢ ᠶᠢᠨ ᠴᠡᠭᠡᠵᠢᠨ ᠳᠡᠭᠡᠷ᠎ᠡ ᠨᠢᠭᠡ ᠴᠢᠩᠭ᠎ᠠ ᠨᠢᠭᠡ ᠰᠤᠯᠠ ᠪᠠᠷ ᠠᠶᠢᠵᠠᠮ ᠲᠠᠢ ᠲᠠᠷᠤᠬᠤ ᠶᠢᠨ ᠬᠠᠮᠲᠤ ᠬᠠᠮᠠᠷ ᠤᠷᠤᠭᠤ ᠨᠢ ᠬᠡᠢ ᠦᠯᠢᠶᠡᠨ᠎ᠡ᠃      3.ᠪᠦᠲᠡᠩᠰᠡᠭᠰᠡᠨ ᠲᠤᠷᠤᠢ ᠶᠢ ᠬᠤᠶᠢᠲᠦ ᠬᠤᠶᠠᠷ ᠮᠦᠴᠢ ᠠᠴᠠ ᠨᠢ ᠳᠡᠭᠦᠵᠢᠯᠡᠭᠡᠳ ᠭᠠᠷ ᠢᠶᠠᠷ ᠢᠶᠠᠨ ᠴᠡᠭᠡᠵᠢ ᠪᠠ ᠨᠢᠷᠤᠭᠤᠨ ᠳᠡᠭᠡᠷ᠎ᠡ ᠨᠢ ᠬᠦᠩᠭᠡᠭᠡᠨ ᠠᠯᠠᠭᠠᠳᠠᠵᠤ ᠠᠮᠠ ᠬᠤᠭᠤᠯᠠᠢ ᠳᠠᠬᠢ ᠨᠢᠯᠲᠠᠭ ᠰᠢᠩᠭᠡᠨ ᠪᠠ ᠬᠠᠭ ᠤᠨ ᠤᠰᠤ ᠶᠢ ᠨᠢ ᠬᠦᠨᠳᠦᠷᠴᠦ ᠭᠠᠷᠭᠠᠨ᠎ᠠ᠃      4.ᠲᠤᠷᠤᠢ ᠶᠢᠨ ᠴᠡᠭᠡᠵᠢᠨ ᠬᠡᠰᠡᠭ ᠢ ᠰᠫᠢᠷᠲ ᠢᠶᠠᠷ ᠵᠦᠯᠭᠦᠬᠦ ᠪᠤᠶᠤ ᠬᠠᠮᠠᠷ ᠤᠷᠤᠭᠤ ᠨᠢ ᠳᠠᠮᠠᠬᠢᠨ ᠬᠡᠮᠬᠡᠳᠡᠭ ᠦᠯᠢᠶᠡᠨ ᠰᠡᠲᠦᠯᠲᠡ ᠦᠭᠴᠦ ᠪᠠᠶᠢᠭᠠᠳ ᠠᠮᠢᠰᠬᠤᠭᠤᠯᠤᠨ᠎ᠠ᠃      5.ᠨᠢᠭᠡ ᠬᠦᠮᠦᠨ ᠬᠤᠷᠤᠭᠤ ᠪᠠᠷ ᠢᠶᠠᠨ ᠲᠤᠷᠤᠢ ᠶᠢᠨ ᠬᠤᠰᠬᠢᠨᠠᠭ ᠬᠢᠭᠡᠳ ᠠᠮᠠ ᠶᠢ ᠪᠦᠭᠯᠡᠵᠦ᠂ ᠨᠦᠭᠦᠭᠡᠳᠡᠬᠢ  ᠨᠢ ᠬᠦᠢᠰᠦ ᠶᠢ ᠨᠢ ᠴᠢᠩᠭ᠎ᠠ ᠴᠢᠮᠬᠢᠨ᠎ᠡ᠂ ᠢᠩᠭᠢᠭᠡᠳ ᠬᠦᠢᠰᠦᠨ ᠳᠡᠭᠡᠷ᠎ᠡ ᠨᠢ ᠬᠦᠷᠪᠡᠯᠵᠡᠭᠦ ᠪᠠᠶᠢᠳᠠᠯ ᠭᠠᠷᠪᠠᠯ ᠬᠤᠶᠠᠭᠤᠯᠠ ᠪᠠᠨ ᠭᠠᠷ ᠢᠶᠠᠨ ᠬᠠᠮᠲᠦ ᠲᠠᠯᠪᠢᠨ᠎ᠠ᠃      6.ᠠᠮᠢ ᠣᠷᠤᠭᠰᠠᠨ ᠲᠤᠷᠤᠢ ᠶᠢ ᠳᠤᠯᠠᠭᠠᠨ ᠭᠡᠷ ᠲᠤ ᠣᠷᠤᠭᠤᠯᠵᠤ ᠴᠡᠪᠡᠷᠬᠡᠨ ᠡᠪᠡᠰᠤ ᠳᠡᠪᠢᠰᠴᠤ ᠦᠭᠭᠦᠭᠡᠳ ᠪᠡᠶ᠎ᠡ ᠳᠡᠭᠡᠷᠡᠬᠢ ᠨᠢᠯᠳᠠᠭ ᠡᠳ᠋ ᠢ ᠨᠢ ᠵᠦᠯᠭᠦᠵᠦ ᠠᠷᠴᠢᠬᠤ ᠶᠢᠨ ᠬᠠᠮᠲᠦ ᠴᠠᠭ ᠲᠤᠬᠠᠢ ᠳᠤᠨᠢ ᠡᠬᠡ ᠳᠤᠨᠢ ᠲᠠᠯᠪᠢᠵᠦ ᠬᠦᠬᠦᠭᠦᠯᠦᠨ᠎ᠡ᠃      ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号