ᠡᠷ᠎ᠡ ᠲᠤᠷᠤᠢ ᠶᠢᠨ ᠪᠦᠭᠡᠷᠡᠳᠡᠩ ᠢ ᠬᠡᠷᠬᠢᠨ ᠵᠠᠰᠠᠬᠤ ᠪᠣᠢ
ᠨᠡᠶᠢᠲᠡᠯᠡᠭᠰᠡᠨ ᠴᠠᠭ᠄
2021/12/9
     ᠪᠦᠭᠡᠷᠡᠳᠡᠩ ᠪᠣᠯ ᠡᠷ᠎ᠡ ᠲᠤᠷᠤᠢ ᠳᠤ ᠦᠷᠭᠦᠯᠵᠢ ᠳᠣᠬᠢᠶᠠᠯᠳᠤᠳᠠᠭ ᠡᠪᠡᠳᠴᠢᠨ ᠮᠦᠨ᠃ ᠡᠭᠦᠨ ᠢ ᠵᠠᠰᠠᠬᠤ ᠰᠢᠨ᠎ᠡ ᠠᠷᠭ᠎ᠠ ᠲᠠᠨᠢᠯᠴᠠᠭᠤᠯᠤᠶ᠎ᠠ᠄      ᠭᠠᠭ᠋ᠠᠢ ᠶᠢᠨ ᠬᠤᠶᠢᠲᠦ ᠬᠤᠶᠠᠷ ᠬᠦᠯ ᠠᠴᠠ ᠨᠢ ᠠᠪᠴᠤ ᠲᠣᠯᠤᠭᠠᠢ ᠶᠢ ᠨᠢ ᠳᠣᠭᠤᠭᠰᠢ ᠬᠠᠨᠳᠤᠭᠤᠯᠤᠨ ᠳᠡᠭᠦᠵᠢᠯᠡᠭᠡᠳ ᠬᠤᠤᠬ᠎ᠠ ᠶᠢᠨ ᠭᠠᠳᠠᠷ ᠬᠡᠰᠡᠭ ᠢ ᠢᠦᠳ᠋ ᠴᠢᠩᠬᠢ ᠪᠠᠷ ᠠᠷᠢᠭᠤᠳᠬᠠᠵᠤ᠂ ᠬᠤᠤᠬ᠎ᠠ ᠶᠢ ᠨᠢ 2cm ᠬᠠᠭᠠᠯᠬᠤ ᠪᠤᠶᠤ ᠤᠭ ᠤᠨ ᠬᠠᠭᠠᠯᠤᠭᠰᠠᠨ ᠤᠷᠤᠮ ᠢ ᠰᠠᠯᠭᠠᠨ᠎ᠠ᠃ ᠵᠠᠰᠠᠭᠴᠢ ᠵᠡᠭᠦᠨ ᠭᠠᠷ ᠤᠨ ᠳᠣᠯᠣᠪᠦᠷ ᠬᠤᠷᠤᠭᠤ ᠪᠠᠨ ᠠᠷᠢᠭᠤᠳᠬᠠᠭᠰᠠᠨ ᠬᠤᠶᠢᠨ᠎ᠠ ᠬᠤᠤᠬ᠎ᠠ ᠳᠤᠨᠢ ᠴᠢᠬᠢᠨ ᠣᠷᠤᠭᠤᠯᠵᠤ ᠭᠡᠳᠡᠰᠦ ᠳᠣᠲᠤᠷ ᠢ ᠨᠢ ᠬᠡᠪᠡᠯᠢ ᠶᠢᠨ ᠬᠦᠨᠳᠡᠢ ᠳᠤᠨᠢ ᠪᠣᠴᠠᠭᠠᠵᠤ ᠣᠷᠤᠭᠤᠯᠤᠨ᠎ᠠ᠂ ᠭᠡᠬᠦ ᠲᠠᠢ ᠵᠡᠷᠭᠡ ᠳᠣᠯᠣᠪᠦᠷ ᠬᠤᠷᠤᠭᠤ ᠪᠠᠨ ᠴᠠᠪᠢ ᠶᠢᠨ ᠴᠣᠷᠭᠤ ᠳᠤᠨᠢ ᠴᠢᠬᠢᠵᠦ ᠣᠷᠤᠭᠤᠯᠤᠨ᠎ᠠ᠃ ᠪᠠᠷᠠᠭᠤᠨ ᠭᠠᠷ ᠲᠠᠭᠠᠨ ᠤᠶᠤᠬᠤ ᠤᠲᠠᠰᠤ ᠲᠠᠢ ᠮᠤᠷᠤᠢ ᠵᠡᠭᠦᠦ ᠪᠠᠷᠢᠵᠦ᠂ ᠬᠡᠪᠡᠯᠢ ᠶᠢᠨ ᠬᠠᠵᠠᠭᠤ ᠳᠠᠬᠢ ᠬᠤᠤᠬ᠎ᠠ ᠶᠢᠨ ᠡᠮᠦᠨᠡᠬᠢ ᠠᠷᠠᠰᠤ᠂ ᠬᠡᠪᠡᠯᠢ ᠶᠢᠨ ᠪᠣᠯᠴᠢᠩ᠂ ᠴᠠᠪᠢ ᠶᠢᠨ ᠬᠤᠪᠢᠯ ᠤᠨ ᠬᠡᠪᠡᠯᠢ ᠶᠢᠨ ᠬᠠᠵᠠᠭᠤ ᠳᠠᠬᠢ ᠴᠣᠷᠭᠤ ᠶᠢᠨ ᠬᠠᠨ᠎ᠠ ᠶᠢ ᠨᠡᠪᠲᠡ ᠬᠠᠳᠬᠤᠵᠤ᠂ ᠵᠡᠭᠦᠨ ᠭᠠᠷ ᠤᠨ ᠳᠣᠯᠣᠪᠦᠷ ᠬᠤᠷᠤᠭᠤ ᠪᠠᠷ ᠴᠣᠷᠭᠤ ᠶᠢᠨ ᠳᠣᠲᠤᠷ᠎ᠠ ᠤᠶᠤᠬᠤ ᠵᠡᠭᠦᠦ ᠶᠢ ᠲᠡᠮᠳᠡᠷᠢᠨ ᠪᠠᠶᠢᠴᠠᠭᠠᠵᠤ ᠦᠷᠭᠦᠯᠵᠢᠯᠡᠨ ᠬᠠᠳᠬᠤᠨ᠎ᠠ᠂ ᠬᠡᠵᠢᠶ᠎ᠡ ᠴᠠᠪᠢ ᠶᠢᠨ ᠬᠤᠪᠢᠯ ᠤᠨ ᠠᠷᠤ ᠬᠠᠵᠠᠭᠤ ᠶᠢᠨ ᠴᠤᠷᠭᠤ ᠶᠢᠨ ᠬᠠᠨ᠎ᠠ ᠶᠢ ᠨᠡᠪᠲᠡᠯᠵᠦ ᠭᠠᠷᠤᠭᠰᠠᠨ ᠬᠤᠶᠢᠨ᠎ᠠ ᠬᠡᠪᠡᠯᠢ ᠶᠢᠨ ᠭᠠᠳᠠᠷ ᠬᠠᠵᠠᠭᠤ ᠤᠷᠤᠭᠤ ᠵᠡᠭᠦᠦ ᠶᠠᠪᠤᠭᠤᠯᠤᠨ᠎ᠠ᠂ ᠲᠡᠭᠡᠭᠰᠡᠨ ᠬᠤᠶᠢᠨ᠎ᠠ ᠬᠡᠪᠡᠯᠢ ᠶᠢᠨ ᠳᠣᠣᠷᠠᠲᠦ ᠵᠦᠭ ᠵᠡᠭᠦᠦ ᠶᠠᠪᠤᠭᠤᠯᠵᠤ᠂ ᠬᠡᠪᠡᠯᠢ ᠶᠢᠨ ᠪᠣᠯᠴᠢᠩ ᠪᠠ ᠠᠷᠠᠰᠤ ᠶᠢ ᠨᠡᠪᠲᠡᠯᠦᠭᠡᠳ ᠵᠡᠭᠦᠦ ᠪᠠᠨ ᠭᠠᠷᠭᠠᠨ᠎ᠠ᠃ ᠲᠡᠭᠡᠭᠰᠡᠨ ᠬᠤᠶᠢᠨ᠎ᠠ ᠵᠡᠭᠦᠦ ᠪᠠᠨ ᠤᠤᠯ ᠮᠦᠷ ᠢᠶᠠᠷ ᠨᠢ ᠪᠣᠴᠠᠭᠤᠯᠵᠤ ᠤᠭ ᠤᠨ ᠵᠡᠭᠦᠦ ᠶᠢᠨ ᠨᠦᠬᠡ ᠪᠠᠷ ᠵᠡᠭᠦᠦ ᠪᠠᠨ ᠶᠠᠪᠤᠭᠤᠯᠤᠨ ᠠᠷᠠᠰᠤ ᠶᠢ ᠨᠢ ᠨᠡᠪᠲᠡᠯᠵᠦ᠂ ᠠᠩᠬᠠᠳᠠᠭᠴᠢ ᠵᠡᠭᠦᠦ ᠶᠢᠨ ᠨᠦᠬᠡ ᠪᠠᠷ ᠵᠡᠭᠦᠦ ᠪᠠᠨ ᠭᠠᠷᠭᠠᠨ᠎ᠠ᠃ ᠲᠡᠭᠡᠭᠡᠳ ᠤᠶᠤᠭᠰᠠᠨ ᠤᠲᠠᠰᠤ ᠪᠠᠨ ᠴᠢᠩᠭ᠎ᠠ ᠲᠠᠲᠠᠨ ᠵᠠᠩᠬᠢᠳᠴᠤ ᠢᠯᠡᠭᠦᠴᠡ ᠤᠲᠠᠰᠤ ᠶᠢ ᠬᠠᠶᠢᠴᠢᠯᠠᠵᠦ ᠬᠠᠶᠠᠨ᠎ᠠ᠃ ᠴᠠᠪᠢ ᠶᠢᠨ ᠴᠤᠷᠭᠤ ᠶᠢ ᠲᠠᠮᠠᠬᠢ ᠶᠢᠨ ᠤᠭᠤᠲᠠ ᠮᠡᠲᠦ ᠪᠣᠯᠲᠠᠯ᠎ᠠ ᠤᠶᠤᠨ ᠨᠡᠶᠢᠯᠡᠭᠦᠯᠵᠦ᠂ ᠵᠡᠭᠦᠨ ᠭᠠᠷ ᠤᠨ ᠳᠣᠯᠤᠪᠤᠷ ᠬᠤᠷᠤᠭᠤ ᠪᠠᠷ ᠢᠶᠠᠨ ᠳᠠᠬᠢᠨᠲᠠ ᠪᠠᠶᠢᠴᠠᠭᠠᠯᠲᠠ ᠬᠢᠵᠦ᠂ ᠬᠤᠤᠬ᠎ᠠ ᠶᠢᠨ ᠰᠢᠷᠬ᠎ᠠ ᠶᠢ ᠤᠶᠤᠵᠦ ᠨᠠᠶᠢᠯᠡᠭᠦᠯᠦᠭᠡᠳ ᠬᠤᠤᠬ᠎ᠠ ᠶᠢᠨ ᠰᠢᠷᠬ᠎ᠠ ᠪᠠ ᠵᠡᠭᠦᠦ ᠶᠢᠨ ᠨᠦᠬᠡ ᠶᠢ ᠢᠦᠳ᠋ ᠴᠢᠩᠬᠢ ᠪᠠᠷ ᠠᠷᠢᠭᠤᠳᠬᠠᠪᠠᠯ ᠵᠠᠰᠠᠯ ᠳᠠᠷᠤᠢ ᠳᠠᠭᠤᠰᠴᠢᠬᠠᠨ᠎ᠠ᠃      ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号