ᠭᠠᠳᠠᠭᠠᠳᠤ ᠠᠴᠠ ᠣᠷᠣᠭᠤᠯᠣᠭᠰᠠᠨ ᠮᠢᠬᠠᠨ ᠦᠬᠡᠷ ᠤᠨ ᠡᠭᠦᠯᠳᠡᠷ
ᠨᠡᠶᠢᠲᠡᠯᠡᠭᠰᠡᠨ ᠴᠠᠭ᠄
2021/2/18
     ᠴᠠᠷᠤᠯᠧᠰ ᠦᠬᠡᠷ᠄ ᠴᠠᠷᠤᠯᠧᠰ ᠦᠬᠡᠷ ᠪᠣᠯ ᠹᠷᠠᠨᠼᠢ ᠶᠢᠨ ᠳᠤᠮᠳᠠᠳᠤ ᠬᠡᠰᠡᠭ ᠤᠨ ᠴᠠᠷᠤᠯᠧᠰ ᠪᠣᠯᠣᠨ ᠨᠢᠶ᠋ᠸᠧᠦ᠋ᠷ ᠤᠷᠤᠨ ᠠᠴᠠ ᠣᠭ ᠭᠠᠷᠣᠯᠲᠠ ᠲᠠᠢ᠃ ᠡᠨᠡ ᠪᠣᠯ ᠪᠡᠶ᠎ᠡ ᠪᠠᠷ ᠪᠦᠳᠦᠭᠦᠨ ᠮᠢᠬᠠᠨ ᠤ ᠦᠬᠡᠷ ᠤᠨ ᠠᠯᠳᠠᠷᠲᠤ ᠡᠭᠦᠯᠳᠡᠷ ᠤᠳ ᠤᠨ ᠨᠢᠭᠡ ᠪᠣᠯᠣᠨ᠎ᠠ᠃ ᠣᠣᠯ ᠨᠢ ᠬᠦᠯᠦᠰᠢᠨ ᠦᠬᠡᠷ ᠪᠠᠶᠢᠭᠰᠠᠨ᠂ ᠰᠡᠭᠦᠯᠡᠷ ᠨᠢ ᠭᠠᠳᠠᠭᠠᠳᠤ ᠶᠢᠨ ᠡᠭᠦᠯᠳᠡᠷ ᠢ ᠤᠷᠤᠭᠤᠯᠤᠨ ᠠᠪᠴᠢᠷᠠᠵᠤ᠂ ᠴᠡᠪᠡᠷᠵᠢᠭᠦᠯᠦᠨ ᠰᠢᠯᠢᠵᠦ ᠪᠣᠶᠢᠵᠢᠭᠤᠯᠣᠭᠰᠠᠨ ᠠᠴᠠ1920 ᠤᠨ ᠳᠤ ᠲᠤᠰᠬᠠᠢ ᠮᠢᠬᠠᠨ ᠤ ᠦᠬᠡᠷ ᠤᠨ ᠡᠭᠦᠯᠳᠡᠷ ᠪᠣᠯᠣᠭᠰᠠᠨ ᠪᠢᠯᠡ᠃ ᠡᠨᠡ ᠦᠬᠡᠷ ᠹᠷᠠᠨᠼᠢ ᠶᠢᠨ ᠤᠯᠠᠨ ᠭᠠᠵᠠᠷ ᠲᠤ ᠪᠠᠶᠢᠬᠤ ᠪᠦᠭᠡᠳ ᠳᠡᠯᠡᠬᠡᠢ ᠶᠢᠨ ᠮᠠᠰᠢ ᠤᠯᠠᠨ ᠣᠯᠣᠰ ᠲᠤ ᠵᠠᠯᠭ᠎ᠠ ᠵᠠᠯᠭ᠎ᠠ ᠪᠠᠷ ᠭᠠᠷᠭᠠᠵᠠᠢ᠃ ᠮᠠᠨ ᠤ ᠣᠯᠣᠰ 1964 ᠣᠨ ᠪᠠ 1974 ᠤᠨ ᠳᠤ ᠹᠷᠠᠨᠼᠢ ᠠᠴᠠ ᠶᠡᠭᠡ ᠪᠠᠷ ᠤᠷᠤᠭᠤᠯᠤᠨ ᠠᠪᠴᠢᠷᠠᠪᠠ᠃ ᠣᠳᠣ ᠪᠦᠬᠦ ᠣᠯᠣᠰ ᠤᠨ ᠤᠯᠠᠨ ᠭᠠᠵᠠᠷ ᠲᠤ ᠪᠦᠷ ᠪᠠᠶᠢᠨ᠎ᠠ᠂ ᠡᠨᠡ ᠦᠬᠡᠷ ᠮᠠᠨ ᠤ ᠣᠯᠣᠰ ᠤᠨ ᠤᠯᠠᠨ ᠭᠠᠵᠠᠷ ᠤᠨ ᠪᠠᠶᠢᠭᠠᠯᠢ ᠶᠢᠨ ᠠᠮᠢ ᠠᠬᠤᠢ ᠶᠢᠨ ᠨᠦᠭᠦᠴᠡᠯ ᠳᠤ ᠲᠤᠬᠢᠷᠠᠨ᠎ᠠ᠂ ᠪᠦᠳᠦᠭᠦᠯᠢᠭ ᠢᠶᠠᠷ ᠮᠠᠯᠵᠢᠬᠤ ᠳᠤ ᠲᠡᠰᠪᠦᠷᠢᠲᠡᠢ᠂ ᠦᠯᠴᠢᠷ᠂ ᠲᠡᠵᠢᠭᠡᠯ ᠪᠤᠷᠳᠤᠭᠠᠨ ᠤ ᠬᠠᠷᠠᠮᠵᠢ ᠨᠢ ᠶᠡᠭᠡ ᠵᠡᠷᠭᠡ ᠣᠨᠴᠠᠯᠢᠭ ᠲᠠᠢ᠃      ᠴᠠᠷᠤᠯᠧᠰ ᠦᠬᠡᠷ ᠤᠨ ᠦᠰᠦ ᠨᠢ ᠴᠠᠭᠠᠨ᠂ ᠦᠭᠡᠷ᠎ᠡ ᠦᠩᠭᠡ ᠶᠢᠨ ᠬᠤᠯᠢᠮᠠᠭ ᠦᠰᠦ ᠦᠭᠡᠢ᠂ ᠪᠡᠶ᠎ᠡ ᠨᠢ ᠬᠦᠳᠡᠷ᠂ ᠬᠠᠯᠠ ᠳᠠᠭᠠᠭᠠᠨ᠎ᠠ᠃ ᠶᠠᠰᠤ ᠨᠢ ᠪᠦᠳᠦᠭᠦᠨ᠂ ᠪᠡᠶ᠎ᠡ ᠨᠢ ᠪᠦᠭᠡᠷᠡᠩᠬᠡᠢ ᠲᠦᠩᠰᠡ ᠬᠡᠯᠪᠡᠷᠢ ᠲᠠᠢ᠂ ᠪᠦᠬᠦ ᠪᠡᠶ᠎ᠡ ᠶᠢᠨ ᠬᠢᠨᠢ ᠪᠤᠯᠴᠢᠩ ᠮᠢᠬ᠎ᠠ ᠨᠢ ᠬᠦᠭᠵᠢᠩᠭᠦᠢ᠃ ᠲᠤᠯᠤᠭᠠᠢ ᠶᠢᠨ ᠬᠡᠮᠵᠢᠶ᠎ᠠ ᠨᠢ ᠲᠤᠬᠢᠷᠠᠮᠵᠢᠲᠡᠢ᠂ ᠤᠬᠤᠷ ᠪᠦᠭᠡᠳ ᠦᠷᠭᠡᠨ᠂ ᠬᠦᠵᠦᠭᠦᠦ ᠨᠢ ᠪᠣᠭᠤᠨᠢ ᠮᠢᠬ᠎ᠠ ᠶᠡᠬᠡᠲᠡᠢ᠂ ᠪᠡᠶ᠎ᠡ ᠨᠢ ᠤᠷᠲᠤ᠂ ᠴᠡᠭᠡᠵᠢ ᠨᠢ ᠦᠷᠭᠡᠨ᠂ ᠨᠢᠷᠣᠭᠤ ᠰᠡᠭᠡᠷ ᠨᠢ ᠦᠷᠭᠡᠨ ᠪᠦᠭᠡᠳ ᠵᠤᠵᠠᠭᠠᠨ᠂ ᠪᠦᠭᠰᠡ ᠶᠢᠨ ᠬᠡᠰᠡᠭ ᠨᠢ ᠲᠡᠭᠰᠢ᠂ ᠦᠷᠭᠡᠨ ᠮᠦᠷᠲᠡᠭᠡᠨ ᠤᠷᠲᠤ᠂ ᠦᠭᠡᠵᠡᠭ ᠤᠨ ᠬᠡᠰᠡᠭ ᠤᠨ ᠪᠣᠯᠴᠢᠩ ᠬᠥᠯ ᠮᠢᠬ᠎ᠠ ᠨᠢ ᠵᠤᠵᠠᠭᠠᠨ ᠳᠦᠭᠦᠷᠡᠩ᠂ ᠭᠤᠶ᠎ᠠ ᠨᠢ ᠤᠷᠲᠤ ᠪᠦᠭᠡᠳ ᠦᠷᠭᠡᠨ᠂ ᠪᠤᠯᠴᠢᠩ ᠮᠢᠬ᠎ᠠ ᠨᠢ ᠬᠤᠶᠢᠰᠢ ᠭᠦᠳᠦᠶᠢᠭᠰᠡᠨ ᠶᠤᠮ᠃ ᠨᠠᠰᠤ ᠭᠦᠢᠴᠡᠭᠰᠡᠨ ᠡᠷ᠎ᠡ ᠦᠬᠡᠷ ᠨᠢ ᠠᠮᠢᠳᠤ ᠪᠠᠷ ᠢᠶᠠᠨ 900~1200kg ᠠᠴᠠ ᠳᠡᠭᠡᠭᠰᠢ ᠬᠦᠨᠳᠦ ᠪᠠᠶᠢᠳᠠᠭ᠂ ᠦᠨᠢᠶ᠎ᠡ ᠨᠢ 600~900kg ᠬᠦᠨᠳᠦ ᠪᠠᠶᠢᠳᠠᠭ᠃      ᠴᠠᠷᠣᠯᠧᠰ ᠦᠬᠡᠷ ᠤᠨ ᠲᠤᠭᠤᠯ ᠨᠢ ᠪᠦᠳᠦᠭᠦᠨ᠂ ᠡᠷ᠎ᠡ ᠲᠤᠭᠤᠯ ᠨᠢ ᠭᠠᠷᠬᠤ ᠦᠶ᠎ᠡ ᠳᠤ 46kg ᠬᠦᠨᠳᠦ᠂ ᠦᠬᠢᠨ ᠲᠤᠭᠤᠯ ᠨᠢ 42kg ᠬᠦᠨᠳᠦ ᠪᠠᠶᠢᠳᠠᠭ᠂ ᠪᠡᠶ᠎ᠡ ᠶᠢᠨ ᠬᠦᠨᠳᠦ ᠨᠢ ᠲᠦᠷᠭᠡᠨ ᠨᠡᠮᠡᠭᠳᠡᠳᠡᠭ᠂ ᠰᠦᠨ ᠠᠴᠠ ᠨᠢ ᠰᠠᠯᠭᠠᠬᠤ ᠦᠶ᠎ᠡ ᠳᠤ 270~340kg ᠬᠦᠨᠳᠦ ᠪᠤᠯᠳᠠᠭ᠂ ᠵᠢᠯ ᠤᠨ ᠤᠢ ᠪᠤᠯᠤᠭᠰᠠᠨ ᠲᠤᠭᠤᠯ ᠤᠨ ᠪᠡᠶ᠎ᠡ ᠶᠢᠨ ᠬᠦᠨᠳᠦ ᠨᠢ 500kg ᠠᠴᠠ ᠳᠡᠭᠡᠭᠰᠢ ᠪᠠᠶᠢᠵᠤ᠂ ᠬᠠᠮᠤᠭ ᠤᠨ ᠶᠡᠭᠡ ᠳᠡᠭᠡᠨ ᠡᠳᠦᠷ ᠲᠤ 1.88kg ᠨᠡᠮᠡᠭᠳᠡᠳᠡᠭ᠃ ᠨᠢᠲᠤᠯᠭᠠᠨ ᠤ ᠨᠤᠷᠮ᠎ᠠ ᠨᠢ ᠶᠡᠷᠦᠩᠬᠡᠢ ᠳᠡᠭᠡᠨ 60%~70% ᠳᠤ ᠬᠦᠷᠳᠡᠭ᠂ ᠪᠦᠬᠦ ᠪᠡᠶ᠎ᠡ ᠳᠠᠬᠢ ᠬᠠᠷ᠎ᠠ ᠮᠢᠬ᠎ᠠ  ᠨᠢ 80%~85% ᠪᠣᠯᠣᠨ᠎ᠠ᠂ 16 ᠰᠠᠷ᠎ᠠ ᠪᠤᠯᠵᠤ ᠪᠠᠶᠢᠭ᠎ᠠ ᠪᠤᠷᠳᠤᠵᠤ ᠲᠠᠷᠭᠤᠯᠠᠭᠤᠯᠤᠭᠰᠠᠨ ᠡᠮ᠎ᠡ ᠪᠢᠷᠠᠭᠤ ᠶᠢᠨ ᠪᠡᠶ᠎ᠡ ᠶᠢᠨ ᠬᠦᠨᠳᠦ ᠨᠢ 418kg ᠬᠦᠷᠴᠦ᠂ ᠨᠢᠲᠤᠯᠭᠠᠨ ᠤ ᠨᠤᠷᠮ᠎ᠠ ᠨᠢ 66.3% ᠳᠤ ᠬᠦᠷᠳᠡᠭ᠃ ᠰᠦ ᠭᠠᠷᠬᠤ ᠳᠣᠮᠳᠠᠴᠢ ᠬᠡᠮᠵᠢᠶ᠎ᠠ ᠨᠢ 1700~1800kg᠂ ᠰᠦᠨ ᠤ ᠲᠤᠰᠣᠯᠢᠭ ᠤᠨ ᠨᠤᠷᠮ᠎ᠠ ᠨᠢ 4.0%~4.7% ᠳᠤ ᠬᠦᠷᠳᠡᠭ᠃      ᠴᠠᠷᠣᠯᠧᠰ ᠦᠬᠡᠷ ᠤᠨ ᠬᠦᠷᠦᠯᠴᠡᠬᠦ ᠦᠭᠡᠢ ᠲᠠᠯ᠎ᠠ ᠭᠡᠪᠡᠯ ᠦᠷᠡᠵᠢᠯᠲᠡ ᠶᠢᠨ ᠨᠤᠷᠮ᠎ᠠ ᠨᠢ ᠪᠠᠭ᠎ᠠ᠂ ᠲᠤᠭᠤᠯᠯᠠᠬᠤ ᠳᠠᠭᠠᠨ ᠪᠡᠷᠬᠡᠲᠦᠬᠦ ᠨᠤᠷᠮ᠎ᠠ ᠨᠢ ᠨᠡᠯᠢᠶᠡᠳ ᠶᠡᠭᠡ᠂ ᠪᠠᠷᠤᠭ 13.7% ᠤᠷᠴᠢᠮ ᠳᠤ ᠬᠦᠷᠳᠡᠭ᠂ ᠳᠣᠮᠳᠠ ᠵᠡᠷᠭᠡ ᠪᠣᠶᠣ ᠪᠠᠭ᠎ᠠ ᠪᠡᠶ᠎ᠡ ᠲᠠᠢ ᠦᠬᠡᠷ ᠯᠦᠭᠡ ᠡᠷᠯᠢᠰᠡᠵᠢᠭᠦᠯᠬᠦ ᠳᠤ ᠲᠤᠭᠤᠯᠯᠠᠬᠤ ᠳᠠᠭᠠᠨ ᠪᠡᠷᠬᠡᠲᠦᠬᠦ ᠨᠢ ᠨᠡᠩ ᠳᠤᠪᠤᠶᠢᠮ᠎ᠠ ᠪᠣᠯᠳᠠᠭ᠃      ᠮᠠᠨ ᠤ ᠣᠯᠣᠰ ᠴᠠᠷᠣᠯᠧᠰ ᠦᠬᠡᠷ ᠢ ᠤᠷᠤᠭᠤᠯᠤᠭᠰᠠᠨ ᠠᠴᠠ ᠨᠠᠰᠢ ᠦᠪᠦᠷ ᠮᠣᠩᠭᠤᠯ᠂ ᠰᠢᠨᠵᠢᠶᠠᠩ ᠪᠣᠯᠣᠨ ᠱᠠᠨᠰᠢ ᠵᠡᠷᠭᠡ ᠮᠣᠵᠢ ᠤᠷᠤᠨ ᠳᠤ ᠲᠡᠭᠦᠨ ᠢᠶᠠᠷ ᠲᠤᠰ ᠭᠠᠵᠠᠷ ᠤᠨ ᠰᠢᠷ᠎ᠠ ᠦᠬᠡᠷ ᠢ ᠡᠷᠯᠢᠰᠡᠵᠢᠭᠦᠯᠦᠨ ᠡᠭᠦᠯᠳᠡᠷ ᠰᠠᠶᠢᠵᠢᠷᠠᠭᠤᠯᠬᠤ ᠠᠵᠢᠯ ᠢ ᠤᠷᠨᠢᠭᠦᠯᠦᠭᠡᠳ ᠨᠡᠯᠢᠶᠡᠳ ᠰᠠᠶᠢᠨ ᠦᠷ᠎ᠡ ᠦᠷ᠎ᠡ ᠪᠦᠲᠦᠭᠡᠯ ᠣᠯᠵᠠᠢ᠃ ᠡᠩ ᠤᠨ ᠲᠤᠰᠬᠠᠯ ᠠᠴᠠ ᠦᠵᠡᠪᠡᠯ᠂ ᠴᠠᠷᠣᠯᠧᠰ ᠢᠶᠠᠷ ᠡᠷᠯᠢᠰᠡᠵᠢᠭᠦᠯᠦᠭᠰᠡᠨ ᠲᠤᠭᠤᠯ ᠤᠨ ᠦᠰᠦᠯᠲᠡ ᠨᠢ ᠲᠦᠷᠭᠡᠨ᠂ ᠪᠡᠶ᠎ᠡ ᠨᠢ ᠪᠦᠳᠦᠭᠦᠨ᠂ ᠪᠣᠶᠢᠵᠢᠯᠲᠠ ᠨᠢ ᠵᠢᠭᠲᠡᠬᠡᠨ᠂ ᠡᠳᠦᠷ ᠲᠤ ᠨᠡᠮᠡᠭᠳᠡᠬᠦ ᠬᠦᠨᠳᠦ ᠶᠢᠨ ᠬᠡᠮᠵᠢᠶ᠎ᠡ ᠨᠢ ᠶᠡᠭᠡ ᠪᠣᠯᠬᠤᠷ ᠬᠦᠮᠦᠰ ᠤᠨ ᠬᠦᠷᠢᠶᠡᠯᠡᠯ ᠢ ᠶᠡᠬᠡᠳᠡ ᠣᠯᠣᠭᠰᠠᠨ ᠪᠠᠶᠢᠨ᠎ᠠ᠃      ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号