ᠢᠳᠡᠰᠢᠨ ᠨᠤᠭᠤᠭᠠᠨ ᠤ ᠬᠦᠷᠦᠰᠦᠨ ᠳᠠᠬᠢ ᠬᠦᠨᠦᠭᠡᠯᠲᠦ ᠰᠢᠪᠡᠵᠢ ᠶᠢ ᠬᠡᠷᠬᠢᠨ ᠬᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ ᠪᠤᠢ
ᠨᠡᠶᠢᠲᠡᠯᠡᠭᠰᠡᠨ ᠴᠠᠭ᠄
2021/2/23
     1.ᠬᠦᠷᠦᠰᠦ ᠶᠢ ᠲᠤᠭᠤᠯᠤᠭᠤᠯᠬᠤ᠄ ᠢᠳᠡᠰᠢᠨ ᠨᠤᠭᠤᠭ᠎ᠠ ᠪᠠᠨ ᠲᠠᠷᠢᠬᠤ ᠠᠴᠠ ᠡᠮᠦᠨ᠎ᠡ᠂ 667m2  ᠪᠦᠷᠢ ᠳᠤ 50% ᠶᠢᠨ ᠣᠺᠠᠲ᠋ᠠ ᠬᠦᠬᠦᠷᠲᠦ ᠹᠤᠰᠹᠤᠷ ᠤᠨ ᠴᠢᠢᠳᠡᠮᠯᠢᠭ ᠰᠢᠩᠭᠡᠨ ︵辛硫磷乳油︶  ᠢ 100~200g ᠪᠤᠶᠤ 80% ᠶᠢᠨ ᠳ᠋ᠢ ᠳ᠋ᠢ ᠸᠧᠢ ᠶᠢᠨ ᠴᠢᠢᠳᠡᠮᠯᠢᠭ ᠰᠢᠩᠭᠡᠨ ︵敌敌畏乳油︶ 100g ᠢ ᠦᠨᠡᠰᠦ ᠲᠠᠢ ᠬᠤᠯᠢᠭᠠᠳ 15~20kg ᠤᠨ ᠮᠦᠬᠦᠯᠢᠭᠲᠦ ᠡᠳ᠋ ᠨᠠᠶᠢᠷᠠᠭᠤᠯᠵᠤ᠂ ᠬᠦᠷᠦᠰᠦᠨ ᠤ ᠭᠠᠳᠠᠷᠭᠤ ᠳᠤ ᠰᠠᠴᠤᠬᠤ ᠶᠢᠨ ᠬᠠᠮᠲᠤ ᠭᠦᠨ ᠬᠠᠭᠠᠯᠪᠤᠷᠢᠯᠠᠵᠤ ᠨᠠᠷᠠᠭᠳᠠᠨ᠎ᠠ᠃      2.ᠡᠮᠲᠦ ᠪᠤᠳᠠᠰ ᠢᠶᠠᠷ ᠦᠷ᠎ᠡ ᠵᠠᠮᠣᠷᠬᠤ᠄ ᠦᠷ᠎ᠡ ᠶᠢᠨ ᠴᠤᠬᠤᠷ ᠢᠯᠠᠭ᠎ᠠ ᠶᠢᠨ ᠬᠦᠨᠦᠭᠡᠯ ᠬᠦᠨᠳᠦ ᠰᠦᠷᠡᠬᠡᠢ ᠭᠠᠵᠠᠷ 40% ᠤᠨ ᠡᠯ ᠴᠢᠨ ᠨᠦᠩ ᠤᠨ ᠴᠢᠢᠳᠡᠮᠯᠢᠭ ᠰᠢᠩᠭᠡᠨ ︵二嗪农乳油︶  ᠢ ᠦᠷ᠎ᠡ ᠶᠢᠨ 0.4%~0.5% ᠶᠢᠨ ᠬᠡᠮᠵᠢᠶ᠎ᠡ ᠪᠠᠷ ᠦᠷ᠎ᠡ ᠪᠠᠨ ᠵᠠᠮᠤᠷᠪᠠᠯ ᠰᠡᠷᠭᠡᠶᠢᠯᠡᠬᠦ ᠳᠤ ᠲᠦᠢᠯ ᠤᠨ ᠠᠰᠢᠭᠲᠠᠢ ᠶᠤᠮ᠃      3.ᠬᠤᠤᠷᠲᠤ ᠦᠭᠶᠦᠭᠡ ᠪᠠᠷ ᠦᠳᠡᠭᠡᠨ ᠠᠯᠠᠬᠤ᠄ ᠯᠠᠭᠤ ︵蝼蛄︶ ᠭᠤᠤᠯ ᠬᠦᠨᠦᠭᠡᠯᠲᠦ ᠰᠢᠪᠡᠵᠢ ᠪᠣᠯᠣᠭᠰᠠᠨ ᠬᠡᠰᠡᠭ ᠲᠤ ᠬᠤᠤᠷᠲᠤ ᠦᠭᠶᠦᠭᠡ ᠪᠠᠷ ᠦᠳᠦᠭᠡᠨ ᠠᠯᠠᠵᠤ ᠪᠤᠯᠤᠨ᠎ᠠ᠃      4.ᠮᠠᠨᠠᠨᠲᠤᠭᠤᠯᠤᠨ ᠰᠦᠷᠴᠢᠬᠦ᠂ ᠨᠤᠨᠳᠠᠭ ᠰᠦᠷᠴᠢᠬᠦ᠄ ᠦᠷ᠎ᠡ ᠶᠢᠨ ᠴᠤᠬᠤᠷ ᠢᠯᠠᠭ᠎ᠠ ᠪᠦᠲᠦᠭᠡᠳ ᠵᠢᠭᠦᠷᠯᠡᠬᠦ ᠬᠤᠭᠤᠴᠠᠭᠠᠨ ᠳᠤ ᠰᠣᠩᠭᠢᠨ᠎ᠠ᠂ ᠰᠠᠷᠢᠮᠰᠤᠭ ᠵᠡᠷᠭᠡ ᠶᠢᠨ ᠢᠳᠡᠰᠢᠨ ᠨᠤᠭᠤᠭ᠎ᠠ ᠪᠠ ᠲᠠᠷᠢᠶᠠᠨ ᠳᠠᠬᠢ ᠪᠠᠭᠠᠰᠤᠨ ᠪᠤᠷᠳᠤᠭᠤᠷ ᠳᠡᠭᠡᠷ᠎ᠡ ᠤᠷᠭᠠᠨᠢᠭ ᠹᠣᠰᠹᠣᠷ ︵有机磷︶᠂ ᠣᠳᠪᠠᠯᠠ ᠶᠢᠨ ᠡᠰᠲ᠋ᠧᠷ ᠤᠨ ᠲᠦᠷᠦᠯ ︵菊酯类︶ ᠤᠨ ᠲᠠᠷᠢᠶᠠᠨ ᠡᠮ ᠢ ᠰᠦᠷᠴᠢᠪᠡᠯ ᠦᠨᠳᠡᠭᠡ ᠪᠠ ᠠᠪᠠᠭᠠᠯᠳᠠᠢ ᠶᠢᠨ ᠲᠤᠭ᠎ᠠ ᠶᠢ ᠪᠠᠭᠠᠰᠬᠠᠵᠤ ᠴᠢᠳᠠᠨ᠎ᠠ᠃      5.ᠤᠰᠤᠯᠠᠬᠤ᠄ ᠰᠠᠷᠢᠮᠰᠤᠭ ᠤᠨ ᠦᠨᠳᠦᠰᠦᠨ ᠤ ᠦᠳᠦ᠂ ᠭᠤᠭᠤᠳ ᠤᠨ ᠦᠳᠦ ᠰᠦᠷᠡᠬᠡᠢ ᠬᠡᠰᠡᠭ ᠲᠤ ᠠᠪᠠᠭᠠᠯᠳᠠᠢ ᠶᠢᠨ ᠡᠭᠦᠰᠬᠦ ᠤᠷᠭᠢᠯ ᠤᠨ ᠦᠶᠡᠰ 50% ᠶᠢᠨ ᠤᠺᠠᠲ᠋ᠠ ᠬᠦᠬᠦᠷᠲᠦ ᠹᠣᠰᠹᠣᠷ ᠶᠢᠨ ᠴᠢᠢᠳᠡᠮᠯᠢᠭ ᠰᠢᠩᠭᠡᠨ ᠤ 500 ᠳᠠᠬᠢᠨ ᠠᠭᠤᠰᠤᠮᠠᠯ ᠪᠣᠶᠣ 48% ᠶᠢᠨ ᠬᠤᠪᠢᠯᠵᠠᠨ ᠢ ᠬᠤᠤᠷᠳᠠᠭᠤᠯᠬᠤ ᠴᠢᠢᠳᠡᠮᠯᠢᠭ ᠰᠢᠩᠭᠡᠨ ︵毒死蜱乳油︶  ᠤ 1000 ᠳᠠᠬᠢᠨ ᠤ ᠠᠭᠤᠰᠤᠮᠠᠯ᠂ ᠡᠰᠡᠭᠦᠯ᠎ᠡ 90% ᠶᠢᠨ ᠳ᠋ᠢ ᠪᠠᠢ ᠴᠦᠩ ᠲᠠᠯᠠᠰᠲᠤ ︵敌百虫晶体︶ ᠶᠢᠨ 300~500 ᠳᠠᠬᠢᠨ ᠤ ᠠᠭᠤᠰᠤᠮᠠᠯ᠂ ᠡᠰᠡᠭᠦᠯ᠎ᠡ 50% ᠶᠢᠨ ᠷᠤᠭᠤᠷ ᠤᠨ ᠴᠢᠢᠳᠡᠮᠯᠢᠭ ᠰᠢᠩᠭᠡᠨ ︵乐果乳油︶ ᠤ 1000 ᠳᠠᠬᠢᠨ ᠤ ᠠᠭᠤᠰᠤᠮᠠᠯ ᠢᠶᠠᠷ ᠣᠰᠣᠯᠠᠨ᠎ᠠ᠃ ᠭᠤᠭᠤᠳ ᠢ ᠵᠠᠶᠢᠯᠠᠬᠤ ᠦᠶᠡᠰ 50% ᠶᠢᠨ ᠣᠺᠲ᠋ᠠ ᠬᠦᠬᠦᠷᠲᠦ ᠹᠣᠰᠹᠣᠷ ᠤᠨ  ᠴᠢᠢᠳᠡᠮᠯᠢᠭ ᠰᠢᠩᠭᠡᠨ ᠤ 1000 ᠳᠠᠬᠢᠨ ᠤ ᠠᠭᠤᠰᠤᠮᠠᠯ ᠢᠶᠠᠷ ᠦᠨᠳᠦᠰᠦ ᠶᠢ ᠨᠢ ᠳᠡᠪᠲᠦᠭᠡᠵᠦ ᠪᠣᠯᠣᠨ᠎ᠠ᠃      ︵ᠢᠷᠡᠯᠲᠡ᠄ ᠭᠡᠭᠡᠨᠬᠠᠰ ᠤᠨ ᠨᠠᠶᠢᠷᠠᠭᠤᠯᠤᠭᠰᠠᠨ ︽ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号