ᠨᠤᠳᠤᠭ ᠪᠠᠯᠴᠢᠭᠡᠷ ᠢ ᠲᠠᠴᠢᠷᠳᠠᠭᠤᠯᠵᠤ ᠪᠠᠶᠢᠬᠤ ᠶᠢᠨ ᠭᠤᠤᠯ ᠰᠢᠯᠳᠠᠭᠠᠨ ᠭᠡᠪᠡᠯ ᠭᠤᠤᠯ ᠨᠢ ᠪᠠᠶᠢᠭᠠᠯᠢ ᠶᠢᠨ | ᠡᠯᠧᠮᠧᠨ᠋ᠲ ᠪᠠ ᠭᠦᠮᠦᠨ ᠤ ᠤᠷᠰᠢᠭ ᠪᠤᠯᠤᠨ᠎ᠠ᠃ | ︵1︶ ᠪᠠᠶᠢᠭᠠᠯᠢ ᠶᠢᠨ ᠡᠯᠧᠮᠧᠨ᠋ᠲ ᠭᠡᠳᠡᠭ ᠪᠤᠯ ᠭᠤᠤᠯ ᠨᠢ ᠰᠠᠯᠭᠢ᠂ ᠤᠰᠤᠨ ᠤ ᠢᠳᠡᠭᠳᠡᠯ᠂ ᠠᠭᠤᠷ | ᠠᠮᠢᠰᠬᠤᠯ ᠤᠨ ᠭᠠᠩ ᠬᠠᠭᠤᠷᠠᠢ᠂ ᠨᠤᠳᠤᠭ ᠪᠡᠯᠴᠢᠭᠡᠷ ᠤᠨ ᠬᠤᠯᠤᠭᠠᠨ᠎ᠠ ᠶᠢᠨ ᠭᠦᠨᠦᠭᠡᠯ ᠵᠢᠴᠢ ᠪᠤᠰᠤᠳ ᠹᠢᠽᠢᠺ | ᠭᠢᠮᠢ ᠶᠢᠨ ᠦᠢᠯᠡᠳᠦᠯ ᠵᠡᠷᠭᠡ ᠶᠢ ᠵᠢᠭᠠᠵᠤ ᠪᠠᠶᠢᠨ᠎ᠠ᠃ | ︵2︶ ᠭᠦᠮᠦᠨ ᠤ ᠤᠷᠰᠢᠭ ᠤᠨ ᠡᠯᠧᠮᠧᠨ᠋ᠲ ᠭᠡᠳᠡᠭ ᠪᠤᠯ ᠭᠦᠮᠦᠰ ᠤᠨ ᠵᠦᠢ ᠵᠤᠭᠢᠰ ᠦᠭᠡᠢ ᠠᠵᠢᠯᠯᠠᠭ᠎ᠠ ᠶᠢ | ᠵᠢᠭᠠᠵᠤ ᠪᠠᠶᠢᠨ᠎ᠠ᠃ ᠡᠨᠡ ᠨᠢ ᠲᠤᠯᠤᠭᠠᠨ ᠲᠠᠯ᠎ᠠ ᠪᠠᠷ ᠢᠯᠡᠷᠡᠵᠤ ᠪᠠᠶᠢᠨ᠎ᠠ᠃ | ᠨᠢᠭᠡ ᠳᠤ᠂ ᠭᠡᠳᠦᠷᠭᠡᠢ ᠠᠳᠠᠷ ᠬᠠᠭᠠᠯᠪᠤᠷᠢᠯᠠᠵᠤ ᠪᠠᠶᠢᠨ᠎ᠠ᠃ ᠲᠡᠤᠭᠡᠨ ᠲᠡᠭᠡᠷ᠎ᠡ ᠬᠠᠭᠠᠯᠪᠤᠷᠢᠯᠬᠠᠰᠠᠨ ᠭᠠᠵᠠᠷ | ᠰᠢᠷᠤᠢ ᠶᠢᠨ ᠶᠡᠭᠡᠨᠭᠭᠢ ᠨᠢ ᠤᠰᠤᠯᠠᠯᠳᠠ ᠶᠢᠨ ᠨᠦᠭᠦᠴᠡᠯ ᠦᠭᠡᠢ᠂ ᠦᠨᠳᠤᠰᠤᠨ ᠳᠡᠭᠡᠨ ᠬᠤᠷ᠎ᠡ ᠪᠤᠷᠤᠭᠠᠨ ᠳᠤ | ᠲᠦᠰᠢᠭᠯᠡᠵᠤ ᠪᠠᠶᠢᠠᠠᠰᠠᠨ᠃ ᠭᠡᠳᠡᠯ᠎ᠠ ᠲᠠᠷᠢᠶᠠᠯᠠᠩ ᠤᠨ ᠦᠢᠯᠡᠳᠪᠤᠷᠢᠯᠡᠯ ᠢ ᠬᠠᠮᠤᠭ ᠤᠨ ᠶᠡᠭᠡ ᠭᠢᠵᠠᠭᠠᠷᠯᠠᠳᠠᠭ | ᠡᠯᠧᠮᠧᠨ᠋ᠲ ᠨᠢ ᠶᠠᠭ ᠬᠤᠷ᠎ᠠ ᠪᠤᠷᠤᠭᠠᠨ ᠪᠠᠭ᠎ᠠ᠂ ᠠᠭᠤᠷᠰᠢᠯᠳᠠ ᠨᠢ ᠶᠡᠭᠡ ᠠᠴᠠ ᠪᠤᠯᠤᠠᠠᠰᠠᠨ ᠭᠦᠨᠳᠤ ᠨᠤᠴᠢᠳᠡᠢ | ᠭᠠᠨᠭ᠍ᠳᠠᠯ ᠪᠤᠯᠤᠨ᠎ᠠ᠃ ᠡᠨᠡ ᠬᠦ ᠲᠤᠪᠤᠶᠢᠮ᠎ᠠ ᠵᠦᠷᠢᠴᠡᠯ ᠨᠢ ᠲᠠᠷᠤᠢ ᠭᠡᠮᠵᠢᠶ᠎ᠠ ᠭᠢᠵᠠᠭᠠᠷ ᠦᠭᠡᠢ ᠠᠳᠠᠷ | ᠬᠠᠭᠠᠯᠪᠤᠷᠢᠯᠬᠠᠰᠠᠨ ᠠᠴᠠ ᠪᠤᠯᠤᠭᠠᠳ ᠶᠡᠭᠡ ᠭᠡᠮᠵᠢᠶᠠᠨ ᠤ ᠭᠠᠵᠠᠷ ᠨᠤᠳᠤᠭ ᠢ ᠲᠠᠴᠢᠷᠳᠠᠭᠤᠯᠤᠠᠠᠰᠠᠨ ᠤ ᠦᠨᠳᠤᠰᠤᠨ | ᠰᠢᠯᠳᠠᠭᠠᠨ ᠪᠤᠯᠤᠨ᠎ᠠ᠃ ᠬᠠᠮᠢᠶ᠎ᠠ ᠪᠦᠭᠦᠢ ᠮᠠᠲ᠋ᠧᠷᠢᠶᠠᠯ ᠳᠤ ᠢᠯᠡᠳᠭᠡᠭᠰᠡᠨ ᠢ ᠦᠨᠳᠦᠰᠦᠯᠡᠪᠡᠯ 1994~1999 | ᠤᠨ ᠪᠤᠯᠳᠠᠯᠠᠭᠢ ᠲᠠᠪᠤᠨ ᠵᠢᠯ ᠳᠤ ᠮᠠᠨ ᠤ ᠤᠯᠤᠰ ᠲᠤᠠᠠᠳᠠᠪᠤᠷᠢᠵᠢᠭᠤᠯᠤᠠᠠᠰᠠᠨ ᠡᠯᠡᠰᠤ ᠵᠢᠴᠢ ᠨᠤᠳᠤᠭ ᠪᠡᠯᠴᠢᠭᠡᠷ ᠢ | | 1.7 ᠲᠦᠮᠡᠨ km2 ᠬᠠᠭᠠᠯᠪᠤᠷᠢᠯᠠᠵᠤ᠂ ᠵᠢᠯ ᠳᠤ ᠲᠤᠮᠳᠠᠴᠢ ᠪᠠᠷ 3400km2 ᠬᠠᠭᠠᠯᠪᠤᠷᠢᠯᠠᠵᠤ᠂ ᠡᠭᠦᠨ ᠳᠤ | ᠨᠡᠭᠦᠳᠡᠯ ᠡᠯᠡᠰᠤ ᠪᠠ ᠬᠠᠭᠠᠰ ᠲᠤᠠᠠᠳᠠᠪᠤᠷᠢᠵᠢᠠᠠᠰᠠᠨ ᠡᠯᠡᠰᠤ ᠪᠤᠯᠤᠠᠠᠰᠠᠨ ᠲᠠᠯᠠᠪᠠᠢ ᠨᠢ ᠬᠠᠭᠠᠰ ᠰᠢᠬᠠᠮ ᠢ ᠨᠢ | ᠡᠵᠡᠯᠡᠭᠡᠳ᠂ ᠭᠡᠮᠵᠢᠶ᠎ᠠ ᠭᠢᠵᠠᠭᠠᠷ ᠦᠭᠡᠢ ᠠᠳᠠᠷ ᠬᠠᠭᠠᠯᠪᠤᠷᠢᠯᠬᠠᠰᠠᠨ ᠶᠠᠪᠤᠳᠠᠯ ᠨᠢ ᠨᠤᠳᠤᠭ ᠪᠡᠯᠴᠢᠭᠡᠷ ᠤᠨ ᠠᠮᠢ | ᠠᠬᠤᠢ ᠶᠢᠨ ᠰᠢᠰᠲ᠋ᠧᠮ ᠳᠤ ᠤᠷᠢᠳᠤ ᠡᠮᠦᠨ᠎ᠠ ᠭᠠᠷᠤᠭᠠᠳᠤᠢ ᠶᠡᠭᠡ ᠭᠡᠮᠵᠢᠶᠠᠨ ᠤ ᠡᠪᠳᠡᠯᠡᠭᠡ ᠤᠴᠠᠷᠠᠭᠤᠯᠤᠠᠠᠰᠠᠨ | ᠪᠠᠶᠢᠨ᠎ᠠ᠃ ᠠᠳᠠᠷ ᠬᠠᠭᠠᠯᠪᠤᠷᠢᠯᠬᠠᠰᠠᠨ ᠨᠢ ᠶᠡᠭᠡ ᠭᠡᠮᠵᠢᠶᠠᠨ ᠤ ᠡᠪᠡᠰᠤ ᠪᠡᠯᠴᠢᠭᠡᠷ ᠢ ᠰᠦᠢᠳᠭᠡᠵᠤ᠂ ᠪᠠᠶᠢᠭᠠᠯᠢ ᠶᠢᠨ | ᠤᠷᠭᠤᠮᠠᠯ ᠤᠨ ᠪᠦᠷᠭᠦᠴᠡ ᠶᠢ ᠡᠪᠳᠡᠵᠤ᠂ ᠲᠡᠭᠦᠨ ᠤ ᠰᠢᠭᠤᠳ ᠦᠷ᠎ᠡ ᠳ᠋ᠦᠩ ᠨᠢ ᠭᠠᠵᠠᠷ ᠤᠨ ᠭᠠᠳᠠᠷᠭᠤ ᠶᠢᠨ | ᠲᠤᠠᠠᠳᠠᠭᠤᠨ ᠴᠢᠨᠠᠷ ᠢ ᠪᠠᠭᠤᠷᠠᠭᠤᠯᠵᠤ᠂ ᠭᠦᠷᠦᠰᠤ ᠰᠢᠷᠤᠢ ᠶᠢᠨ ᠤᠰᠤ ᠰᠢᠮᠡᠳᠭᠡᠭᠦ ᠴᠢᠳᠠᠪᠤᠷᠢ ᠶᠢ ᠨᠢ ᠠᠯᠳᠠᠭᠤᠯᠵᠤ᠂ | ᠠᠭᠤᠷᠰᠢᠯᠳᠡ ᠶᠢ ᠨᠢ ᠲᠦᠷᠭᠡᠳᠭᠡᠭᠰᠡᠨ ᠢᠶᠠᠷ ᠭᠠᠩ ᠬᠠᠭᠰᠠᠷᠠᠭᠠᠨ ᠢ ᠤᠯᠠᠮ ᠰᠢᠷᠦᠭᠦᠰᠭᠡᠭᠰᠡᠨ ᠢᠶᠠᠷ ᠪᠠᠷᠠᠬᠤ ᠦᠭᠡᠢ | ᠪᠠᠰᠠ ᠰᠠᠯᠭᠢᠨ ᠤ ᠢᠳᠡᠭᠳᠡᠯ᠂ ᠤᠰᠤᠨ ᠤ ᠢᠳᠡᠭᠳᠡᠯ ᠪᠡ ᠬᠤᠵᠢᠷᠰᠢᠯ ᠵᠡᠷᠭᠡ ᠭᠦᠷᠤᠰᠤ ᠰᠢᠷᠤᠢ ᠶᠢᠨ ᠮᠠᠭᠤᠵᠢᠷᠠᠯ ᠤᠨ | ᠶᠠᠪᠤᠴᠠ ᠶᠢ ᠤᠯᠠᠮ ᠲᠦᠷᠭᠡᠳᠭᠡᠵᠡᠢ᠃ ᠡᠭᠦᠨ ᠠᠴᠠ ᠭᠠᠳᠠᠨ᠎ᠠ ᠬᠠᠭᠠᠯᠪᠤᠷᠢᠯᠬᠠᠰᠠᠨ ᠭᠠᠵᠠᠷ ᠲᠠᠭᠠᠨ ᠪᠦᠳᠦᠮᠵᠢᠳᠡᠢ | ᠤᠷᠤᠭᠤᠯᠤᠯᠳᠠ ᠭᠢᠭᠰᠡᠨ ᠢᠶᠠᠷ ᠲᠤᠳᠠᠮᠠᠭ ᠪᠠ ᠰᠢᠨᠵᠢᠯᠡᠭᠦ ᠤᠬᠠᠭᠠᠠᠴᠢ ᠪᠠᠷ ᠬᠠᠮᠢᠶᠠᠷᠤᠠᠠᠰᠠᠨ ᠦᠭᠡᠢ᠂ ᠲᠠᠷᠢᠶᠠᠨ | ᠭᠠᠵᠠᠷ ᠤᠨ ᠦᠨᠳᠤᠰᠤᠨ ᠪᠦᠳᠦᠭᠡᠨ ᠪᠠᠶᠢᠭᠤᠯᠤᠯᠳᠠ ᠭᠢᠭᠰᠡᠨ ᠦᠭᠡᠢ ᠮᠦᠷᠳᠡᠭᠡᠨ ᠪᠠᠰᠠ ᠪᠤᠰᠤᠳ ᠲᠠᠯ᠎ᠠ ᠶᠢᠨ | ᠤᠷᠤᠭᠤᠯᠤᠯᠳᠠ ᠪᠠ ᠪᠤᠷᠳᠤᠭᠤᠷ ᠤᠷᠤᠭᠤᠯᠤᠨ ᠬᠠᠮᠠᠭᠠᠯᠬᠠᠰᠠᠨ ᠦᠭᠡᠢ ᠪᠠᠶᠢᠳᠠᠭ᠃ ᠰᠢᠨ᠎ᠠ ᠪᠠᠷ ᠬᠠᠭᠠᠯᠪᠤᠷᠢᠯᠬᠠᠰᠠᠨ | ᠲᠠᠷᠢᠶᠠᠨ ᠳᠠᠭᠠᠨ ᠬᠤᠶᠠᠷ ᠭᠤᠷᠪᠡᠨ ᠵᠢᠯ ᠯᠡ ᠲᠠᠷᠢᠶ᠎ᠠ ᠲᠠᠷᠢᠭᠠᠳ᠂ ᠲᠠᠭᠢᠵᠤ ᠲᠠᠷᠢᠬᠤ ᠪᠠᠨ ᠪᠤᠯᠢᠵᠤ ᠤᠷᠭᠢᠭᠠᠳ᠂ | ᠡᠷᠭᠢᠭᠡᠳ ᠰᠢᠨ᠎ᠠ ᠭᠠᠵᠠᠷ ᠬᠠᠭᠠᠯᠪᠤᠷᠢᠯᠠᠳᠠᠭ᠃ ᠡᠭᠦᠨ ᠠᠴᠠ ᠪᠤᠯᠤᠭᠠᠳ ᠤᠷᠭᠢᠵᠤ ᠬᠠᠶ᠋ᠬᠠᠰᠠᠨ ᠭᠠᠵᠠᠷ ᠨᠢ ᠮᠠᠰᠢ | ᠲᠦᠷᠭᠡᠨ ᠢᠶᠠᠷ ᠡᠯᠡᠰᠤᠨ ᠲᠠᠯᠠᠢ ᠪᠤᠯᠴᠢᠬᠠᠳᠠᠭ ᠪᠠᠶᠢᠨ᠎ᠠ᠃ ᠡᠨᠡ ᠮᠡᠳᠤ ᠲᠠᠭᠢᠨ ᠲᠠᠪᠳ᠋ᠬᠠᠰᠠᠭᠠᠷ ᠪᠠᠶᠢᠭᠠᠳ ᠠᠳᠠᠷ | ᠬᠠᠭᠠᠯᠪᠤᠷᠢᠯᠠᠬᠤ— ᠡᠯᠡᠰᠦᠷᠭᠡᠭᠵᠢᠭᠦ— ᠬᠠᠶᠠᠵᠤ ᠤᠷᠭᠢᠬᠤ— ᠡᠷᠭᠢᠭᠡᠳ ᠬᠠᠭᠠᠯᠪᠤᠷᠢᠯᠠᠬᠤ ᠮᠠᠭᠤ ᠤᠷᠴᠢᠯ ᠲᠠᠢ | ᠪᠤᠯᠤᠠᠠᠰᠠᠨ ᠪᠠᠶᠢᠨ᠎ᠠ᠃ | ᠬᠤᠶᠠᠷ ᠲᠤ᠂ ᠪᠡᠯᠴᠢᠭᠡᠷ ᠤᠨ ᠲᠠᠭᠠᠭᠠᠴᠠ ᠠᠴᠠ ᠭᠡᠳᠦᠷᠡᠳᠡᠯ᠎ᠡ ᠮᠠᠯ ᠮᠠᠯᠵᠢᠵᠤ ᠪᠠᠶᠢᠨ᠎ᠠ᠃ ᠡᠨᠡ ᠪᠤᠯ ᠨᠤᠳᠤᠭ | ᠪᠡᠯᠴᠢᠭᠡᠷ ᠤᠨ ᠡᠯᠡᠰᠦᠷᠭᠡᠭᠵᠢᠭᠦ᠂ ᠮᠠᠭᠤᠵᠢᠷᠠᠬᠤ ᠶᠢᠨ ᠪᠠᠰᠠ ᠨᠢᠭᠡᠨ ᠭᠤᠤᠯ ᠰᠢᠯᠳᠠᠭᠠᠨ ᠪᠤᠯᠤᠨ᠎ᠠ᠃ ᠨᠤᠳᠤᠭ | ᠪᠡᠯᠴᠢᠭᠡᠷ ᠤᠨ ᠮᠠᠯ ᠰᠦᠷᠦᠭ ᠪᠠᠭᠳᠠᠭᠠᠬᠤ ᠴᠢᠳᠠᠯ ᠨᠢ ᠵᠤᠭᠢᠬᠤ ᠭᠢᠵᠠᠭᠠᠷ ᠲᠠᠢ ᠶᠤᠮ᠃ ᠡᠨᠡ ᠬᠦ ᠭᠢᠵᠠᠭᠠᠷᠯᠠᠯ ᠠᠴᠠ | ᠲᠠᠪᠠᠭᠰᠠᠭᠠᠷ ᠲᠠᠷᠤᠢ ᠨᠤᠳᠤᠭ ᠪᠡᠯᠴᠢᠭᠡᠷ ᠭᠦᠨᠳᠤ ᠨᠤᠴᠢᠳᠠᠢ ᠡᠪᠳᠡᠭᠳᠡᠭᠦ ᠪᠤᠯᠤᠨ᠎ᠠ᠃ ᠮᠠᠨ ᠤ ᠤᠯᠤᠰ ᠤᠨ ᠮᠠᠰᠢ | ᠤᠯᠠᠨ ᠮᠠᠯᠵᠢᠬᠤ ᠤᠷᠤᠨ ᠪᠡ ᠬᠠᠭᠠᠰ ᠮᠠᠯᠵᠢᠬᠤ ᠤᠷᠤᠨ ᠦᠡᠭᠭᠡᠷᠡᠭᠰᠡᠨ ᠳᠤ ᠨᠡᠯᠢᠶᠡᠳ ᠤᠷᠳᠤ ᠬᠤᠭᠤᠴᠠᠭᠠᠨ ᠳᠤ | ᠮᠠᠯ ᠰᠦᠷᠦᠭ ᠤᠨ ᠴᠡᠪᠡᠷ ᠦᠰᠦᠯᠳᠡ ᠪᠡ ᠲᠤᠭ᠎ᠠ ᠪᠠᠷ ᠮᠠᠯ ᠠᠵᠤ ᠠᠬᠤᠢ ᠶᠢᠨ ᠦᠢᠯᠡᠳᠪᠤᠷᠢᠯᠡᠯ ᠡᠵᠡᠩᠨᠡᠯᠳᠡ ᠶᠢᠨ | ᠰᠠᠶᠢᠨ ᠮᠠᠭᠤ ᠶᠢ ᠭᠡᠮᠵᠢᠭᠦ ᠭᠤᠤᠯ ᠭᠦᠢᠴᠡᠳᠭᠡᠭᠦ ᠲᠤᠭ᠎ᠠ ᠪᠤᠯᠭᠠᠵᠤ᠂ ᠮᠠᠯ ᠰᠦᠷᠦᠭ ᠤᠨ ᠲᠤᠭ᠎ᠠ ᠶᠢᠨ ᠲᠦᠷᠭᠡᠨ | ᠨᠡᠮᠡᠭᠳᠡᠯ ᠢ ᠦᠷᠦᠭᠡᠰᠦᠨ ᠢᠶᠠᠷ ᠴᠢᠬᠤᠯᠠᠴᠢᠯᠠᠵᠤ ᠪᠠᠶᠢᠵᠠᠢ᠃ ᠭᠡᠳᠡᠯ᠎ᠠ ᠠᠳᠠᠷ ᠬᠠᠭᠠᠯᠪᠤᠷᠢᠯᠬᠠᠰᠠᠨ ᠠᠴᠠ ᠪᠤᠯᠤᠭᠠᠳ | ᠶᠡᠭᠡ ᠭᠡᠪᠴᠢᠶ᠎ᠠ ᠪᠠᠷ ᠬᠠᠰᠤᠠᠠᠳ᠋ᠬᠠᠰᠠᠨ ᠨᠤᠳᠤᠭ ᠪᠡᠯᠴᠢᠭᠡᠷ ᠤᠨ ᠡᠭᠢ ᠪᠠᠶᠠᠯᠢᠭ ᠨᠢ ᠡᠳᠡᠭᠡᠷ ᠲᠤᠭ᠎ᠠ ᠶᠢ ᠲᠦᠷᠭᠡᠨ | ᠨᠡᠮᠡᠭᠳᠡᠭᠦᠯᠭᠦ ᠪᠠᠶᠢᠳᠠᠯ ᠳᠤ ᠵᠤᠭᠢᠴᠠᠬᠤ ᠶᠢᠨ ᠠᠷᠭ᠎ᠠ ᠦᠭᠡᠢ ᠪᠤᠯᠤᠭᠠᠳ᠂ ᠲᠤᠰ ᠤᠷᠤᠨ ᠤ ᠨᠤᠳᠤᠭ ᠪᠡᠯᠴᠢᠭᠡᠷ ᠨᠢ | ᠲᠠᠭᠠᠭᠠᠴᠠ ᠠᠴᠠ ᠪᠠᠨ ᠰᠦᠷᠡᠭᠡᠢ ᠭᠡᠳᠦᠷᠡᠵᠡᠢ᠃ ᠤᠷᠳᠤ ᠬᠤᠭᠤᠴᠠᠭ᠎ᠠ ᠪᠠᠷ ᠭᠡᠳᠦᠷᠡᠳᠡᠯ᠎ᠠ ᠮᠠᠯᠵᠢᠠᠠᠰᠠᠨ ᠪᠠᠶᠢᠳᠠᠯ | ᠲᠤᠤᠷ᠎ᠠ ᠨᠤᠳᠤᠭ ᠪᠡᠯᠴᠢᠭᠡᠷ ᠤᠨ ᠤᠷᠭᠤᠮᠠᠯ ᠤᠨ ᠪᠦᠷᠭᠦᠴᠡ ᠮᠠᠭᠤᠳᠠᠵᠤ᠂ ᠭᠦᠷᠤᠰᠤ ᠰᠢᠷᠤᠢ ᠳᠠᠬᠢ ᠹᠢᠽᠢᠺ ᠭᠢᠮᠢ ᠶᠢᠨ | ᠭᠦᠴᠤᠨ ᠲᠤᠳ᠋ᠬᠠᠳᠠᠵᠤ᠂ ᠡᠯᠡᠰᠦᠷᠭᠡᠭᠵᠢᠭᠦ᠂ ᠬᠤᠵᠢᠷᠰᠢᠬᠤ ᠵᠡᠷᠭᠡ ᠭᠠᠵᠠᠷ ᠨᠤᠳᠤᠭ ᠤᠨ ᠲᠠᠴᠢᠷᠳᠡᠯ ᠤᠨ ᠶᠠᠪᠤᠴᠠ | ᠡᠭᠦᠰᠦᠭᠡᠳ ᠮᠠᠰᠢ ᠲᠦᠷᠭᠡᠨ ᠦᠷᠭᠡᠳᠴᠤ ᠭᠦᠭᠵᠢᠵᠡᠢ᠃ | | | ︵ᠢᠷᠡᠯᠲᠡ᠄ ᠪᠦᠷᠢᠨᠪᠠᠶᠠᠷ᠂ ᠮᠦᠩᠬᠡᠪᠠᠭᠠᠲᠤᠷ᠂ ᠬᠤᠩ ᠮᠧᠢ ᠨᠠᠷ ᠤᠨ ᠨᠠᠶᠢᠷᠠᠭᠤᠯᠤᠭᠰᠠᠨ ︽ᠮᠠᠯᠵᠢᠯ ᠤᠨ ᠮᠡᠳᠡᠯᠭᠡ | ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | | | | | | |