ᠬᠤᠷᠠᠭ᠎ᠠ ᠶᠢ ᠪᠡᠯᠴᠢᠬᠡᠷ ᠢᠶᠠᠷ ᠲᠠᠷᠭᠤᠯᠠᠭᠤᠯᠬᠤ ᠠᠷᠪᠠᠨ ᠠᠷᠭ᠎ᠠ
ᠨᠡᠶᠢᠲᠡᠯᠡᠭᠰᠡᠨ ᠴᠠᠭ᠄
2021/2/4
     1. ᠡᠭᠦᠯᠳᠡᠷ᠄ ᠡᠷᠯᠢᠰᠡ ᠶᠢᠨ ᠦᠷᠡᠵᠢᠭᠦᠯᠭᠡ ᠨᠢ ᠲᠠᠸᠠᠷᠵᠢᠭᠤᠯᠤᠯᠲᠠ ᠶᠢᠨ ᠬᠤᠷᠠᠭᠠᠨ ᠤ ᠦᠢᠯᠡᠳᠪᠦᠷᠢᠯᠡᠯ ᠳᠤ ᠮᠠᠰᠢ ᠢᠯᠡᠷᠬᠡᠢ ᠲᠤᠰᠠ ᠦᠵᠡᠭᠦᠯᠳᠡᠭ᠃ ᠡᠷᠯᠢᠰᠡ ᠡᠮ᠎ᠡ ᠬᠤᠨᠢ ᠪᠣᠯᠣᠨ ᠲᠡᠭᠦᠨ ᠤ ᠬᠤᠷᠠᠭᠠᠨ ᠤ ᠨᠡᠮᠡᠭᠳᠡᠯ ᠤᠨ ᠵᠢᠩ ᠤᠨ ᠬᠤᠷᠳᠤᠴᠠ ᠨᠢ ᠴᠡᠪᠡᠷ ᠡᠭᠦᠯᠳᠡᠷ ᠤᠨ ᠬᠢ ᠠᠴᠠ ᠲᠦᠷᠭᠡᠨ ᠪᠠᠶᠢᠳᠠᠭ ᠪᠦᠭᠡᠳ ᠪᠡᠶ᠎ᠡ ᠨᠢ ᠴᠢᠬᠢᠷᠠᠭ ᠮᠦᠷᠲᠡᠭᠡᠨ ᠦᠬᠦᠯ ᠬᠤᠷᠤᠭᠳᠠᠯ ᠨᠢ ᠴᠤ ᠪᠠᠭ᠎ᠠ ᠪᠠᠶᠢᠳᠠᠭ᠃ ᠡᠷᠯᠢᠰᠡ ᠬᠤᠨᠢᠨ ᠤ ᠦᠷᠡᠵᠢᠯ᠂ ᠲᠦᠯᠯᠡᠯᠲᠡ ᠪᠤᠯᠤᠨ ᠰᠦᠨ ᠤ ᠭᠠᠷᠴᠠ ᠨᠢ ᠲᠡᠭᠦᠨ ᠤ ᠡᠴᠢᠭᠡ ᠡᠬᠡ ᠶᠢᠨ ᠴᠡᠪᠡᠷ ᠡᠭᠦᠯᠳᠡᠷ ᠤᠨ ᠬᠢ ᠠᠴᠠ ᠶᠡᠭᠡ ᠪᠠᠶᠢᠳᠠᠭ ᠶᠤᠮ᠃ ᠬᠡᠷᠪᠡ ᠭᠤᠷᠪᠠᠳᠤᠭᠠᠷ ᠡᠭᠦᠯᠳᠡᠷ ᠢ ᠦᠰᠭᠡᠵᠦ ᠰᠠᠶᠢᠨ ᠡᠭᠦᠯᠳᠡᠷ ᠤᠨ ᠬᠤᠴᠠ ᠲᠠᠯᠪᠢᠪᠠᠯ ᠲᠡᠭᠦᠨ ᠤ ᠡᠷᠯᠢᠰᠡ ᠶᠢᠨ ᠤᠳᠤᠮ ᠤᠭᠰᠠᠭ᠎ᠠ ᠶᠢᠨ ᠳᠠᠪᠠᠭᠤᠯᠢᠭ ᠲᠠᠯ᠎ᠠ ᠶᠢ ᠤᠯᠠᠮ ᠴᠢᠨᠠᠭᠰᠢᠳᠠ ᠳᠡᠭᠡᠭᠰᠢᠯᠡᠭᠦᠯᠵᠦ ᠴᠢᠳᠠᠨ᠎ᠠ᠃ ᠡᠮ᠎ᠡ ᠬᠤᠨᠢᠨ ᠤ ᠨᠡᠯᠢᠶᠡᠳ ᠰᠠᠶᠢᠨ ᠡᠭᠦᠯᠳᠡᠷ ᠲᠤ ᠷᠠᠮᠪᠤᠷ ᠬᠤᠨᠢ᠂ ᠺᠤᠷᠧᠳᠡᠯ ᠬᠤᠨᠢ᠂ ᠺᠤᠯᠤᠮᠪᠢᠶ᠎ᠠ ᠬᠤᠨᠢ ᠵᠡᠷᠭᠡ ᠪᠣᠢ᠃ ᠡᠳᠡᠭᠡᠷ ᠡᠭᠦᠯᠳᠡᠷ ᠢ ᠠᠰᠢᠭᠯᠠᠭᠠᠳ ᠬᠤᠶᠠᠷᠴᠢ ᠪᠣᠶᠣ ᠭᠤᠷᠪᠠᠴᠢ ᠡᠷᠯᠢᠰᠡᠵᠢᠭᠦᠯᠭᠡ ᠬᠢᠬᠦ ᠦᠶ᠎ᠡ ᠳᠤ ᠭᠤᠣᠯᠳᠠᠯᠭ᠎ᠠ ᠪᠠᠨ ᠤᠷᠢᠳᠴᠢᠯᠠᠭᠤᠯᠤᠨ ᠬᠤᠷᠠᠭᠠᠯᠠᠭᠤᠯᠬᠤ ᠶᠠᠪᠤᠳᠠᠯ᠂ ᠡᠬᠡ ᠶᠢᠨ ᠬᠢᠨᠢ ᠴᠢᠨᠠᠷ᠂ ᠨᠠᠰᠤᠯᠠᠯᠲᠠ᠂ ᠲᠤᠬᠢᠷᠠᠮᠵᠢᠲᠠᠢ ᠪᠡᠶ᠎ᠡ᠂ ᠨᠤᠤᠰᠤᠨ ᠤ ᠭᠠᠷᠴᠠ ᠪᠤᠯᠤᠨ ᠨᠤᠤᠰᠣᠨ ᠤ ᠴᠢᠨᠠᠷ ᠢ ᠳᠡᠭᠡᠭᠰᠢᠯᠡᠭᠦᠯᠬᠦ ᠳᠤ ᠲᠠᠯᠪᠢᠪᠠᠯ ᠵᠤᠬᠢᠨ᠎ᠠ᠃ ᠬᠤᠴᠠᠨ ᠤ ᠡᠭᠦᠯᠳᠡᠷ ᠤᠨ ᠭᠤᠤᠯᠳᠠᠯᠭ᠎ᠠ ᠪᠠᠨ ᠬᠤᠷᠳᠤᠨ ᠦᠰᠳᠡᠭ᠂ ᠨᠡᠶᠢᠯᠡᠭᠦᠯᠦᠭᠡ ᠶᠢᠨ ᠡᠷᠡᠮᠡᠯᠵᠡᠯ ᠰᠠᠶᠢᠲᠠᠢ᠂ ᠭᠤᠯᠤᠤᠵᠠᠨ ᠤ ᠴᠢᠨᠠᠷ ᠨᠢ ᠰᠠᠶᠢᠨ ᠵᠡᠷᠭᠡ ᠲᠠᠯ᠎ᠠ ᠳᠤ ᠲᠠᠯᠪᠢᠪᠠᠯ ᠵᠤᠬᠢᠨ᠎ᠠ᠃ ᠣᠳᠣ ᠬᠡᠭᠡᠯᠳᠦᠭᠦᠯᠭᠡ ᠳᠤ ᠬᠡᠷᠡᠭᠯᠡᠵᠦ ᠪᠦᠬᠦᠢ ᠬᠤᠴᠠ ᠳᠤ ᠰᠠᠹᠦ᠋ᠺ ᠬᠤᠨᠢ᠂ ᠬᠠᠨᠪᠦ᠋ᠰᠢᠶᠠ ᠬᠤᠨᠢ ᠵᠡᠷᠭᠡ ᠪᠣᠢ᠃      2. ᠬᠤᠷᠠᠭᠠᠯᠠᠭᠤᠯᠬᠤ ᠠᠴᠠ ᠡᠮᠦᠨᠡᠬᠢ ᠠᠷᠠᠴᠢᠯᠠᠭ᠎ᠠ᠄ ᠡᠮ᠎ᠡ ᠬᠤᠨᠢ ᠶᠢ ᠬᠠᠰᠢᠶᠠᠨ ᠳᠤ ᠲᠡᠵᠢᠭᠡᠵᠦ᠂ ᠲᠡᠵᠢᠭᠡᠯᠭᠡ ᠶᠢ ᠨᠢ ᠡᠷᠴᠢᠮᠵᠢᠭᠦᠯᠪᠡᠯ ᠵᠤᠬᠢᠨ᠎ᠠ᠃ ᠬᠤᠷᠠᠭᠠᠯᠠᠭᠤᠯᠬᠤ ᠠᠴᠠ ᠡᠮᠦᠨᠡᠬᠢ ᠬᠡᠳᠦᠨ ᠭᠠᠷᠠᠭ ᠤᠨ ᠡᠮᠦᠨ᠎ᠡ ᠡᠮ᠎ᠡ ᠬᠤᠨᠢᠨ ᠤ ᠪᠡᠶ᠎ᠡ ᠳᠠᠬᠢ ᠬᠤᠷᠤᠬᠠᠢ ᠶᠢ ᠨᠢ ᠲᠠᠭᠤᠬᠤ ᠬᠡᠷᠡᠭᠲᠡᠢ᠃      3. ᠬᠤᠷᠠᠭᠠᠨ ᠤ ᠠᠷᠠᠴᠢᠯᠠᠭ᠎ᠠ᠄ ᠲᠦᠯᠯᠡᠭᠰᠡᠨ ᠠᠴᠠ ᠬᠤᠶᠢᠰᠢ ᠬᠡᠳᠦᠨ ᠴᠠᠭ ᠤᠨ ᠳᠠᠷᠠᠭ᠎ᠠ ᠬᠤᠷᠠᠭᠠᠨ ᠳᠤ ᠤᠭᠤᠷᠠᠭ ᠢ ᠨᠢ ᠬᠦᠬᠦᠭᠦᠯᠬᠦ ᠬᠡᠷᠡᠭᠲᠡᠢ᠃ ᠬᠦᠬᠦᠭᠦᠯ ᠤᠨ ᠡᠬᠢᠨ ᠤ 4~6 ᠭᠠᠷᠠᠭ ᠲᠤ ᠰᠠᠶᠢᠨ ᠢᠪᠢᠯᠢᠭᠦᠯᠬᠦ ᠶᠢᠨ ᠲᠤᠯᠠᠳᠠ ᠡᠮ᠎ᠡ ᠬᠤᠨᠢᠨ ᠳᠤ ᠦᠭᠬᠦ ᠤᠭᠤᠷᠠᠭᠲᠤ ᠪᠤᠳᠠᠰ ᠤᠨ ᠬᠡᠮᠵᠢᠶ᠎ᠡ ᠶᠢ ᠨᠢ ᠨᠡᠮᠡᠭᠳᠡᠭᠦᠯᠪᠡᠯ ᠵᠣᠬᠢᠨ᠎ᠠ᠃      4. ᠬᠤᠷᠠᠭᠠᠨ ᠳᠤ ᠨᠡᠮᠡᠯᠲᠡ ᠲᠡᠵᠢᠭᠡᠯ ᠦᠭᠬᠦ᠄ 10 ᠬᠤᠭᠤᠭ ᠤᠨ ᠨᠠᠰᠤᠨ ᠠᠴᠠ ᠨᠢ ᠡᠬᠢᠯᠡᠨ ᠬᠤᠷᠠᠭᠠᠨ ᠳᠤ ᠨᠡᠮᠡᠯᠲᠡ ᠪᠤᠷᠳᠤᠭ᠎ᠠ ᠦᠭᠴᠦ ᠪᠣᠯᠣᠨ᠎ᠠ᠃ ᠰᠠᠶ᠋ᠢ ᠭᠠᠷᠤᠭᠰᠠᠨ ᠬᠤᠷᠠᠭᠠᠨ ᠤ ᠭᠦᠵᠡᠭᠡ᠂ ᠬᠡᠷᠬᠢᠨᠡᠭ ᠨᠢ ᠨᠢᠷᠠᠢ ᠵᠦᠭᠡᠯᠡᠨ ᠪᠣᠯᠬᠤᠷ ᠲᠡᠵᠢᠭᠡᠯ ᠡᠪᠡᠰᠦ ᠶᠢ ᠰᠦ ᠪᠣᠯᠣᠨ ᠨᠠᠷᠢᠯᠢᠭ ᠪᠤᠷᠳᠤᠭ᠎ᠠ ᠲᠠᠢ ᠪᠠᠨ ᠠᠳᠠᠯᠢ ᠪᠦᠷᠢᠨ ᠠᠰᠢᠭᠯᠠᠵᠤ ᠴᠢᠳᠠᠬᠤ ᠦᠭᠡᠢ ᠶᠤᠮ᠃ ᠡᠶᠢᠮᠦ ᠠᠴᠠ ᠡᠨᠡ ᠦᠶ᠎ᠡ ᠳᠤ ᠬᠤᠷᠠᠭᠠᠨ ᠳᠤ ᠨᠡᠮᠡᠯᠲᠡ ᠪᠤᠷᠳᠤᠭ᠎ᠠ ᠦᠭᠬᠦ ᠨᠢ ᠲᠤᠬᠢᠷᠠᠮᠵᠢᠲᠠᠢ ᠶᠣᠮ᠃ ᠰᠦ ᠠᠴᠠ ᠨᠢ ᠰᠠᠯᠭᠠᠬᠤ ᠠᠴᠠ ᠡᠮᠦᠨ᠎ᠡ ᠪᠤᠳᠠᠭᠠᠨ ᠲᠡᠵᠢᠭᠡᠯ ᠢ ᠪᠡᠶ᠎ᠡ ᠶᠢᠨ ᠵᠢᠩ ᠪᠣᠯᠭᠠᠨ ᠬᠤᠪᠢᠷᠠᠭᠤᠯᠪᠠᠯ ᠬᠤᠷᠠᠭᠠᠨ ᠤ ᠦᠰᠦᠯᠲᠡ ᠨᠢ ᠨᠡᠯᠢᠶᠡᠳ ᠲᠦᠷᠭᠡᠨ ᠪᠠᠶᠢᠳᠠᠭ᠃ ᠢᠩᠭᠢᠬᠦᠯᠡᠷ ᠬᠤᠷᠠᠭ᠎ᠠ ᠶᠢ ᠪᠡᠯᠴᠢᠭᠡᠷᠯᠡᠭᠦᠯᠦᠨ ᠲᠠᠷᠭᠤᠯᠠᠭᠤᠯᠬᠤ ᠳᠠᠭᠠᠨ ᠨᠠᠷᠢᠯᠢᠭ ᠪᠤᠷᠳᠤᠭ᠎ᠠ ᠶᠢ ᠨᠡᠮᠡᠯᠲᠡ ᠲᠡᠵᠢᠭᠡᠯ ᠪᠤᠯᠭᠠᠨ ᠦᠭᠭᠦᠭᠰᠡᠨ ᠴᠤ ᠮᠠᠰᠢ ᠠᠵᠤ ᠠᠬᠤᠶᠢᠴᠢ ᠪᠠᠶᠢᠳᠠᠭ᠃      5. ᠰᠦ ᠠᠴᠠ ᠨᠢ ᠰᠠᠯᠭᠠᠬᠤ᠄ ᠬᠤᠷᠠᠭ᠎ᠠ ᠨᠤᠭᠤᠳ ᠢ 60 ᠬᠤᠨᠤᠭ ᠤᠨ ᠨᠠᠰᠤᠨ ᠳᠤ ᠬᠦᠷᠬᠦ ᠳᠤ ᠡᠬᠡ ᠶᠢᠨ ᠬᠢᠨᠢ ᠬᠤᠷᠤᠬᠠᠢ ᠶᠢ ᠲᠠᠭᠤᠭᠠᠳ ᠡᠬᠡ ᠬᠤᠷᠠᠭ᠎ᠠ ᠶᠢ ᠠᠰ ᠠᠰ ᠲᠤᠨᠢ ᠬᠤᠷᠢᠨ᠎ᠠ᠂ ᠡᠨᠡ ᠦᠶ᠎ᠡ ᠳᠤ ᠬᠤᠷᠠᠭᠠᠨ ᠤ ᠪᠡᠶ᠎ᠡ  ᠳᠠᠬᠢ ᠬᠤᠷᠤᠬᠠᠢ ᠶᠢ ᠨᠢᠭᠡ ᠤᠳᠠᠭ᠎ᠠ ᠲᠠᠭᠤᠪᠠᠯ ᠵᠤᠬᠢᠨ᠎ᠠ᠃ ᠬᠠᠰᠢᠶᠠᠨ ᠳᠤ ᠬᠤᠷᠢᠭᠰᠠᠨ ᠬᠤᠷᠠᠭ᠎ᠠ ᠨᠢ 45 ᠬᠤᠨᠤᠭ ᠪᠣᠯᠪᠠᠯ ᠨᠡᠮᠡᠯᠲᠡ ᠪᠤᠷᠳᠤᠭ᠎ᠠ ᠦᠭᠴᠦ᠂ 60 ᠬᠤᠨᠤᠭ ᠤᠨ ᠨᠠᠰᠤᠨ ᠳᠤ ᠬᠦᠷᠬᠦ ᠳᠤ ᠡᠪᠡᠰᠦ ᠢᠳᠡᠭᠦᠯᠵᠦ ᠡᠬᠢᠯᠡᠪᠡᠯ ᠦᠰᠦᠯᠲᠡ ᠨᠢ ᠨᠡᠩ ᠲᠦᠷᠭᠡᠨ ᠪᠠᠶᠢᠳᠠᠭ᠃      6. ᠨᠤᠤᠰᠤᠯᠠᠬᠤ᠄ ᠠᠭᠠᠭᠢᠮ᠎ᠠ ᠵᠤᠨ ᠤ ᠤᠯᠠᠷᠢᠯ ᠳᠤ ᠬᠤᠷᠠᠭ᠎ᠠ ᠶᠢ ᠲᠠᠭᠠᠯᠠᠮᠵᠢᠲᠠᠢ ᠪᠠᠶᠢᠯᠭᠠᠬᠤ ᠪᠠ ᠴᠢᠨᠠᠷ ᠰᠠᠶᠢᠲᠠᠢ ᠬᠤᠷᠠᠭᠠᠨ ᠠᠷᠠᠰᠤ ᠣᠯᠬᠤ ᠶᠢᠨ ᠲᠦᠯᠦᠭᠡ ᠰᠦ ᠠᠴᠠ ᠨᠢ ᠰᠠᠯᠭᠠᠭᠰᠠᠨ ᠤ ᠳᠠᠷᠠᠭ᠎ᠠ ᠨᠤᠤᠰᠤᠯᠠᠪᠠᠯ ᠵᠤᠬᠢᠨ᠎ᠠ᠃ ᠦᠰᠦᠨ ᠪᠦᠷᠬᠦᠭᠦᠯ ᠨᠢ ᠪᠣᠭᠤᠨᠢ ᠪᠣᠯᠪᠠᠯ ᠬᠠᠪᠤᠷ ᠤᠨ ᠴᠠᠭ ᠲᠤ ᠬᠤᠷᠠᠭᠠᠨ ᠤ ᠦᠰᠦᠯᠲᠡ ᠨᠢ ᠬᠤᠷᠳᠤᠪᠲᠤᠷ ᠪᠠᠶᠢᠳᠠᠭ᠃      7. ᠪᠡᠯᠴᠢᠭᠡᠷᠯᠡᠭᠦᠯᠬᠦ᠄ ᠪᠡᠯᠴᠢᠭᠡᠷᠯᠡᠭᠦᠯᠬᠦ ᠦᠶ᠎ᠡ ᠳᠤ ᠬᠤᠷᠠᠭ᠎ᠠ ᠶᠢ ᠡᠬᠡ ᠶᠢᠨ ᠬᠢᠨᠢ ᠡᠮᠦᠨ᠎ᠡ ᠶᠠᠪᠤᠭᠤᠯᠪᠠᠯ ᠵᠤᠬᠢᠨ᠎ᠠ᠃ ᠢᠩᠭᠢᠪᠡᠯ ᠬᠤᠷᠠᠭ᠎ᠠ ᠨᠢ ᠪᠤᠬᠢᠷᠲᠤᠭᠰᠠᠨ ᠦᠭᠡᠢ ᠴᠡᠪᠡᠷ  ᠡᠪᠡᠰᠦ ᠨᠤᠭᠤᠭ᠎ᠠ ᠶᠢ ᠣᠯᠵᠣ ᠢᠳᠡᠨ᠎ᠡ᠃ ᠬᠤᠷᠠᠭᠠᠨ ᠳᠤ ᠴᠠᠭ ᠲᠤᠬᠠᠢ ᠳᠤᠨᠢ ᠰᠢᠨ᠎ᠡ ᠰᠤᠷᠭᠤᠭ ᠨᠤᠭᠤᠭ᠎ᠠ ᠣᠯᠵᠣ ᠢᠳᠡᠭᠦᠯᠬᠦ ᠶᠢᠨ ᠲᠦᠯᠦᠭᠡ 2~5 ᠡᠳᠦᠷ ᠪᠣᠯᠬᠤ ᠪᠦᠷᠢ ᠳᠤ ᠨᠢᠭᠡ ᠤᠳᠠᠭ᠎ᠠ ᠪᠡᠯᠴᠢᠭᠡᠷ ᠰᠡᠯᠭᠦᠨ᠎ᠡ᠃      8. ᠬᠤᠷᠤᠬᠠᠢ ᠲᠠᠭᠤᠬᠤ᠄ ᠬᠤᠷᠠᠭᠠᠨ ᠤ ᠪᠡᠶ᠎ᠡ ᠳᠤ ᠠᠮᠢᠳᠤᠷᠠᠳᠠᠭ ᠴᠢᠰᠤᠨ ᠤ ᠰᠢᠮᠡᠭᠦᠷ ᠬᠤᠷᠤᠬᠠᠢ ᠪᠣᠯ ᠲᠡᠵᠢᠭᠡᠯᠭᠡ ᠶᠢᠨ ᠦᠷ᠎ᠡ ᠳ᠋ᠦᠩ ᠪᠠ ᠬᠤᠷᠠᠭᠠᠨ ᠤ ᠪᠡᠶ᠎ᠡ ᠶᠢᠨ ᠵᠢᠩ ᠤᠨ ᠨᠡᠮᠡᠭᠳᠡᠯ ᠢ ᠬᠦᠨᠳᠦ ᠨᠤᠴᠢᠲᠠᠢ ᠨᠦᠯᠦᠭᠡᠯᠡᠳᠡᠭ᠃ ᠡᠶᠢᠮᠦ ᠠᠴᠠ ᠬᠤᠷᠠᠭᠠᠨ ᠤ ᠪᠡᠶ᠎ᠡ ᠳᠠᠬᠢ ᠰᠢᠮᠡᠭᠦᠷ ᠬᠤᠷᠤᠬᠠᠢ ᠶᠢ ᠲᠠᠭᠤᠬᠤ ᠠᠵᠢᠯ ᠢ ᠰᠢᠨᠵᠢᠯᠡᠬᠦ ᠤᠬᠠᠭᠠᠨᠴᠢ ᠪᠠᠷ ᠬᠢᠬᠦ ᠬᠡᠷᠡᠭᠲᠡᠢ᠃ ᠡᠭᠦᠨ ᠳᠤ ᠬᠠᠪᠤᠷ ᠤᠨ ᠴᠡᠪᠡᠷ ᠪᠡᠯᠴᠢᠭᠡᠷ ᠲᠤ ᠭᠠᠷᠭᠠᠬᠤ ᠠᠴᠠ ᠨᠢᠭᠡ ᠬᠤᠨᠤᠭ ᠤᠨ ᠡᠮᠦᠨ᠎ᠡ᠂ ᠬᠠᠪᠤᠷ ᠤᠨ ᠪᠡᠯᠴᠢᠭᠡᠷ ᠲᠤ ᠭᠠᠷᠭᠠᠭᠠᠳ 3 ᠭᠠᠷᠠᠭ ᠪᠤᠯᠤᠭᠰᠠᠨ ᠤ ᠳᠠᠷᠠᠭ᠎ᠠ ᠪᠣᠶᠣ ᠨᠡᠮᠡᠯᠲᠡ ᠪᠤᠷᠳᠤᠭ᠎ᠠ ᠦᠭᠬᠦ ᠠᠴᠠ ᠡᠮᠦᠨ᠎ᠡ ᠪᠦᠷ ᠨᠢᠭᠡ ᠤᠳᠠᠭ᠎ᠠ ᠪᠡᠶ᠎ᠡ ᠳᠠᠬᠢ ᠬᠤᠷᠤᠬᠠᠢ ᠶᠢ ᠨᠢ ᠲᠠᠭᠤᠬᠤ ᠬᠡᠷᠡᠭᠲᠡᠢ᠃      9. ᠠᠩᠭᠢᠯᠠᠬᠤ᠄ 120 ᠬᠤᠨᠤᠭ ᠤᠨ ᠨᠠᠰᠤᠨ ᠳᠤ ᠬᠦᠷᠬᠦ ᠳᠤ ᠬᠤᠷᠠᠭ᠎ᠠ ᠶᠢ ᠵᠢᠩᠯᠡᠬᠦ᠂ ᠠᠩᠭᠢᠯᠠᠬᠤ ᠪᠠ ᠪᠦᠯᠦᠭᠯᠡᠪᠡᠯ ᠵᠣᠬᠢᠨ᠎ᠠ᠃ ᠪᠡᠶ᠎ᠡ ᠶᠢᠨ ᠵᠢᠩ ᠢᠶᠠᠷ ᠨᠢ 90 ᠹᠦᠨᠲ ᠠᠴᠠ ᠳᠡᠭᠡᠭᠰᠢᠬᠢ᠂ 75~90 ᠹᠦᠨᠲ ᠪᠣᠯᠣᠨ 75 ᠹᠦᠨᠲ ᠠᠴᠠ ᠳᠤᠭᠤᠭᠰᠢᠬᠢ ᠭᠡᠵᠦ ᠭᠤᠷᠪᠠᠨ ᠪᠦᠯᠦᠭ ᠪᠣᠯᠭᠠᠨ ᠬᠤᠪᠢᠶᠠᠨ᠎ᠠ᠃ ᠪᠣᠶᠢᠵᠢᠯᠲᠠ ᠪᠠᠷ ᠠᠨᠠᠢ ᠬᠤᠷᠠᠭ᠎ᠠ ᠪᠣᠶᠣ ᠤᠷᠲᠤ ᠬᠤᠭᠤᠴᠠᠭ᠎ᠠ ᠪᠠᠷ ᠡᠪᠡᠳᠴᠢᠨ ᠭᠡᠮ ᠲᠠᠢ ᠬᠤᠷᠠᠭ᠎ᠠ ᠨᠤᠭᠤᠳ ᠢ ᠨᠢᠲᠤᠯᠭᠠᠨ ᠳᠤ ᠰᠢᠯᠢᠵᠦ ᠤᠷᠤᠭᠤᠯᠤᠨ᠎ᠠ᠃ ᠤᠴᠢᠷ ᠨᠢ ᠲᠡᠳᠡᠭᠡᠷ ᠢ ᠡᠷᠡᠭᠦᠯ ᠬᠤᠷᠠᠭ᠎ᠠ ᠨᠤᠭᠤᠳ ᠲᠠᠢ ᠬᠠᠮᠲᠤ ᠮᠡᠯᠯᠠᠪᠠᠯ ᠡᠪᠡᠳᠴᠢᠨ ᠲᠠᠷᠬᠠᠭᠠᠵᠤ ᠮᠡᠳᠡᠨ᠎ᠡ᠃      ᠬᠤᠷᠠᠭᠠᠨ ᠤ ᠭᠠᠳᠠᠷ ᠳᠦᠷᠬᠦ᠂ ᠪᠡᠶ᠎ᠡ ᠶᠢᠨ ᠵᠢᠩ᠂ ᠡᠷᠡᠭᠦᠯ ᠤᠨ ᠪᠠᠶᠢᠳᠠᠯ᠂ ᠪᠡᠶ᠎ᠡ ᠭᠠᠯᠪᠢᠷ᠂ 60 ᠬᠤᠨᠤᠭ ᠪᠤᠯᠤᠨ 120 ᠬᠤᠨᠤᠭ ᠤᠨ ᠨᠠᠰᠤᠨ ᠤ ᠪᠡᠶ᠎ᠡ ᠶᠢᠨ ᠵᠢᠩ ᠢ ᠦᠨᠳᠦᠰᠦᠯᠡᠨ ᠪᠡᠯᠡᠳᠭᠡᠯ ᠡᠮ᠎ᠡ ᠬᠤᠨᠢ ᠪᠠ ᠬᠤᠴᠠ ᠦᠯᠡᠳᠡᠭᠡᠬᠦ ᠰᠢᠢᠳᠪᠦᠷᠢ ᠭᠠᠷᠭᠠᠨ᠎ᠠ᠃      10. ᠪᠡᠶ᠎ᠡ ᠶᠢᠨ ᠵᠢᠩ ᠤᠨ ᠨᠡᠮᠡᠭᠳᠡᠴᠡ᠄ 2 ᠳ᠋ᠤᠭᠠᠷ ᠰᠠᠷ᠎ᠠ ᠳᠤ ᠲᠦᠯᠯᠡᠭᠰᠡᠨ ᠡᠷ᠎ᠡ ᠬᠤᠷᠠᠭ᠎ᠠ ᠶᠢ 4 ᠳ᠋ᠦ᠋ᠭᠡᠷ ᠰᠠᠷ᠎ᠠ ᠶᠢᠨ 27 ᠤ ᠡᠳᠦᠷ ᠠᠴᠠ ᠡᠬᠡ ᠲᠠᠢ ᠨᠢ ᠬᠠᠮᠲᠤ 6 ᠳ᠋ᠤᠭᠠᠷ ᠰᠠᠷ᠎ᠠ ᠶᠢᠨ 30 ᠤ ᠡᠳᠦᠷ ᠪᠣᠯᠲᠠᠯ᠎ᠠ ᠮᠠᠯᠵᠢᠬᠤ ᠳᠤ ᠬᠤᠨᠤᠭ ᠤᠨ ᠳᠤᠮᠳᠠᠴᠢ ᠨᠡᠮᠡᠭᠳᠡᠯ ᠵᠢᠩ ᠨᠢ 0.84 ᠹᠦᠨᠲ ᠳᠤ ᠬᠦᠷᠬᠦ ᠪᠣᠯᠣᠨ᠎ᠠ᠃ 2 ᠳ᠋ᠤᠭᠠᠷ ᠰᠠᠷ᠎ᠠ ᠳᠤ ᠲᠦᠯᠯᠡᠭᠰᠡᠨ ᠬᠤᠷᠠᠭ᠎ᠠ ᠨᠤᠭᠤᠳ ᠢ 140 ᠬᠤᠨᠤᠭᠤᠯᠪᠠᠯ ᠰᠠᠶ᠋ᠢ ᠨᠢᠲᠤᠯᠭᠠᠨ ᠤ ᠳᠤᠮᠳᠠᠴᠢ ᠳᠠᠰ ᠲᠤ ᠬᠦᠷᠭᠡᠵᠦ ᠴᠢᠳᠠᠨ᠎ᠠ᠃      2 ᠳ᠋ᠤᠭᠠᠷ ᠰᠠᠷ᠎ᠠ ᠳᠤ ᠲᠦᠯᠯᠡᠭᠰᠡᠨ ᠬᠤᠷᠠᠭ᠎ᠠ ᠨᠤᠭᠤᠳ ᠨᠢ 4 ᠳ᠋ᠦ᠋ᠭᠡᠷ ᠰᠠᠷ᠎ᠠ ᠶᠢᠨ ᠡᠴᠦᠰ ᠪᠣᠯᠬᠤ ᠳᠤ ᠪᠡᠶ᠎ᠡ ᠶᠢᠨ ᠵᠢᠩ ᠨᠢ 50 ᠹᠦᠨᠲ ᠲᠤ ᠬᠦᠷᠴᠦ᠂ ᠪᠡᠯᠴᠢᠭᠡᠷ ᠤᠨ ᠡᠪᠡᠰᠦ ᠶᠢ ᠪᠦᠷᠢᠨ ᠠᠰᠢᠭᠯᠠᠵᠤ ᠴᠢᠳᠠᠨ᠎ᠠ᠃ 6 ᠳ᠋ᠤᠭᠠᠷ ᠰᠠᠷ᠎ᠠ ᠶᠢᠨ ᠡᠴᠦᠰ ᠠᠴᠠ ᠡᠮᠦᠨ᠎ᠡ ᠲᠠᠷᠭᠤᠯᠠᠭᠤᠯᠤᠭᠰᠠᠨ ᠬᠤᠷᠠᠭ᠎ᠠ ᠨᠤᠭᠤᠳ ᠢ ᠬᠤᠳᠠᠯᠳᠣᠵᠣ ᠪᠣᠯᠳᠠᠭ ᠶᠤᠮ᠃ 3 ᠳ᠋ᠣᠭᠠᠷ ᠰᠠᠷ᠎ᠠ ᠳᠤ ᠲᠦᠯᠯᠡᠭᠰᠡᠨ ᠬᠤᠷᠠᠭᠠᠨ ᠤ ᠬᠤᠨᠤᠭ ᠤᠨ ᠳᠤᠮᠳᠠᠴᠢ ᠨᠡᠮᠡᠭᠳᠡᠯ ᠵᠢᠩ ᠨᠢ 0.35 ᠹᠦᠨᠲ ᠤᠷᠴᠢᠮ ᠳᠤ ᠬᠦᠷᠳᠡᠭ᠃      ᠵᠣᠨ ᠤ ᠨᠢᠭᠡ ᠨᠠᠰᠤᠲᠤ ᠲᠠᠷᠢᠮᠠᠯ ᠤᠳ ᠢ ᠬᠤᠷᠠᠭᠠᠨ ᠳᠤ ᠰᠠᠶᠢᠲᠤᠷ ᠠᠰᠢᠭᠯᠠᠭᠤᠯᠬᠤ ᠬᠡᠷᠡᠭᠲᠡᠢ᠃ ᠵᠢᠱᠢᠶᠡᠯᠡᠪᠡᠯ ᠰᠢᠰᠢ᠂ ᠦᠷ᠎ᠡ ᠶᠢᠨ ᠰᠡᠭᠦᠯ᠂ ᠬᠠᠷ᠎ᠠ ᠪᠤᠭᠤᠳᠠᠢ ᠶᠢᠨ ᠡᠪᠡᠰᠦ ᠪᠣᠯᠣᠨ ᠰᠢᠯᠢᠮᠳᠡᠭ ᠢ ᠬᠤᠷᠠᠭᠠᠨ ᠳᠤ ᠠᠰᠢᠭᠯᠠᠭᠤᠯᠪᠠᠯ ᠪᠡᠯᠴᠢᠭᠡᠷ ᠳᠡᠭᠡᠷ᠎ᠡ ᠤᠨᠴᠠ ᠳᠡᠰ ᠤᠨ ᠬᠤᠷᠠᠭ᠎ᠠ ︵ᠪᠡᠶ᠎ᠡ ᠶᠢᠨ ᠵᠢᠩ ᠨᠢ 110~120 ᠹᠦᠨᠲ︶ ᠶᠢ ᠪᠣᠶᠢᠵᠢᠭᠤᠯᠵᠣ ᠴᠢᠳᠠᠬᠤ ᠶᠤᠮ᠃      ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号