ᠢᠳᠡᠰᠢᠨ ᠨᠤᠭᠤᠭ᠎ᠠ ᠶᠢᠨ ᠬᠦᠯᠡᠮᠵᠢ ᠳᠤ ᠤᠲᠤᠭ᠎ᠠ ᠮᠠᠨᠠᠨᠲᠤᠭᠤᠯᠤᠭᠴᠢ ᠡᠳ᠋ ᠢ ᠬᠡᠷᠡᠭᠯᠡᠬᠦ ᠳᠤ ᠶᠠᠭᠤ ᠶᠢ ᠠᠩᠬᠠᠷᠬᠤ ᠪᠤᠢ
ᠨᠡᠶᠢᠲᠡᠯᠡᠭᠰᠡᠨ ᠴᠠᠭ᠄
2021/2/9
     ᠡᠪᠡᠳᠴᠢᠨ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ ᠳᠤ ᠠᠩᠬᠠᠷᠬᠤ ᠵᠦᠢᠯ ᠨᠢ ᠳᠠᠷᠠᠭᠠᠬᠢ ᠮᠡᠲᠦ᠃      1.ᠰᠡᠷᠭᠡᠶᠢᠯᠡᠨ ᠵᠠᠰᠠᠬᠤ ᠡᠲᠡᠭᠡᠳ ᠢᠶᠠᠨ ᠲᠤᠳᠤᠷᠬᠠᠶᠢᠯᠠᠵᠤ᠂ ᠡᠪᠡᠳᠴᠢᠨ ᠳᠤᠨᠢ ᠲᠤᠬᠢᠷᠠᠭᠤᠯᠵᠤ ᠡᠮ ᠦᠭᠬᠦ— ᠵᠢᠱᠢᠶᠡᠯᠡᠪᠡᠯ ᠬᠦᠯᠡᠮᠵᠢ ᠳᠠᠬᠢ ᠬᠠᠰᠢ᠂ ᠦᠷᠭᠡᠰᠦᠲᠦ ᠬᠡᠮᠬᠡ ᠨᠠᠪᠴᠢ ᠦᠮᠡᠬᠡᠶᠢᠷᠡᠬᠦ ᠡᠪᠡᠳᠴᠢᠨ ᠳᠤ ᠦᠷᠲᠦᠭᠰᠡᠨ ᠦᠶᠡᠰ᠂ ᠤᠷᠢᠳ ᠢᠶᠠᠷ ᠦᠮᠡᠬᠡᠶᠢᠷᠡᠬᠦ ᠳᠤ ᠲᠤᠰᠠᠲᠠᠢ ᠤᠲᠤᠭ᠎ᠠ ᠮᠠᠨᠠᠨᠲᠤᠭᠤᠯᠤᠭᠴᠢ ᠡᠳ᠋ ᠢᠶᠠᠷ ᠤᠲᠤᠬᠤ︔ ᠬᠦᠯᠡᠮᠵᠢ ᠶᠢᠨ ᠦᠷᠭᠡᠰᠦᠲᠦ ᠬᠡᠮᠬᠡ ᠶᠢᠨ ᠴᠠᠭᠠᠨ ᠬᠦᠬᠡᠴᠦᠲᠦ ᠡᠪᠡᠳᠴᠢᠨ᠂ ᠲᠠᠬᠤᠯ᠂ ᠬᠠᠰᠢ ᠶᠢᠨ ᠡᠷᠲᠡ ᠶᠢᠨ ᠲᠠᠬᠤᠯ᠂ ᠤᠷᠤᠢ ᠶᠢᠨ ᠲᠠᠬᠤᠯ ᠳᠤ ᠦᠷᠲᠦᠭᠰᠡᠨ ᠪᠣᠯ ᠪᠠᠢ ᠵᠢᠶᠦ᠋ᠨ ᠴᠢᠩ ︵百菌清︶ ᠤᠨ ᠤᠲᠤᠭ᠎ᠠ ᠮᠠᠨᠠᠨᠲᠤᠭᠤᠯᠤᠭᠴᠢ ᠡᠳ᠋ ᠢᠶᠠᠷ ᠤᠲᠤᠨ᠎ᠠ᠃      2.ᠵᠠᠩᠭᠢᠯᠠᠭ᠎ᠠ ᠶᠢᠨ ᠴᠠᠭ ᠬᠤᠭᠤᠴᠠᠭ᠎ᠠ ᠶᠢ ᠠᠳᠬᠤᠨ ᠠᠪᠴᠤ᠂ ᠴᠠᠭ ᠲᠤᠬᠠᠢ ᠳᠤᠨᠢ ᠡᠮ ᠬᠡᠷᠡᠭᠯᠡᠬᠦ— ᠶᠡᠷᠦ ᠳᠡᠭᠡᠨ ᠡᠪᠡᠳᠴᠢᠨ ᠬᠤᠷᠤᠬᠠᠢ ᠶᠢᠨ ᠬᠦᠨᠦᠭᠡᠯ ᠤᠨ ᠡᠬᠢᠨ ᠤ ᠬᠤᠭᠤᠴᠠᠭᠠᠨ ᠳᠤ ᠲᠠᠷᠢᠶᠠᠨ ᠡᠮ ᠤᠷᠤᠭᠤᠯᠪᠠᠯ ᠦᠷ᠎ᠡ ᠠᠰᠢᠭ ᠨᠢ ᠰᠠᠶᠢᠨ ᠪᠠᠶᠢᠳᠠᠭ᠃      3.ᠡᠮ ᠬᠡᠷᠡᠭᠯᠡᠬᠦ ᠬᠡᠮᠵᠢᠶ᠎ᠡ ᠶᠢ ᠪᠤᠳᠤᠵᠤ ᠭᠠᠷᠭᠠᠭᠠᠳ ᠴᠠᠭ ᠲᠤᠬᠠᠢ ᠳᠤᠨᠢ ᠤᠲᠤᠬᠤ— ᠬᠦᠯᠡᠮᠵᠢ ᠶᠢᠨ ᠶᠡᠭᠡ ᠪᠠᠭ᠎ᠠ ᠶᠢ ᠦᠨᠳᠦᠰᠦᠯᠡᠨ ᠤᠲᠤᠭ᠎ᠠ ᠮᠠᠨᠠᠨᠲᠤᠭᠤᠯᠤᠭᠴᠢ ᠡᠳ᠋ ᠤᠨ ᠱᠤᠰᠢᠭ᠎ᠠ ᠳᠡᠭᠡᠷᠡᠬᠢ ᠡᠮ ᠬᠡᠷᠡᠭᠯᠡᠬᠦ ᠲᠤᠭᠲᠠᠭᠠᠯ ᠶᠤᠰᠤᠭᠠᠷ ᠡᠮ ᠬᠡᠷᠡᠭᠯᠡᠬᠦ ᠬᠡᠮᠵᠢᠶ᠎ᠡ ᠪᠠᠨ ᠲᠤᠭᠲᠠᠭᠠᠨ᠎ᠠ᠃ ᠤᠲᠤᠬᠤ ᠴᠠᠭ ᠢᠶᠠᠨ ᠬᠠᠮᠤᠭ ᠰᠠᠶᠢᠨ ᠨᠢ ᠤᠷᠤᠢ ᠶᠢᠨ ᠠᠵᠢᠯ ᠢᠶᠠᠨ ᠲᠠᠭᠤᠰᠬᠠᠭᠰᠠᠨ ᠤ ᠳᠠᠷᠠᠭ᠎ᠠ ᠶᠠᠪᠤᠭᠳᠠᠭᠤᠯᠪᠠᠯ ᠵᠤᠬᠢᠨ᠎ᠠ᠃      4.ᠡᠮ ᠬᠡᠷᠡᠭᠯᠡᠬᠦ ᠠᠷᠭ᠎ᠠ ᠶᠢ ᠡᠵᠡᠮᠰᠢᠨ᠂ ᠵᠢᠭᠲᠡ ᠲᠤᠬᠢᠷᠠᠭᠤᠯᠤᠨ ᠪᠠᠶᠢᠷᠢᠯᠠᠭᠤᠯᠬᠤ— ᠶᠡᠷᠦ ᠳᠡᠭᠡᠨ ᠤᠲᠤᠭ᠎ᠠ ᠮᠠᠨᠠᠨᠲᠤᠭᠤᠯᠤᠭᠴᠢ ᠡᠳ᠋ ᠢᠶᠠᠷ ᠶᠠᠪᠤᠬᠤ ᠵᠠᠮ ᠪᠣᠶᠣ ᠣᠰᠣᠯᠠᠬᠤ ᠰᠤᠪᠠᠭ ︵ᠲᠤᠭᠤᠰᠬ᠎ᠠ︶ ᠶᠢᠨ ᠳᠡᠭᠡᠷ᠎ᠡ ᠲᠠᠯᠪᠢᠵᠤ᠂ ᠵᠢᠭᠲᠡ ᠲᠤᠬᠢᠷᠠᠭᠤᠯᠤᠨ ᠪᠠᠶᠢᠷᠢᠯᠠᠭᠤᠯᠤᠭᠠᠳ 667m2  ᠪᠦᠷᠢ ᠳᠤ 3~5 ᠰᠢᠲᠠᠬᠤ ᠴᠢᠭ ᠲᠤᠬᠢᠶᠠᠨ᠎ᠠ᠃ ᠳᠠᠷᠠᠭ᠎ᠠ ᠨᠢ ᠬᠠᠰᠢᠶ᠎ᠠ ᠰᠠᠷᠠᠪᠴᠢ ᠪᠠᠨ ᠪᠢᠲᠡᠭᠦᠮᠵᠢᠯᠡᠵᠦ ᠳᠤᠲᠤᠷ᠎ᠠ ᠠᠴᠠ ᠭᠠᠳᠠᠭᠰᠢ ᠪᠠᠨ ᠳᠠᠷᠠᠭᠠᠯᠠᠨ ᠰᠢᠲᠠᠭᠠᠨ᠎ᠠ᠃ ᠢᠯᠡ ᠭᠠᠯ ᠢ ᠤᠨᠲᠠᠷᠠᠭᠠᠬᠤ ᠶᠢ ᠠᠩᠬᠠᠷᠬᠤ ᠬᠡᠷᠡᠭᠲᠡᠢ ᠪᠦᠭᠡᠳ ᠦᠷᠭᠦᠯᠵᠢᠯᠡᠨ 5~6 ᠴᠠᠭ ᠤᠲᠤᠭᠰᠠᠨ ᠤ ᠳᠠᠷᠠᠭ᠎ᠠ ᠰᠠᠷᠠᠪᠴᠢ ᠪᠠᠨ ᠰᠡᠬᠦᠵᠦ ᠰᠠᠯᠬᠢ ᠨᠡᠪᠲᠡᠷᠡᠭᠦᠯᠵᠦ᠂ 7~10 ᠬᠤᠨᠤᠭ ᠲᠤ ᠨᠢᠭᠡ ᠤᠳᠠᠭ᠎ᠠ ᠤᠲᠤᠵᠤ ᠦᠷᠭᠦᠯᠵᠢᠯᠡᠨ 2~3 ᠤᠳᠠᠭ᠎ᠠ ᠤᠲᠤᠬᠤ ᠬᠡᠷᠡᠭᠲᠡᠢ᠃      5.ᠬᠠᠰᠢᠶ᠎ᠠ ᠰᠠᠷᠠᠪᠴᠢ ᠶᠢ ᠪᠢᠲᠡᠭᠦᠮᠵᠢᠯᠡᠬᠦ ᠪᠠ ᠠᠮᠤᠷ ᠲᠦᠪᠰᠢᠨ ᠢ ᠠᠩᠬᠠᠷᠬᠤ— ᠤᠲᠤᠭ᠎ᠠ ᠮᠠᠨᠠᠨᠲᠤᠭᠤᠯᠤᠭᠴᠢ ᠡᠳ᠋ ᠢ ᠬᠡᠷᠡᠭᠯᠡᠬᠦ ᠠᠴᠠ ᠡᠮᠦᠨ᠎ᠡ ᠰᠠᠷᠠᠪᠴᠢ ᠪᠣᠶᠣ ᠳᠤᠯᠠᠭᠠᠨ ᠬᠦᠯᠡᠮᠵᠢ ᠶᠢᠨ ᠨᠢᠮᠭᠡᠨ ᠰᠦᠯᠢᠶᠤᠤ  ᠨᠢ ᠡᠪᠳᠡᠷᠡᠵᠦ ᠬᠠᠭᠠᠷᠠᠭᠰᠠᠨ ᠪᠠᠶᠢᠪᠠᠯ ᠡᠷᠬᠡᠪᠰᠢ ᠨᠦᠬᠦᠵᠦ ᠨᠠᠭᠠᠭᠠᠳ ᠪᠢᠲᠡᠭᠦᠮᠵᠢᠯᠡᠬᠦ ᠶᠢᠨ ᠬᠠᠮᠲᠤ  ᠤᠲᠤᠭ᠎ᠠ ᠮᠠᠨᠠᠨᠲᠤᠭᠤᠯᠤᠭᠴᠢ ᠡᠳ᠋ ᠢ ᠬᠡᠷᠡᠭᠯᠡᠬᠦ ᠦᠶᠡᠰ ᠢᠳᠡᠰᠢᠨ ᠨᠤᠭᠤᠭ᠎ᠠ ᠠᠴᠠ ᠵᠠᠶᠢᠳᠠᠭᠤ ᠪᠠᠶᠢᠯᠭᠠᠵᠤ᠂ ᠨᠤᠴᠤᠭᠠᠭᠰᠠᠨ ᠬᠤᠶᠢᠨ᠎ᠠ ᠠᠵᠢᠯᠯᠠᠬᠤ ᠬᠦᠮᠦᠰ ᠡᠷᠬᠡᠪᠰᠢ ᠰᠠᠷᠠᠪᠴᠢᠨ ᠠᠴᠠ ᠲᠦᠷᠭᠡᠨ ᠵᠠᠶᠢᠯᠠᠨ ᠭᠠᠷᠴᠤ᠂ ᠬᠤᠤᠷᠳᠠᠭᠳᠠᠬᠤ ᠠᠴᠠ ᠰᠡᠷᠭᠡᠶᠢᠯᠡᠪᠡᠯ ᠵᠤᠬᠢᠨ᠎ᠠ᠂ ᠬᠡᠷᠪᠡ ᠡᠮᠲᠦ ᠪᠤᠳᠠᠰ ᠲᠠᠢ ᠬᠦᠷᠦᠯᠴᠡᠭᠰᠡᠨ ᠪᠣᠯ ᠰᠠᠪᠤᠩ ᠢᠶᠠᠷ ᠰᠠᠶᠢᠲᠤᠷ ᠤᠬᠢᠶᠠᠬᠤ ᠬᠡᠷᠡᠭᠲᠡᠢ᠃      ︵ᠢᠷᠡᠯᠲᠡ᠄ ᠭᠡᠭᠡᠨᠬᠠᠰ ᠤᠨ ᠨᠠᠶᠢᠷᠠᠭᠤᠯᠤᠭᠰᠠᠨ ︽ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号