ᠴᠠᠭᠠᠨ ᠲᠤᠰᠤ
ᠨᠡᠶᠢᠲᠡᠯᠡᠭᠰᠡᠨ ᠴᠠᠭ᠄
2021/3/19
     1.ᠴᠠᠭᠠᠨ ᠲᠤᠰᠤ ᠭᠡᠳᠡᠭ ᠪᠣᠯ ᠭᠤᠤᠯᠳᠠᠭᠤ ᠬᠤᠨᠢᠨ ᠰᠦ ᠶᠢᠨ ᠦᠷᠦᠮ᠎ᠡ ᠶᠢ ᠬᠤᠷᠢᠶᠠᠨ ᠬᠤᠷᠠᠮᠳᠤᠭᠤᠯᠵᠤ᠂ ᠠᠭᠰᠢᠷᠠᠭᠤᠯᠤᠭᠰᠠᠨ ᠤ ᠳᠠᠷᠠᠭ᠎ᠠ ᠬᠤᠨᠢᠨ ᠤ ᠠᠳᠠᠰᠯᠠᠭᠰᠠᠨ ᠭᠦᠵᠡᠭᠡᠨ ᠳᠤ ᠬᠡᠢ ᠦᠭᠡᠢ ᠴᠢᠬᠢᠨ ᠬᠢᠵᠦ ᠢᠳᠡᠬᠦ ᠪᠠᠷ ᠬᠠᠳᠠᠭᠠᠯᠠᠭᠰᠠᠨ ᠦᠷᠦᠮ᠎ᠡ ᠶᠢ ᠴᠠᠭᠠᠨ ᠲᠤᠰᠤ ᠭᠡᠳᠡᠭ᠃ ᠬᠤᠨᠢᠨ ᠰᠦᠨ ᠤ ᠦᠷᠦᠮ᠎ᠡ ᠶᠢᠨ ᠴᠠᠭᠠᠨ ᠲᠤᠰᠤ ᠶᠢᠨ ᠴᠢᠨᠠᠷ ᠨᠢ ᠪᠦᠯᠢᠶᠡᠨ᠂ ᠠᠮᠲᠠ ᠨᠢ ᠭᠤᠰᠢᠭᠤᠨ᠂ ᠬᠤᠷᠴᠠ ᠲᠤᠰᠤᠯᠢᠭ ᠬᠦᠨᠳᠦ ᠴᠢᠨᠠᠷᠲᠠᠢ ᠢᠳᠡᠭᠡᠨ ᠪᠣᠯᠣᠨ᠎ᠠ᠃ ᠡᠨᠡ ᠬᠦ ᠪᠦᠲᠦᠭᠡᠭᠳᠡᠭᠦᠨ ᠤ ᠦᠢᠯᠡᠳᠦᠯ ᠨᠢ ᠬᠡᠢ ᠴᠢᠰᠦᠨ ᠤ ᠭᠦᠶᠦᠳᠡᠯ ᠢ ᠰᠠᠶᠢᠵᠢᠷᠠᠭᠤᠯᠵᠤ᠂ ᠮᠠᠬᠠᠪᠤᠳ ᠢ ᠰᠢᠮᠡᠵᠢᠭᠦᠯᠵᠦ᠂ ᠢᠯᠴᠢ ᠶᠢ ᠡᠭᠦᠰᠭᠡᠨ᠂ ᠬᠦᠢᠲᠡᠨ ᠰᠢᠷ᠎ᠠ ᠤᠰᠣ ᠶᠢ ᠪᠦᠯᠢᠶᠡᠰᠭᠡᠵᠦ᠂ ᠨᠤᠶᠢᠷ ᠢ ᠰᠠᠶᠢᠵᠢᠷᠠᠭᠤᠯᠤᠨ᠂ ᠠᠭᠤᠰᠬᠢ ᠶᠢ ᠠᠮᠤᠷᠵᠢᠭᠤᠯᠵᠤ᠂ ᠪᠦᠭᠡᠷᠡᠨ ᠲᠠᠮᠢᠷ ᠢ ᠰᠠᠶᠢᠵᠢᠷᠠᠭᠤᠯᠤᠨ᠎ᠠ᠃      2.ᠦᠨᠢᠶᠡᠨ ᠰᠦᠨ ᠤ ᠦᠷᠦᠮ᠎ᠡ ᠶᠢᠨ ᠴᠠᠭᠠᠨ ᠲᠤᠰᠤ᠃ ᠦᠨᠢᠶᠡᠨ ᠰᠦᠨ ᠤ ᠦᠷᠦᠮ᠎ᠡ ᠶᠢᠨ ᠴᠠᠭᠠᠨ ᠲᠤᠰᠤ ᠶᠢ ᠬᠤᠷᠢᠶᠠᠵᠤ ᠪᠣᠯᠪᠠᠰᠤᠷᠠᠭᠤᠯᠵᠤ ᠬᠠᠳᠠᠭᠠᠯᠠᠬᠤ ᠠᠷᠭ᠎ᠠ ᠨᠢ ᠮᠦᠨ ᠴᠦ ᠬᠤᠨᠢᠨ ᠰᠦᠨ ᠤ ᠦᠷᠦᠮ᠎ᠡ ᠶᠢᠨ ᠴᠠᠭᠠᠨ ᠲᠤᠰᠤ ᠶᠢ ᠪᠣᠯᠪᠠᠰᠤᠷᠠᠭᠤᠯᠵᠤ ᠬᠠᠳᠠᠭᠠᠯᠠᠬᠤ ᠲᠠᠢ ᠠᠳᠠᠯᠢ ᠪᠠᠶᠢᠳᠠᠭ᠃      ᠡᠨᠡ ᠬᠦ ᠴᠠᠭᠠᠨ ᠲᠤᠰᠤ ᠶᠢᠨ ᠴᠢᠨᠠᠷ ᠨᠢ ᠪᠦᠯᠢᠶᠡᠨ᠂ ᠠᠮᠲᠠ ᠨᠢ ᠬᠦᠴᠢᠯᠯᠢᠭ᠂ ᠭᠤᠰᠢᠭᠤᠨ᠂ ᠲᠤᠰᠤᠯᠢᠭ᠂ ᠬᠦᠨᠳᠦ᠃ ᠲᠡᠭᠦᠨ ᠤ ᠦᠢᠯᠡᠳᠦᠯ ᠨᠢ ᠬᠡᠢ ᠴᠢᠰᠦᠨ ᠤ ᠭᠦᠶᠦᠳᠡᠯ ᠢ ᠰᠠᠶᠢᠵᠢᠷᠠᠭᠤᠯᠵᠤ᠂ ᠢᠯᠴᠢ ᠶᠢ ᠡᠭᠦᠰᠭᠡᠨ᠂ ᠨᠤᠶᠢᠷ ᠢ ᠰᠠᠶᠢᠵᠢᠷᠠᠭᠤᠯᠵᠤ᠂ ᠮᠠᠬᠠᠪᠤᠳ ᠢ ᠰᠢᠮᠡᠵᠢᠭᠦᠯᠦᠨ᠂ ᠠᠭᠤᠰᠬᠢ ᠵᠢᠷᠦᠬᠡ ᠶᠢ ᠠᠮᠤᠷᠵᠢᠭᠤᠯᠵᠤ᠂ ᠪᠦᠭᠡᠷᠡᠨ ᠲᠠᠮᠢᠷ ᠢ ᠰᠠᠶᠢᠵᠢᠷᠠᠭᠤᠯᠤᠨ᠎ᠠ᠃      3.ᠨᠠᠮᠤᠷ ᠤᠨ ᠬᠡᠨᠵᠡ ᠦᠷᠦᠮ᠎ᠡ᠃ ᠨᠠᠮᠤᠷ ᠤᠨ ᠤᠯᠠᠷᠢᠯ ᠤᠨ ᠦᠨᠢᠶᠠᠨ ᠰᠦᠨ ᠤ ᠦᠷᠦᠮ᠎ᠡ ᠶᠢ ᠬᠡᠨᠵᠡ ᠦᠷᠦᠮ᠎ᠡ ᠭᠡᠳᠡᠭ᠃ ᠲᠡᠭᠦᠨ ᠢ ᠪᠦᠲᠦᠭᠡᠭᠳᠡᠭᠦᠨ ᠪᠣᠯᠭᠠᠬᠤ ᠠᠷᠭ᠎ᠠ ᠪᠠᠷᠢᠯ ᠨᠢ ᠳᠡᠭᠡᠷ᠎ᠡ ᠲᠡᠮᠳᠡᠭᠯᠡᠭᠰᠡᠨ ᠦᠨᠢᠶᠡᠨ ᠰᠦᠨ ᠤ ᠴᠠᠭᠠᠨ ᠲᠤᠰᠤ ᠪᠣᠯᠪᠠᠰᠤᠷᠠᠭᠤᠯᠵᠤ ᠬᠠᠳᠠᠭᠠᠯᠠᠬᠤ ᠲᠠᠢ ᠠᠳᠠᠯᠢ ᠪᠠᠶᠢᠳᠠᠭ᠃      ᠨᠠᠮᠤᠷ ᠤᠨ ᠬᠡᠨᠵᠡ ᠦᠷᠦᠮ᠎ᠡ ᠪᠠᠨ ᠬᠤᠷᠠᠮᠳᠣᠭᠤᠯᠵᠣ ᠠᠭᠰᠢᠷᠠᠭᠤᠯᠤᠭᠰᠠᠨ ᠤ ᠳᠠᠷᠠᠭ᠎ᠠ ᠬᠤᠷᠠᠭᠠᠨ ᠤ ᠢᠳᠡᠭᠡᠯᠡᠭᠰᠡᠨ ᠭᠦᠵᠡᠭᠡ ᠪᠣᠶᠣ ᠡᠰᠡᠭᠦᠯ᠎ᠡ ᠬᠤᠨᠢᠨ ᠤ ᠢᠳᠡᠭᠡᠯᠡᠭᠰᠡᠨ ᠣᠯᠣᠭᠠᠢ ᠳᠤ ᠬᠡᠢ ᠦᠭᠡᠢ ᠴᠢᠬᠢᠵᠦ ᠬᠠᠳᠠᠭᠠᠯᠠᠵᠤ ᠢᠳᠡᠳᠡᠭ᠃ ᠡᠨᠡ ᠬᠦ ᠬᠡᠨᠵᠡ ᠦᠷᠦᠮ᠎ᠡ ᠨᠢ ᠳᠡᠮᠡᠢ ᠬᠦᠴᠢᠯᠯᠢᠭ ᠪᠢᠰᠢ᠂ ᠠᠮᠲᠠᠯᠢᠭ ᠠᠮᠲᠠ ᠲᠠᠢ᠂ ᠲᠡᠭᠦᠨ ᠤ ᠦᠢᠯᠡᠳᠦᠯ ᠨᠢ ᠦᠨᠢᠶᠡᠨ ᠰᠦᠨ ᠤ ᠴᠠᠭᠠᠨ ᠲᠤᠰᠤ ᠲᠠᠢ ᠦᠨᠳᠦᠰᠦᠨ ᠳᠡᠭᠡᠨ ᠠᠳᠠᠯᠢ ᠪᠠᠶᠢᠳᠠᠭ᠃      ︵ᠢᠷᠡᠯᠲᠡ᠄ ᠴᠤᠶᠢ᠊· ᠷᠢᠨᠴᠢᠨ ᠤ ᠨᠠᠶᠢᠷᠠᠭᠤᠯᠤᠭᠰᠠᠨ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号