ᠬᠦᠩᠭᠡᠯᠡᠨ ᠵᠠᠰᠠᠭᠰᠠᠨ ᠦᠷᠢᠶ᠎ᠡ ᠶᠢ ᠡᠮᠦᠨ᠎ᠡ ᠬᠤᠶᠠᠷ ᠡᠳᠦᠷ ᠲᠤᠨᠢ ᠲᠦᠷᠭᠡᠨ ᠭᠦᠶᠦᠯᠭᠡᠵᠦ ᠪᠣᠯᠬᠤ ᠦᠭᠡᠢ᠂ | ᠭᠡᠪᠡᠴᠦ ᠢᠯᠡᠭᠦᠦ ᠲᠤᠭᠤᠷᠢᠭᠤᠯᠤᠨᠠ᠃ ᠡᠩ ᠤᠨ ᠪᠠᠶᠢᠳᠠᠯ ᠳᠤᠤᠷ᠎ᠠ ᠪᠡᠯᠴᠢᠭᠡᠷ ᠲᠤᠨᠢ ᠰᠠᠨᠠᠭ᠎ᠠ ᠪᠠᠷ ᠨᠢ ᠪᠠᠶᠢᠯᠭᠠᠪᠠᠯ | ᠪᠣᠯᠴᠢᠬᠠᠨ᠎ᠠ᠃ ᠬᠤᠷᠢᠨ ᠨᠢᠭᠡᠨ ᠬᠤᠨᠤᠭ ᠪᠤᠯᠤᠭᠰᠠᠨ ᠤ ᠬᠢᠨᠢ ᠳᠠᠷᠠᠭ᠎ᠠ ᠪᠠᠷᠢᠵᠤ ᠠᠪᠤᠭᠠᠳ ᠦᠳᠡ ᠶᠢᠨ ᠬᠠᠯᠠᠭᠤᠨ | ᠨᠠᠷᠠ ᠪᠠᠷ ᠳᠠᠷᠤᠨ ᠤᠨᠤᠵᠤ ᠪᠠᠭ᠋ᠠᠨ ᠬᠦᠯᠦᠰᠦᠯᠡᠭᠡᠳ ᠳᠠᠬᠢᠨ ᠲᠠᠯᠪᠢᠨ᠎ᠠ᠃ ᠢᠩᠭᠢᠭᠡᠳ ᠪᠠᠰᠠ ᠨᠢᠭᠡ ᠭᠠᠷᠠᠭ ᠪᠣᠶᠣ | ᠠᠷᠪᠠ ᠬᠤᠨᠤᠭ ᠤᠨ ᠳᠠᠷᠠᠭ᠎ᠠ ᠰᠠᠶ᠋ᠢ ᠤᠨᠤᠯᠭ᠎ᠠ ᠵᠠᠷᠤᠯᠭ᠎ᠠ ᠳᠤ ᠬᠡᠷᠡᠭᠯᠡᠵᠦ ᠪᠣᠯᠬᠤ ᠪᠣᠯᠣᠨ᠎ᠠ᠃ ᠲᠡᠷᠡ ᠦᠶ᠎ᠡ ᠳᠤ | ᠦᠷᠢᠶ᠎ᠡ ᠶᠢᠨ ᠰᠢᠷᠬ᠎ᠠ ᠴᠢᠮᠳᠠᠭᠠ ᠨᠢ ᠪᠦᠷᠢᠮᠦᠰᠦᠨ ᠡᠳᠡᠭᠡᠷᠡᠴᠢᠬᠡᠨ᠎ᠡ᠂ ᠡᠰᠭᠡᠭᠰᠡᠨ ᠦᠷᠢᠶ᠎ᠡ ᠶᠢᠨ ᠠᠷᠠᠴᠢᠯᠠᠭ᠎ᠠ | ᠤᠯᠠᠩᠬᠢ ᠭᠠᠵᠠᠷ ᠲᠤ ᠪᠠᠷᠤᠭ ᠠᠳᠠᠯᠢ ᠪᠠᠶᠢᠳᠠᠭ᠃ | | | ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ | ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |