ᠪᠣᠭ ᠮᠠᠯ ᠤᠨ ᠰᠦᠰᠦ ᠬᠦᠭᠡᠭᠡᠬᠦ ᠡᠪᠡᠳᠴᠢᠨ ᠶᠠᠮᠠᠷ ᠰᠢᠨᠵᠢ ᠲᠡᠮᠳᠡᠭ ᠲᠠᠢ ᠪᠣᠢ
ᠨᠡᠶᠢᠲᠡᠯᠡᠭᠰᠡᠨ ᠴᠠᠭ᠄
2021/3/4
     ᠬᠤᠨᠢ ᠢᠮᠠᠭᠠᠨ ᠤ ᠰᠦᠰᠦ ᠬᠦᠭᠡᠭᠡᠬᠦ ᠡᠪᠡᠳᠴᠢᠨ ᠢ ᠪᠠᠰᠠ ᠰᠦᠰᠦᠨ ᠤ ᠴᠤᠷᠭᠤ ᠶᠢᠨ ᠦᠷᠪᠢᠰᠦᠯ ᠪᠣᠶᠣ ᠰᠦᠰᠦᠨ ᠤ ᠴᠣᠯᠴᠣᠩ ᠤᠨ ᠦᠷᠪᠢᠰᠦᠯ ᠭᠡᠵᠦ ᠬᠡᠯᠡᠳᠡᠭ᠂ ᠲᠤᠰ ᠡᠪᠡᠳᠴᠢᠨ ᠤᠯᠠᠩᠬᠢ ᠳᠠᠭᠠᠨ ᠡᠪᠦᠯ ᠬᠠᠪᠤᠷ ᠤᠨ ᠤᠯᠠᠷᠢᠯ ᠳᠤ ᠠᠭᠤᠷ ᠠᠮᠢᠰᠬᠤᠯ ᠬᠠᠬᠢᠷ ᠬᠦᠢᠲᠡᠨ᠂ ᠭᠠᠩ ᠬᠠᠭᠤᠷᠠᠢ᠂ ᠣᠷᠴᠢᠨ ᠲᠤᠭᠤᠷᠢᠨ ᠤ ᠡᠷᠡᠭᠦᠯ ᠬᠠᠮᠠᠭᠠᠯᠠᠯ ᠪᠠ ᠰᠡᠷᠭᠡᠶᠢᠯᠡᠬᠦ ᠠᠵᠢᠯ ᠢ ᠭᠦᠢᠴᠡᠳ ᠬᠢᠭᠰᠡᠨ ᠦᠭᠡᠢ ᠠᠴᠠ ᠪᠣᠯᠵᠣ ᠳᠡᠯᠭᠡᠷᠡᠨ᠎ᠡ᠃      ᠲᠤᠰ ᠡᠪᠡᠳᠴᠢᠨ ᠳᠤ ᠨᠡᠷᠪᠡᠭᠳᠡᠪᠡᠯ ᠭᠤᠣᠯᠳᠠᠭᠤ ᠡᠬᠢᠨ ᠳᠡᠭᠡᠨ ᠢᠳᠡᠰᠢᠨ ᠳᠤ ᠳᠤᠷ᠎ᠠ ᠠᠯᠳᠠᠷᠠᠬᠤ ᠪᠣᠶᠣ ᠢᠳᠡᠰᠢᠨ ᠠᠴᠠ ᠭᠠᠷᠤᠨ᠎ᠠ᠂ ᠠᠭᠠᠵᠢᠮ ᠢᠶᠠᠷ ᠡᠴᠡᠵᠦ᠂ ᠭᠡᠳᠡᠰᠦ ᠨᠢ ᠪᠠᠶᠢᠨ ᠪᠠᠶᠢᠨ ᠬᠦᠭᠡᠭᠡᠵᠦ᠂ ᠰᠦᠷ ᠰᠦᠯᠳᠡ ᠨᠢ ᠪᠠᠭᠤᠷᠠᠨ᠎ᠠ᠃ ᠦᠰᠦ ᠨᠢ ᠪᠤᠷᠵᠢᠢᠭᠠᠳ ᠦᠩᠭᠡ ᠰᠢᠨᠵᠢ ᠪᠠᠨ ᠠᠯᠳᠠᠨ᠎ᠠ᠂ ᠳᠠᠶᠢᠪᠠᠯᠵᠠᠨ ᠠᠯᠬᠤᠵᠤ᠂ ᠨᠢᠳᠦᠨ ᠤ ᠰᠠᠯᠢᠰᠤᠲᠤ ᠪᠦᠷᠬᠦᠪᠴᠢ ᠨᠢ ᠣᠯᠠᠶᠢᠵᠤ᠂ ᠰᠢᠭᠡᠰᠦ ᠨᠢ ᠣᠪ ᠤᠯᠠᠭᠠᠨ ᠪᠣᠯᠵᠣ ᠬᠤᠷᠭᠤᠰᠤᠯᠠᠳᠠᠭ᠃ ᠬᠦᠨᠳᠦᠷᠡᠪᠡᠯ ᠪᠠᠰᠠ ᠴᠢᠴᠠᠭ᠎ᠠ ᠠᠯᠳᠠᠵᠤ᠂ ᠬᠡᠯᠡ ᠨᠢ ᠤᠯᠠᠶᠢᠨ᠎ᠠ᠂ ᠴᠢᠨᠠᠭᠰᠢᠯᠠᠪᠠᠯ ᠲᠦᠷᠭᠡᠨ ᠴᠢᠨᠠᠷ ᠲᠠᠢ ᠰᠦᠰᠦᠨ ᠤ ᠦᠷᠪᠢᠰᠦᠯ ᠪᠣᠯᠵᠣ ᠪᠡᠶ᠎ᠡ ᠶᠢᠨ ᠳᠤᠯᠠᠭᠠᠨ ᠨᠢ ᠳᠡᠭᠡᠭᠰᠢᠯᠡᠵᠦ ᠲᠠᠶᠢᠪᠤᠩ ᠠᠯᠳᠠᠨ᠎ᠠ᠃      ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号