ᠦᠷᠦᠮ᠎ᠡ
ᠨᠡᠶᠢᠲᠡᠯᠡᠭᠰᠡᠨ ᠴᠠᠭ᠄
2021/3/5
     ᠦᠷᠦᠮ᠎ᠡ ᠭᠡᠳᠡᠭ ᠴᠠᠭᠠᠨ ᠢᠳᠡᠭᠡᠨ ᠤ ᠪᠦᠲᠦᠭᠡᠭᠳᠡᠭᠦᠨ ᠢ ᠭᠤᠤᠯᠳᠠᠭᠤ ᠦᠨᠢᠶᠡᠨ ᠰᠦᠨ ᠤ ᠦᠷᠦᠮ᠎ᠡ᠂ ᠬᠤᠨᠢᠨ ᠰᠦᠨ ᠤ ᠦᠷᠦᠮ᠎ᠡ᠂ ᠲᠡᠮᠡᠭᠡᠨ ᠰᠦᠨ ᠤ ᠦᠷᠦᠮ᠎ᠡ ᠭᠡᠵᠦ ᠭᠤᠷᠪᠠᠨ ᠵᠦᠢᠯ ᠳᠤ ᠠᠩᠭᠢᠯᠠᠨ ᠬᠤᠪᠢᠶᠠᠵᠤ ᠪᠠᠶᠢᠳᠠᠭ᠃      ᠦᠨᠢᠶᠡᠨ ᠰᠦᠨ ᠤ ᠦᠷᠦᠮ᠎ᠡ ᠪᠣᠯ ᠠᠮᠲᠠᠯᠢᠭ ᠠᠮᠲᠠᠲᠠᠢ᠂ ᠲᠤᠰᠤᠯᠢᠭ᠂ ᠰᠡᠷᠢᠭᠦᠨ ᠴᠢᠨᠠᠷᠲᠠᠢ᠂ ᠲᠠᠮᠢᠷ ᠢ ᠰᠠᠶᠢᠵᠢᠷᠠᠭᠤᠯᠵᠤ ᠰᠢᠮᠡᠵᠢᠭᠦᠯᠬᠦ᠂ ᠲᠤᠰᠤᠯ ᠴᠢᠮᠦᠭᠡ ᠶᠢ ᠰᠡᠯᠪᠢᠬᠦ᠂ ᠦᠩᠭᠡ ᠬᠦᠴᠦᠨ ᠢ ᠨᠡᠮᠡᠭᠳᠡᠭᠦᠯᠬᠦ᠂ ᠬᠡᠢ ᠶᠢ ᠳᠠᠷᠤᠬᠤ᠂ ᠳᠤᠷ᠎ᠠ ᠶᠢ ᠨᠡᠬᠡᠭᠡᠬᠦ ᠴᠢᠳᠠᠯ ᠲᠠᠢ ᠪᠠᠶᠢᠳᠠᠭ᠃      ᠬᠤᠨᠢᠨ ᠰᠦᠨ ᠤ ᠦᠷᠦᠮ᠎ᠡ ᠪᠣᠯ ᠴᠢᠨᠠᠷ ᠨᠢ ᠬᠦᠨᠳᠦ᠂ ᠠᠮᠲᠠ ᠨᠢ ᠨᠢᠯᠠᠭᠤᠨ᠂ ᠬᠤᠷᠴᠠ ᠲᠤᠰᠣᠯᠢᠭ ᠪᠠᠶᠢᠳᠠᠭ᠃ ᠲᠡᠭᠦᠨ ᠤ ᠦᠢᠯᠡᠳᠦᠯ ᠨᠢ ᠬᠡᠢ ᠶᠢ ᠳᠠᠷᠣᠵᠣ᠂ ᠢᠯᠴᠢ ᠶᠢ ᠡᠭᠦᠰᠭᠡᠨ ᠨᠣᠶᠢᠷ ᠢ ᠰᠠᠶᠢᠵᠢᠷᠠᠭᠤᠯᠵᠤ᠂ ᠪᠡᠶ᠎ᠡ ᠮᠠᠬᠠᠪᠤᠳ ᠢ ᠰᠢᠮᠡᠵᠢᠭᠦᠯᠳᠡᠭ ᠪᠠ ᠠᠷᠠᠰᠤ ᠮᠢᠬ᠎ᠠ ᠶᠢ ᠵᠦᠭᠡᠯᠡᠷᠡᠭᠦᠯᠵᠦ ᠦᠩᠭᠡ ᠵᠢᠰᠦ ᠶᠢ ᠭᠤᠶᠤᠵᠢᠭᠤᠯᠳᠠᠭ᠃      ᠲᠡᠮᠡᠭᠡᠨ ᠰᠦᠨ ᠤ ᠦᠷᠦᠮ᠎ᠡ ᠨᠢ ᠮᠦᠨ ᠴᠤ ᠰᠢᠮ᠎ᠡ ᠲᠡᠵᠢᠭᠡᠯ ᠢᠶᠠᠷ ᠮᠠᠰᠢ ᠰᠠᠶᠢᠨ ᠪᠠᠶᠢᠳᠠᠭ᠃      ︵ᠢᠷᠡᠯᠲᠡ᠄ ᠴᠤᠶᠢ᠊· ᠷᠢᠨᠴᠢᠨ ᠤ ᠨᠠᠶᠢᠷᠠᠭᠤᠯᠤᠭᠰᠠᠨ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号