ᠬᠤᠷᠠᠭ᠎ᠠ ᠢᠰᠢᠭᠡ ᠴᠠᠭᠠᠯᠠᠬᠤ
ᠨᠡᠶᠢᠲᠡᠯᠡᠭᠰᠡᠨ ᠴᠠᠭ᠄
2021/4/14
     ᠬᠤᠷᠠᠭ᠎ᠠ ᠢᠰᠢᠭᠡ ᠶᠢ ᠴᠢᠮᠬᠢᠨ ᠵᠠᠰᠠᠬᠤ      ᠬᠤᠷᠠᠭ᠎ᠠ ᠢᠰᠢᠭᠡ ᠶᠢ ᠴᠠᠭᠠᠯᠠᠬᠤ ᠶᠢ ᠪᠠᠰᠠ ᠴᠢᠮᠬᠢᠨ ᠵᠠᠰᠠᠬᠤ ᠭᠡᠳᠡᠭ᠃ ᠮᠣᠩᠭᠤᠯᠴᠣᠳ ᠶᠡᠷᠦ ᠨᠢ ᠲᠠᠪᠤᠨ ᠬᠤᠰᠢᠭᠤ ᠮᠠᠯ ᠤᠨ ᠡᠷ᠎ᠡ ᠬᠦᠢᠰᠦᠲᠡᠨ ᠢ ᠴᠠᠭᠠᠯᠠᠬᠤ ᠶᠢ ᠴᠡᠭᠡᠷᠯᠡᠯ ᠪᠣᠯᠭᠠᠨ ᠴᠢᠮᠬᠢᠬᠦ᠂ ᠬᠦᠩᠭᠡᠯᠡᠬᠦ᠂ ᠡᠰᠭᠡᠬᠦ᠂ ᠠᠭᠲᠠᠯᠠᠬᠤ᠂ ᠬᠠᠭᠠᠷᠢᠬᠤ᠂ ᠰᠠᠪᠰᠠᠯᠭ᠎ᠠ ᠬᠢᠬᠦ᠂ ᠬᠦᠩᠭᠡᠯᠡᠨ ᠵᠠᠰᠠᠬᠤ ᠭᠡᠬᠦ ᠮᠡᠲᠦ ᠪᠠᠷ ᠬᠡᠯᠡᠳᠡᠭ᠃      ᠬᠤᠷᠠᠭ᠎ᠠ ᠢᠰᠢᠭᠡ ᠶᠢ ᠴᠢᠮᠬᠢᠨ ᠵᠠᠰᠠᠬᠤ ᠳᠤ ᠵᠠᠪᠠᠯ ᠬᠠᠩᠰᠢ ᠶᠢᠨ ᠡᠳᠦᠷ ᠭᠡᠰᠡᠨ ᠪᠢᠰᠢ᠂ ᠰᠠᠯᠬᠢ ᠵᠢᠪᠠᠷ ᠪᠠᠭ᠎ᠠ᠂ ᠲᠤᠩᠭᠠᠯᠠᠭ ᠰᠠᠶᠢᠬᠠᠨ ᠪᠦᠭᠡᠳ ᠦᠯᠵᠡᠶᠢᠲᠦ ᠡᠳᠦᠷ ᠢ ᠰᠣᠩᠭᠤᠨ ᠬᠤᠷᠠᠭ᠎ᠠ ᠢᠰᠢᠭᠡ ᠪᠠᠨ ᠨᠢᠭᠡ ᠬᠠᠰᠢᠶᠠᠨ ᠲᠤ ᠴᠤᠭᠯᠠᠭᠤᠯᠬᠤ ᠪᠣᠶᠣ ᠡᠰᠡᠭᠦᠯ᠎ᠡ ᠠᠶᠢᠯ ᠡᠷᠦᠬᠡ ᠪᠠᠷ ᠢᠶᠠᠨ ᠨᠢᠭᠡᠴᠡ ᠪᠣᠯᠭᠠᠨ ᠴᠢᠯᠬᠢᠨ ᠵᠠᠰᠠᠬᠤ ᠬᠤᠷᠠᠭ᠎ᠠ ᠢᠰᠢᠭᠡ ᠪᠠᠨ ᠬᠠᠰᠢᠶᠠᠯᠠᠨ ᠪᠡᠯᠡᠳᠭᠡᠨ᠎ᠡ᠃ ᠬᠤᠷᠠᠭ᠎ᠠ ᠢᠰᠢᠭᠡ ᠴᠢᠮᠬᠢᠨ ᠵᠠᠰᠠᠭᠴᠢ ᠬᠦᠮᠦᠨ ᠭᠠᠷ ᠪᠠ ᠬᠡᠷᠡᠭᠯᠡᠬᠦ ᠬᠢᠲᠤᠭ᠎ᠠ ᠪᠠᠨ ᠦᠨᠳᠦᠷ ᠰᠠᠩ ᠤᠨ ᠠᠷᠢᠭᠤᠨ ᠴᠠᠭᠠᠨ ᠤᠲᠤᠭᠠᠨ ᠳᠤ ᠠᠷᠢᠭᠤᠳᠬᠠᠨ ᠴᠡᠪᠡᠷᠯᠡᠭᠡᠳ ᠬᠤᠷᠠᠭ᠎ᠠ ᠢᠰᠢᠭᠡᠨ ᠤ ᠬᠠᠰᠢᠶᠠᠨ ᠳᠤ ᠤᠷᠤᠨ᠎ᠠ᠃ ᠡᠨᠡ ᠦᠶ᠎ᠡ ᠳᠤ ᠭᠡᠷ ᠤᠨ ᠡᠵᠡᠨ ᠠᠴᠠ ᠵᠤᠷᠰᠢᠯ ᠶᠤᠰᠤ ᠪᠠᠷ ᠮᠣᠳᠣᠨ ᠰᠠᠭᠤᠯᠠᠭᠠᠨ ᠳᠤ ᠳᠣᠮᠳᠠᠭᠤᠷ ᠬᠢᠷᠢᠲᠡᠢ ᠰᠦ ᠰᠠᠪᠠᠯᠠᠭᠠᠳ ᠬᠠᠰᠢᠶᠠᠨ ᠤ ᠳᠣᠮᠳᠠ ᠨᠢ ᠲᠠᠯᠪᠢᠨ᠎ᠠ᠃ ᠰᠠᠭᠤᠯᠠᠭ᠎ᠠ ᠶᠢ ᠠᠷᠢᠭᠤᠳᠬᠠᠨ ᠴᠡᠪᠡᠷᠯᠡᠬᠦ ᠨᠢ ᠪᠢᠷᠠᠭᠤ ᠵᠠᠰᠠᠬᠤ ᠲᠠᠢ ᠠᠳᠠᠯᠢᠬᠠᠨ ᠶᠤᠮ᠃ ᠳᠠᠷᠠᠭ᠎ᠠ ᠪᠠᠷ ᠨᠢ ᠭᠡᠷ ᠤᠨ ᠡᠵᠡᠨ ᠠᠴᠠ ᠬᠤᠴᠠ᠂ ᠤᠬᠤᠨ᠎ᠠ ᠲᠠᠯᠪᠢᠬᠤ ᠪᠠᠷ ᠰᠣᠩᠭᠤᠭᠰᠠᠨ ᠬᠤᠷᠠᠭ᠎ᠠ ᠢᠰᠢᠭᠡ ᠶᠢ ᠤᠷᠢᠳ ᠢᠶᠠᠷ ᠪᠠᠷᠢᠵᠤ ᠠᠪᠤᠭᠠᠳ ᠬᠠᠰᠢᠶᠠᠨ ᠠᠴᠠ ᠭᠠᠷᠭᠠᠨ᠎ᠠ᠃ ᠦᠯᠡᠳᠡᠭᠰᠡᠨ ᠴᠢᠮᠬᠢᠨ ᠵᠠᠰᠠᠬᠤ ᠭᠡᠵᠦ ᠪᠠᠶᠢᠭ᠎ᠠ ᠬᠤᠷᠠᠭ᠎ᠠ᠂ ᠢᠰᠢᠭᠡ ᠪᠠᠨ ᠨᠢᠭᠡ ᠨᠢᠭᠡ ᠪᠠᠷ ᠨᠢ ᠪᠠᠷᠢᠵᠤ ᠠᠪᠤᠭᠠᠳ ᠴᠢᠩᠭ᠎ᠠ ᠰᠢᠭ᠋ ᠲᠡᠪᠡᠷᠢᠵᠤ ᠵᠤᠭᠰᠤᠨ᠎ᠠ᠃      ᠵᠠᠰᠠᠭᠴᠢ ᠬᠦᠮᠦᠨ ᠤᠷᠢᠳ ᠢᠶᠠᠷ ᠬᠤᠷᠠᠭ᠎ᠠ ᠪᠤᠶᠤ ᠢᠰᠢᠭᠡᠨ ᠤ ᠪᠦᠭᠡᠷ᠎ᠡ ᠶᠢᠨ ᠬᠠᠪᠳᠠᠭ ᠢ ᠴᠢᠮᠬᠢᠨ ᠠᠪᠴᠤ᠂ ᠳᠠᠷᠠᠭ᠎ᠠ ᠨᠢ ᠬᠠᠪᠳᠠᠭ ᠳᠡᠭᠡᠷ᠎ᠡ ᠠᠴᠠ ᠨᠢ ᠨᠢᠭᠡ ᠴᠢᠮᠬᠢ ᠦᠰᠦ ᠦᠭᠲᠡᠭᠡᠨ ᠠᠪᠴᠤ ᠲᠠᠷᠨᠢᠳᠠᠨ ᠦᠯᠢᠶᠡᠭᠡᠳ ᠪᠦᠭᠡᠷ᠎ᠡ ᠶᠢᠨ ᠬᠠᠪᠳᠠᠭ ᠢ ᠨᠢ ᠳᠠᠪᠤᠰᠤᠲᠠᠢ ᠤᠰᠣ ᠪᠠᠷ ᠰᠠᠶᠢᠲᠤᠷ ᠱᠠᠪᠰᠢᠵᠤ ᠬᠤᠷᠴᠠ ᠬᠢᠲᠤᠭ᠎ᠠ ᠪᠠᠷ ᠪᠠᠭ᠎ᠠ ᠰᠢᠭ᠋ ᠬᠤᠶᠠᠷ ᠭᠤᠯᠳᠣ ᠤᠭᠲᠤᠯᠵᠤ ᠬᠤᠷᠠᠭ᠎ᠠ ᠢᠰᠢᠭᠡ ᠶᠢᠨ ᠪᠢᠴᠢᠬᠠᠨ ᠪᠦᠭᠡᠨᠰᠦᠭ ᠢ ᠨᠢ ᠰᠢᠬᠠᠨ ᠭᠠᠷᠭᠠᠭᠠᠳ᠂ ᠨᠠᠷᠢᠨ ᠬᠤᠶᠠᠷ ᠭᠤᠤᠷᠰᠤ ᠶᠢ ᠨᠢ ᠭᠠᠷ ᠢᠶᠠᠷ ᠢᠶᠠᠨ ᠰᠢᠭᠤᠳ ᠲᠠᠰᠣᠯᠵᠣ ᠪᠦᠭᠡᠨᠰᠦᠭ ᠢ ᠨᠢ ᠰᠠᠭᠤᠯᠠᠭ᠎ᠠ ᠲᠠᠢ ᠰᠦᠨ ᠳᠤᠲᠤᠷ᠎ᠠ ᠬᠠᠶᠠᠵᠤ ᠤᠷᠤᠭᠤᠯᠤᠨ᠎ᠠ᠃ ᠲᠡᠭᠡᠭᠡᠳ ᠵᠠᠰᠠᠭᠰᠠᠨ ᠬᠤᠷᠠᠭ᠎ᠠ ᠪᠤᠶᠤ ᠢᠰᠢᠭᠡ ᠶᠢᠨ ᠨᠢᠷᠤᠭᠤᠨ ᠳᠡᠭᠡᠷ᠎ᠡ ᠨᠢ ᠬᠡᠳᠦ ᠢᠯᠪᠢᠭᠡᠳ ᠲᠠᠯᠪᠢᠵᠤ ᠶᠠᠪᠤᠭᠤᠯᠤᠨ᠎ᠠ᠃ ᠬᠦᠩᠭᠡᠯᠡᠬᠦ ᠠᠵᠢᠯᠯᠠᠭ᠎ᠠ ᠨᠢ ᠡᠨᠡ ᠮᠡᠲᠦ ᠶᠠᠪᠤᠭᠳᠠᠵᠤ ᠬᠠᠰᠢᠶ᠎ᠠ ᠲᠠᠢ ᠬᠤᠷᠠᠭ᠎ᠠ ᠢᠰᠢᠭᠡ ᠶᠢ ᠴᠢᠮᠬᠢᠨ ᠵᠠᠰᠠᠬᠤ ᠠᠵᠢᠯ ᠵᠶ᠋ᠠᠨ‌‍ᠲ᠋ᠡᠭᠦᠰᠭᠡᠨ᠎ᠡ᠃      ᠭᠡᠷ ᠤᠨ ᠡᠵᠡᠨ ᠰᠠᠭᠤᠯᠠᠭ᠎ᠠ ᠲᠠᠢ ᠪᠦᠭᠡᠨᠰᠦᠭ ᠢ ᠭᠡᠷ ᠲᠡᠭᠡᠨ ᠠᠪᠴᠤ ᠤᠷᠤᠭᠠᠳ ᠡᠷᠲᠡ ᠠᠴᠠ ᠴᠡᠪᠡᠷᠯᠡᠨ ᠪᠡᠯᠡᠳᠭᠡᠭᠰᠡᠨ ᠲᠤᠭᠤᠭᠠᠨ ᠳᠠᠭᠠᠨ ᠪᠦᠭᠡᠨᠰᠦᠭ ᠢ ᠰᠦ ᠲᠠᠢ ᠬᠠᠮᠲᠤ ᠳᠤᠨᠢ ᠴᠢᠳᠬᠤᠵᠤ ᠤᠷᠤᠭᠤᠯᠤᠭᠠᠳ ᠳᠡᠭᠡᠷ᠎ᠡ ᠨᠢ ᠣᠰᠤ ᠨᠡᠮᠡᠵᠦ᠂ ᠣᠬᠢᠶᠠᠵᠤ ᠴᠡᠪᠡᠷᠯᠡᠭᠰᠡᠨ ᠨᠠᠷᠢᠮᠤ ᠶᠢᠨ ᠴᠠᠭᠠᠨ ᠢ ᠪᠠᠭ᠎ᠠ ᠬᠢᠵᠦ ᠵᠤᠤᠬᠠᠨ ᠳᠠᠭᠠᠨ ᠭᠠᠯ ᠨᠤᠴᠤᠭᠠᠨ ᠪᠦᠭᠡᠨᠰᠦᠭ ᠲᠠᠢ ᠪᠤᠳᠠᠭ᠎ᠠ ᠴᠢᠨᠠᠨ᠎ᠠ᠃      ᠪᠤᠳᠠᠭ᠎ᠠ ᠪᠤᠯᠤᠭᠰᠠᠨ ᠤ ᠳᠠᠷᠠᠭ᠎ᠠ ᠭᠡᠷ ᠤᠨ ᠡᠵᠡᠨ ᠪᠤᠳᠠᠭᠠᠨ ᠠᠴᠠ ᠠᠶᠠᠭᠠᠯᠠᠨ ᠠᠪᠴᠤ ᠬᠦᠷᠢᠶᠡᠨ ᠳᠤᠮᠳᠠ ᠪᠠᠨ ᠵᠤᠭᠰᠤᠵᠤ ᠲᠡᠭᠷᠢ ᠭᠠᠵᠠᠷ᠂ ᠨᠤᠲᠤᠭ ᠪᠡᠯᠴᠢᠭᠡᠷ᠂ ᠠᠭᠤᠯᠠ ᠤᠰᠤᠨ ᠤ ᠪᠠᠨ ᠨᠠᠪᠳᠠᠭ ᠰᠠᠪᠳᠠᠭ ᠲᠤ ᠰᠠᠴᠤᠯᠢ ᠡᠷᠭᠦᠨ᠂ ᠮᠠᠯ ᠰᠦᠷᠦᠭ᠂ ᠠᠶᠢᠯ ᠬᠤᠲᠠ ᠶᠢᠨ ᠢᠶᠠᠨ ᠠᠮᠤᠷ ᠲᠦᠪᠰᠢᠨ ᠪᠠᠶᠢᠬᠤ ᠪᠠ ᠬᠤᠨᠢ ᠢᠮᠠᠭᠠᠨ ᠰᠦᠷᠦᠭ ᠤᠨ ᠢᠶᠠᠨ ᠦᠨᠢᠷ ᠦᠰᠦᠯᠲᠡ ᠲᠠᠢ ᠪᠠᠶᠢᠬᠤ ᠶᠢ ᠳᠠᠭᠠᠳᠬᠠᠨ᠎ᠠ᠃ ᠲᠡᠭᠡᠵᠦ ᠪᠠᠷᠠᠭᠰᠠᠨ ᠤ ᠳᠠᠷᠠᠭ᠎ᠠ ᠪᠦᠬᠦ ᠬᠦᠮᠦᠰ ᠪᠦᠭᠡᠨᠰᠦᠭ ᠲᠠᠢ ᠪᠤᠳᠠᠭ᠎ᠠ ᠪᠠᠨ ᠢᠳᠡᠨ᠎ᠡ᠃ ᠴᠡᠭᠡᠷᠯᠡᠬᠦ ᠨᠢᠭᠡᠨ ᠵᠦᠢᠯ ᠭᠡᠪᠡᠯ ᠡᠨᠡ ᠪᠤᠳᠠᠭ᠎ᠠ ᠶᠢ ᠭᠠᠳᠠᠨᠠᠬᠢ ᠬᠦᠮᠦᠨ ᠳᠤ ᠢᠳᠡᠭᠦᠯᠬᠦ ᠦᠭᠡᠢ ᠪᠠᠶᠢᠳᠠᠭ᠃ ᠤᠴᠢᠷ ᠨᠢ ᠬᠤᠨᠢ ᠮᠠᠯ ᠤᠨ ᠪᠦᠭᠡᠨᠰᠦᠭ ᠲᠤ ᠦᠷ᠎ᠡ ᠦᠨᠳᠦᠰᠦ ᠦᠰᠦᠯᠲᠡ ᠪᠤᠶᠢᠵᠢᠯᠲᠠ ᠶᠢᠨ ᠠᠭᠤᠯᠭ᠎ᠠ ᠪᠠ ᠮᠠᠯ ᠤᠨ ᠬᠡᠰᠢᠭ ᠪᠤᠶᠠᠨ ᠤᠷᠤᠰᠢᠳᠠᠭ ᠭᠡᠵᠦ ᠦᠵᠡᠳᠡᠭ ᠪᠣᠯᠬᠤᠷ ᠮᠠᠯ ᠰᠦᠷᠦᠭ ᠤᠨ ᠢᠶᠠᠨ ᠬᠡᠰᠢᠭ ᠪᠤᠶᠠᠨ ᠢ ᠶᠠᠭᠠᠬᠢᠨ ᠭᠠᠳᠠᠭᠰᠢ ᠶᠠᠪᠤᠭᠤᠯᠬᠤ ᠪᠣᠢ ᠭᠡᠳᠡᠭ ᠪᠢᠯᠡ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号