ᠦᠨᠢᠶᠡᠨ ᠰᠦᠨ ᠤ ᠪᠦᠲᠦᠭᠡᠭᠳᠡᠭᠦᠨ ᠡᠭᠡᠳᠡᠭᠰᠡᠨ ᠰᠦ
ᠨᠡᠶᠢᠲᠡᠯᠡᠭᠰᠡᠨ ᠴᠠᠭ᠄
2021/4/30
     ᠡᠭᠡᠳᠡᠭᠰᠡᠨ ᠰᠦ ᠶᠢᠨ ᠴᠢᠨᠠᠷ ᠨᠢ ᠰᠡᠷᠢᠭᠦᠨ᠂ ᠬᠦᠩᠭᠡᠨ᠂ ᠠᠮᠲᠠᠯᠢᠭ ᠪᠠᠶᠢᠳᠠᠭ᠃ ᠲᠡᠭᠦᠨ ᠤ ᠦᠢᠯᠡᠳᠦᠯ ᠨᠢ ᠰᠢᠷ᠎ᠠ ᠶᠢ ᠳᠠᠷᠣᠵᠣ᠂ ᠣᠮᠳᠠᠭᠠᠰᠬᠤ ᠶᠢ ᠲᠠᠶᠢᠯᠵᠤ᠂ ᠦᠯ ᠳᠠᠷᠤᠵᠤ᠂ ᠠᠮᠢᠰᠬᠤᠯ ᠢ ᠠᠭᠤᠵᠢᠷᠠᠭᠤᠯᠵᠤ᠂ ᠬᠡᠢ ᠴᠢᠰᠦᠨ ᠤ ᠭᠦᠶᠦᠳᠡᠯ ᠢ ᠰᠠᠶᠢᠵᠢᠷᠠᠭᠤᠯᠵᠤ᠂ ᠪᠡᠶ᠎ᠡ ᠮᠠᠬᠠᠪᠤᠳ ᠢ ᠲᠠᠶᠢᠪᠤᠰᠢᠷᠠᠭᠤᠯᠳᠠᠭ᠃ ᠡᠭᠦᠨ ᠳᠤ ᠡᠭᠡᠳᠡᠭᠰᠡᠨ ᠰᠦ ᠶᠢ ᠳᠠᠷᠠᠭᠠᠬᠢ ᠮᠡᠲᠦ ᠬᠦᠮᠦᠰ ᠤᠤᠭᠤᠪᠠᠯ ᠮᠠᠰᠢ ᠲᠤᠬᠢᠷᠠᠮᠵᠢᠲᠠᠢ ᠪᠠᠶᠢᠳᠠᠭ᠃      1.ᠨᠢᠶᠡᠨ ᠳᠠᠷᠤᠭᠴᠢ ᠬᠦᠮᠦᠰ᠄ ᠨᠢᠶᠡᠨ ᠳᠠᠷᠤᠭᠴᠢ ᠨᠢ ᠡᠪᠡᠳᠴᠢᠨ ᠡᠭᠦᠰᠭᠡᠭᠦ ᠪᠠᠺᠲ᠋ᠧᠷᠢ ᠶᠢ ᠬᠤᠷᠢᠭᠯᠠᠬᠤ ᠶᠢᠨ ᠬᠠᠮᠲᠤ ᠡᠪᠡᠳᠴᠢᠨ ᠡᠰᠡ ᠡᠭᠦᠰᠭᠡᠬᠦ ᠪᠠᠺᠲ᠋ᠧᠷᠢ ᠶᠢ ᠴᠤ ᠬᠤᠷᠢᠭᠯᠠᠳᠠᠭ ᠤᠴᠢᠷ ᠠᠴᠠ ᠨᠢᠶᠠᠨ ᠳᠠᠷᠤᠭᠴᠢ ᠶᠢ ᠬᠡᠷᠡᠭᠯᠡᠳᠡᠭ ᠬᠦᠮᠦᠰ ᠤᠨ ᠬᠦᠩᠭᠡᠨ ᠰᠢᠭ ᠨᠢ ᠬᠤᠭᠤᠯᠠᠨ ᠤ ᠳᠤᠷᠠᠰᠢᠯ ᠮᠠᠭᠤᠳᠠᠵᠤ᠂ ᠪᠦᠭᠡᠯᠵᠢᠰᠦ ᠬᠦᠷᠬᠦ᠂ ᠲᠤᠯᠤᠭᠠᠢ ᠡᠷᠭᠢᠵᠦ᠂ ᠨᠢᠳᠦ ᠡᠷᠢᠶᠡᠯᠵᠡᠬᠦ ᠵᠡᠷᠭᠡ ᠢᠯᠡᠷᠡᠯ ᠭᠠᠷᠴᠤ᠂ ᠬᠦᠨᠳᠦ ᠰᠢᠭ ᠨᠢ ᠨᠢᠭᠡ ᠵᠦᠢᠯ ᠤᠨ ᠬᠠᠯᠳᠠᠪᠤᠷᠢᠲᠤ ᠡᠪᠡᠳᠴᠢᠨ ᠳᠤ ᠨᠡᠷᠪᠡᠭᠳᠡᠳᠡᠭ᠃ ᠡᠭᠡᠳᠡᠭᠰᠡᠨ ᠰᠦᠨ ᠳᠤᠲᠤᠷ᠎ᠠ ᠢᠳᠡᠪᠬᠢ ᠴᠢᠨᠠᠷᠲᠠᠢ ᠪᠠᠺᠲ᠋ᠧᠷᠢ ᠪᠠᠶᠢᠵᠤ᠂ ᠬᠤᠳᠤᠭᠤᠳᠤ ᠭᠡᠳᠡᠰᠦᠨ ᠤ ᠪᠠᠺᠲ᠋ᠧᠷᠢ ᠶᠢᠨ ᠪᠦᠯᠦᠭ ᠤᠨ ᠠᠯᠳᠠᠭᠳᠠᠭᠰᠠᠨ ᠲᠡᠩᠴᠡᠭᠦᠷᠢ ᠶᠢ ᠳᠠᠬᠢᠨ ᠲᠡᠩᠴᠡᠭᠦᠯᠳᠡᠭ᠃      2.ᠯᠣᠭᠰᠢᠭᠤᠨ ᠰᠤᠳᠠᠯ ᠤᠨ ᠬᠠᠲᠠᠭᠤᠷᠠᠯ ᠪᠠ ᠴᠢᠰᠤᠨ ᠳᠠᠷᠤᠯᠲᠠ ᠦᠨᠳᠦᠷ ᠡᠪᠡᠳᠴᠢᠲᠡᠨ᠄ ᠰᠢᠮ᠎ᠡ ᠲᠡᠵᠢᠭᠡᠯ ᠤᠨ ᠡᠷᠳᠡᠮᠳᠡᠳ ᠤᠨ ᠢᠯᠡᠷᠡᠭᠦᠯᠦᠭᠰᠡᠨ ᠢᠶᠠᠷ ᠪᠣᠯ ᠡᠭᠡᠳᠡᠭᠰᠡᠨ ᠰᠦᠨ ᠳᠤᠲᠤᠷ᠎ᠠ ᠨᠢᠭᠡ ᠵᠦᠢᠯ ᠤᠨ ︽ᠰᠦᠨ ᠬᠦᠴᠢᠯ ᠤᠨ ᠪᠠᠺᠲ᠋ᠧᠷᠢ︾ ᠠᠭᠤᠯᠤᠭᠳᠠᠵᠤ᠂ ᠬᠦᠮᠦᠨ ᠤ ᠪᠡᠶ᠎ᠡ ᠶᠢᠨ ᠳᠤᠲᠤᠷᠠᠬᠢ ᠴᠢᠰᠤᠨ ᠴᠠᠠᠶᠢᠪᠠᠩ ᠤᠨ ᠠᠯᠺᠦᠯ ᠢ ᠳᠤᠷᠤᠭᠰᠢᠯᠠᠭᠤᠯᠬᠤ ᠦᠢᠯᠡᠳᠦᠯ ᠲᠠᠢ ᠭᠡᠪᠡ᠃      ᠡᠭᠡᠳᠡᠭᠰᠡᠨ ᠰᠦ ᠶᠢᠨ ᠳᠤᠲᠤᠷᠠᠬᠢ ᠰᠦᠨ ᠬᠦᠴᠢᠯ ᠤᠨ ᠺᠠᠯᠼ ᠨᠢ ᠠᠮᠠᠷᠬᠠᠨ ᠬᠦᠮᠦᠨ ᠤ ᠪᠡᠶ᠎ᠡ ᠳᠤ ᠰᠢᠩᠭᠡᠭᠡᠭᠳᠡᠳᠡᠭ᠃ ᠲᠤᠷᠰᠢᠯᠲᠠ ᠪᠠᠷ ᠭᠡᠷᠡᠴᠢᠯᠡᠭᠰᠡᠨ ᠨᠢ ᠤᠳᠠᠭ᠎ᠠ ᠪᠦᠷᠢ 720 ᠭᠷᠡᠮ ᠡᠭᠡᠳᠡᠭᠰᠡᠨ ᠰᠦ ᠤᠤᠭᠤᠭᠰᠠᠨ ᠤ ᠳᠠᠷᠠᠭᠠᠬᠢ ᠨᠢᠭᠡ ᠭᠠᠷᠠᠭ ᠲᠤ ᠴᠢᠰᠦᠨ ᠴᠠᠶᠢᠪᠠᠩ ᠤᠨ ᠠᠯᠺᠦᠯ ᠮᠡᠳᠡᠭᠳᠡᠮ᠎ᠡ ᠲᠤᠷᠤᠭᠰᠢᠯᠠᠭᠰᠠᠨ ᠪᠠᠶᠢᠳᠠᠭ᠃      3.ᠬᠠᠯᠳᠠᠪᠤᠷᠢᠲᠤ ᠡᠪᠡᠳᠴᠢᠲᠡᠨ᠄ ᠡᠭᠡᠳᠡᠭᠰᠡᠨ ᠰᠦ ᠳᠤᠲᠤᠷ᠎ᠠ ᠠᠭᠤᠯᠤᠭᠳᠠᠬᠤ ᠰᠦᠨ ᠰᠠᠪᠬᠠᠨᠴᠢᠷ ᠪᠠᠺᠲ᠋ᠧᠷᠢ  ᠨᠢ ᠢᠰᠭᠡᠬᠦ ᠦᠩᠭᠡᠷᠡᠯᠲᠡ ᠳᠣᠮᠳᠠ ᠪᠠᠨ ᠼᠣᠣ ᠬᠦᠴᠢᠯ᠂ ᠰᠦᠨ ᠬᠦᠴᠢᠯ᠂ ᠰᠢᠷᠭᠤᠯᠵᠢᠨ ᠬᠦᠴᠢᠯ ᠡᠭᠦᠰᠭᠡᠵᠦ ᠠᠽᠤᠲ ᠬᠦᠴᠢᠯ ᠤᠨ ᠳᠠᠪᠤᠰᠤ ᠶᠢᠨ ᠪᠠᠺᠲ᠋ᠧᠷᠢ ᠪᠣᠯᠵᠣ ᠪᠦᠷᠢᠯᠳᠦᠬᠦ ᠶᠢ ᠬᠤᠷᠢᠭᠯᠠᠳᠠᠭ ᠮᠦᠷᠲᠡᠭᠡᠨ ᠦᠮᠠᠨ ᠡᠭᠦᠰᠭᠡᠬᠦ ᠪᠤᠳᠠᠰ ᠳᠤᠲᠠᠭᠤ ᠠᠮᠢᠨ ᠤ ᠪᠦᠷᠢᠯᠳᠦᠬᠦ ᠶᠢ ᠬᠤᠷᠢᠭᠯᠠᠵᠤ᠂ ᠦᠮᠠᠨ ᠢ ᠡᠰᠡᠷᠭᠦᠴᠡᠬᠦ ᠦᠢᠯᠡᠳᠦᠯ ᠢ ᠦᠵᠡᠭᠦᠯᠳᠡᠭ᠃      ᠧᠦ᠋ᠷᠦᠫ ᠲᠢᠪ ᠤᠨ ᠰᠦᠨ ᠤ ᠦᠢᠯᠡᠰ ᠬᠦᠭᠵᠢᠭᠰᠡᠨ ᠵᠠᠷᠢᠮ ᠤᠯᠤᠰ ᠤᠨ ᠠᠷᠠᠳ ︽ᠡᠳᠦᠷ ᠪᠦᠷᠢ ᠨᠢᠭᠡ ᠴᠤᠮᠤ ᠡᠭᠡᠳᠡᠭᠰᠡᠨ ᠰᠦ ᠤᠤᠭᠤᠪᠠᠯ ᠡᠮᠡᠭᠲᠡᠶᠢᠴᠦᠳ ᠤᠨ ᠬᠦᠬᠦᠨ ᠪᠤᠯᠴᠢᠷᠬᠠᠢ ᠶᠢᠨ ᠦᠮᠠᠨ ᠣᠯᠬᠤ ᠦᠭᠡᠢ︾ ᠭᠡᠵᠦ ᠦᠵᠡᠳᠡᠭ᠃      4.ᠨᠠᠰᠤ ᠠᠬᠠᠰᠢᠷᠠᠭᠰᠠᠨ ᠪᠠ ᠪᠡᠶ᠎ᠡ ᠪᠠᠭᠤᠷᠠᠢ ᠡᠪᠡᠳᠴᠢᠨ ᠲᠠᠢ ᠬᠦᠮᠦᠰ᠄ ᠡᠭᠡᠳᠡᠭᠰᠡᠨ ᠰᠦ ᠳᠤᠲᠤᠷᠠᠬᠢ ᠰᠦᠨ ᠰᠢᠬᠢᠷ ᠢ ᠵᠠᠳᠠᠷᠠᠭᠤᠯᠵᠤ ᠰᠦᠨ ᠬᠦᠴᠢᠯ ᠪᠣᠯᠭᠠᠨ ᠪᠦᠷᠢᠯᠳᠦᠭᠦᠯᠳᠡᠭ᠃ ᠡᠭᠡᠳᠡᠭᠰᠡᠨ ᠰᠦ ᠤᠤᠭᠤᠪᠠᠯ ᠭᠡᠳᠡᠰᠦ ᠶᠢ ᠬᠦᠴᠢᠯᠯᠢᠭ ᠴᠢᠨᠠᠷᠲᠠᠢ ᠪᠤᠯᠭᠠᠵᠤ᠂ ᠬᠤᠵᠢᠷᠯᠢᠭ ᠤᠷᠴᠢᠨ ᠳᠤ ᠦᠰᠦᠭᠰᠡᠨ ᠢᠯᠵᠠᠷᠠᠯ ᠪᠠᠺᠲ᠋ᠧᠷᠢ ᠶᠢ ᠬᠤᠷᠢᠭᠯᠠᠳᠠᠭ ᠪᠦᠭᠡᠳ ᠬᠦᠮᠦᠨ ᠤ ᠪᠡᠶ᠎ᠡ ᠳᠤ ᠬᠡᠷᠡᠭᠰᠡᠬᠦ ᠸᠢᠲ᠋ᠠᠮᠢᠨ B᠂ ᠨᠠᠪᠴᠢᠨ ᠬᠦᠴᠢᠯ ᠪᠠ ᠸᠢᠲ᠋ᠠᠮᠢᠨ E ᠵᠡᠷᠭᠡ ᠰᠢᠮ᠎ᠡ ᠲᠡᠵᠢᠭᠡᠯ ᠤᠨ ᠪᠤᠳᠠᠰ ᠢ ᠨᠡᠶᠢᠯᠡᠭᠦᠯᠳᠡᠭ᠃ ᠡᠭᠡᠳᠡᠭᠰᠡᠨ ᠰᠦᠨ ᠳᠤ ᠤᠭᠤᠷᠠᠭ ᠪᠠ ᠸᠢᠲ᠋ᠠᠮᠢᠨA ᠡᠯᠪᠡᠭ ᠠᠭᠤᠯᠤᠭᠳᠠᠳᠠᠭ ᠤᠴᠢᠷ ᠠᠴᠠ ᠪᠡᠶ᠎ᠡ ᠪᠠᠭᠤᠷᠠᠢ ᠨᠠᠰᠤᠲᠠᠶᠢᠴᠤᠳ ᠤᠤᠭᠤᠪᠠᠯ ᠲᠤᠩ ᠰᠠᠶᠢᠨ ᠪᠠᠶᠢᠳᠠᠭ᠃      5.ᠶᠠᠰᠤ ᠰᠦᠪᠡᠷᠬᠡᠭᠰᠡᠨ ᠬᠦᠮᠦᠰ᠄ ᠡᠭᠡᠳᠡᠭᠰᠡᠨ ᠰᠦᠨ ᠳᠤᠲᠤᠷ᠎ᠠ ᠬᠦᠮᠦᠨ ᠤ ᠪᠡᠶ᠎ᠡ ᠳᠤ ᠠᠮᠠᠷᠬᠠᠨ ᠰᠢᠩᠭᠡᠭᠡᠭᠳᠡᠳᠡᠭ ᠰᠦᠨ ᠬᠦᠴᠢᠯ ᠤᠨ ᠺᠠᠯᠼ ᠠᠭᠤᠯᠣᠭᠳᠠᠳᠠᠭ᠃ ᠡᠨᠡ ᠨᠢ ᠡᠪᠡᠳᠴᠢᠲᠡᠨ ᠤ ᠺᠠᠯᠼ ᠤᠨ ᠡᠯᠧᠮᠧᠨ᠋ᠲ ᠢ ᠨᠡᠮᠡᠭᠳᠡᠭᠦᠯᠵᠦ᠂ ᠶᠠᠰᠤ ᠰᠦᠪᠡᠷᠬᠡᠭᠵᠢᠬᠦ ᠶᠢ ᠰᠡᠷᠭᠡᠶᠢᠯᠡᠬᠦ ᠳᠤ ᠮᠠᠰᠢ ᠰᠠᠶᠢᠨ ᠦᠢᠯᠡᠳᠦᠯ ᠲᠠᠢ ᠪᠠᠶᠢᠳᠠᠭ᠃      ︵ᠢᠷᠡᠯᠲᠡ᠄ ᠴᠤᠶᠢ᠊· ᠷᠢᠨᠴᠢᠨ ᠤ ᠨᠠᠶᠢᠷᠠᠭᠤᠯᠤᠭᠰᠠᠨ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号