ᠴᠣᠶᠢᠨᠵᠢᠨ ᠲᠠᠮᠠᠭ᠎ᠠ ᠶᠢ ᠪᠠᠰᠠ ᠢᠯᠢᠭᠦᠷ ᠲᠠᠮᠠᠭ᠎ᠠ᠂ ᠴᠣᠶᠢᠯᠳᠣᠨ ᠲᠠᠮᠠᠭ᠎ᠠ᠂ ᠴᠤᠶᠢᠨᠳᠣᠨ ᠲᠠᠮᠠᠭ᠎ᠠ ᠭᠡᠵᠦ ᠬᠡᠳᠦᠨ | ᠵᠦᠢᠯ ᠢᠶᠠᠷ ᠨᠡᠷᠡᠶᠢᠳᠳᠡᠭ ᠶᠣᠮ᠃ ᠴᠣᠶᠢᠨᠵᠢᠨ ᠲᠠᠮᠠᠭ᠎ᠠ ᠶᠢ ᠠᠯᠢ ᠡᠷᠲᠡ ᠮᠣᠩᠭᠤᠯ ᠤᠷᠤᠨ ᠤ ᠬᠠᠳᠠᠨ ᠵᠢᠷᠤᠭ ᠲᠤ | ᠢᠯᠡᠷᠡᠪᠡ ᠭᠡᠳᠡᠭ᠃ ᠬᠠᠶᠢᠨ ᠰᠢᠨᠵᠢᠯᠡᠭᠴᠢ ᠡᠷᠳᠡᠮᠲᠡᠳ ᠤᠨ ᠬᠡᠯᠡᠬᠦ ᠪᠠᠷ ᠬᠠᠳᠠᠨ ᠳᠡᠭᠡᠷ᠎ᠡ ᠰᠡᠶᠢᠯᠦᠭᠰᠡᠨ ᠮᠣᠷᠢ | ᠤᠨᠤᠭᠰᠠᠨ ᠬᠦᠮᠦᠨ ᠤ ᠮᠣᠷᠢᠨ ᠤ ᠭᠤᠶ᠎ᠠ ᠳᠡᠭᠡᠷ᠎ᠡ ᠡᠨᠡ ᠬᠦ ᠴᠣᠶᠢᠨᠵᠢᠨ ᠲᠠᠮᠠᠭ᠎ᠠ ᠨᠢ ᠲᠤᠩ ᠢᠯᠡ ᠲᠤᠳᠤ | ᠬᠠᠷᠠᠭᠳᠠᠵᠤ ᠪᠠᠶᠢᠵᠠᠢ᠃ ᠲᠡᠳᠡᠭᠡᠷ ᠬᠠᠳᠠᠨ ᠵᠢᠷᠤᠭ ᠨᠢ ᠪᠠᠷᠤᠭ ᠬᠦᠷᠡᠯ ᠪᠠᠭᠠᠵᠢ ᠶᠢᠨ ᠦᠶ᠎ᠡ ᠶᠢᠨ ᠬᠢ ᠪᠣᠯᠣᠯᠲᠠᠢ᠃ | ᠴᠣᠶᠢᠨᠵᠢᠨ ᠲᠠᠮᠠᠭ᠎ᠠ ᠪᠣᠯ ᠢᠯᠢᠭᠦᠷ ᠠᠳᠠᠯᠢ ᠭᠤᠷᠪᠠᠯᠵᠢᠨ ᠬᠡᠯᠪᠡᠷᠢ ᠲᠠᠢ᠃ ᠡᠶᠢᠮᠦ ᠠᠴᠠ ᠬᠦᠮᠦᠰ ᠴᠣᠶᠢᠨᠵᠢᠨ | ᠲᠠᠮᠠᠭ᠎ᠠ ᠳᠤ ᠭᠤᠷᠪᠠᠨ ᠪᠡᠶ᠎ᠡ ᠶᠢᠨ ᠨᠢᠭᠡᠲᠦᠮᠡᠯ ᠴᠤᠭᠴᠠ ᠳᠠᠷᠤᠢ ᠬᠤᠶᠠᠷ ᠠᠴᠠ ᠭᠤᠷᠪᠠ ᠪᠣᠯᠬᠤ ᠲᠦᠮᠡᠨ ᠪᠤᠳᠠᠰ ᠤᠨ | ᠦᠷᠡᠵᠢᠨ ᠲᠦᠷᠦᠬᠦ ᠦᠵᠡᠯᠲᠡ ᠶᠢ ᠠᠭᠤᠯᠵᠤ ᠪᠠᠶᠢᠨ᠎ᠠ ᠭᠡᠳᠡᠭ᠃ ᠡᠷᠲᠡᠨ ᠤ ᠨᠡᠭᠦᠳᠡᠯᠴᠢᠨ ᠮᠠᠯᠴᠢᠨ ᠦᠨᠳᠦᠰᠦᠲᠡᠨ | ᠡᠨᠡ ᠬᠦ ᠴᠣᠶᠢᠨᠵᠢᠨ ᠲᠠᠮᠠᠭ᠎ᠠ ᠶᠢ ᠲᠠᠪᠤᠨ ᠬᠤᠰᠢᠭᠤ ᠮᠠᠯ ᠤᠨ ᠲᠠᠮᠠᠭ᠎ᠠ ᠲᠡᠮᠳᠡᠭ ᠪᠣᠯᠭᠠᠨ ᠬᠡᠷᠡᠭᠯᠡᠭᠰᠡᠨ ᠨᠢ ᠶᠠᠷᠢᠶᠠᠨ | ᠦᠭᠡᠢ ᠳᠡᠭᠡᠷᠡᠬᠢ ᠦᠵᠡᠯᠲᠡ ᠶᠢ ᠦᠨᠳᠦᠰᠦᠯᠡᠭᠰᠡᠨ ᠶᠣᠮ᠃ ᠳᠠᠷᠣᠢ ᠮᠠᠯ ᠰᠦᠷᠦᠭ ᠤᠨ ᠢᠶᠠᠨ ᠲᠦᠮᠡ ᠪᠤᠮ ᠢᠶᠠᠷ | ᠦᠰᠴᠦ᠂ ᠡᠷᠦᠬᠡ ᠭᠡᠷ ᠤᠨ ᠠᠯᠢᠪᠠ ᠪᠦᠬᠦᠨ ᠨᠢ ᠦᠭᠡᠳᠡᠯᠡᠨ ᠬᠦᠭᠵᠢᠵᠦ᠂ ᠦᠷ᠎ᠡ ᠠᠴᠢ᠂ ᠦᠨᠳᠦᠰᠦ ᠨᠠᠮᠠᠭ᠎ᠠ ᠨᠢ | ᠳᠡᠯᠭᠡᠷᠡᠨ᠂ ᠦᠷᠨᠢᠭᠦᠨ ᠢᠶᠠᠷ ᠦᠰᠦᠨ ᠪᠤᠵᠠᠭᠠᠶᠢᠷᠠᠬᠤ ᠶᠢ ᠪᠡᠯᠭᠡᠳᠡᠭᠰᠡᠨ ᠰᠠᠨᠠᠭ᠎ᠠ ᠲᠠᠢ ᠶᠤᠮ᠃ | | | ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ | ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |