ᠲᠠᠷᠭᠤᠯᠠᠭᠤᠯᠬᠤ ᠭᠠᠭ᠋ᠠᠢ ᠶᠢᠨ ᠠᠷᠠᠴᠢᠯᠠᠯᠲᠠ
ᠨᠡᠶᠢᠲᠡᠯᠡᠭᠰᠡᠨ ᠴᠠᠭ᠄
2021/6/8
     ᠲᠠᠷᠭᠤᠯᠠᠭᠤᠯᠬᠤ ᠭᠠᠭ᠋ᠠᠢ ᠶᠢᠨ ᠪᠤᠷᠳᠤᠭᠠᠨ ᠤ ᠬᠤᠷᠤᠭᠳᠠᠯ ᠨᠢ ᠭᠠᠭ᠋ᠠᠢ ᠲᠡᠵᠢᠭᠡᠬᠦ ᠲᠠᠯᠠᠪᠠᠢ ᠶᠢᠨ ᠪᠤᠷᠳᠤᠭᠠᠨ ᠤ ᠬᠤᠷᠤᠭᠳᠠᠯ ᠤᠨ ᠶᠡᠬᠡᠩᠬᠢ ᠬᠡᠰᠡᠭ ᠢ ᠡᠵᠡᠯᠡᠳᠡᠭ᠃ ᠵᠦᠢ ᠵᠣᠬᠢᠰᠲᠠᠢ ᠪᠤᠷᠳᠤᠭᠠᠨ ᠤ ᠲᠤᠬᠢᠷᠠᠭᠤᠯᠤᠯᠲᠠ ᠨᠢ ᠪᠣᠷᠳᠣᠭᠠᠨ ᠳᠤ ᠠᠷᠪᠢᠲᠠᠢ ᠪᠦᠭᠡᠳ ᠪᠤᠷᠳᠤᠭᠠᠨ ᠤ ᠬᠡᠷᠡᠭᠯᠡᠯᠲᠡ ᠶᠢᠨ ᠨᠤᠷᠮ᠎ᠠ ᠶᠢ ᠦᠨᠳᠦᠷ ᠪᠣᠯᠭᠠᠳᠠᠭ᠃ ᠡᠶᠢᠮᠦ ᠠᠴᠠ ᠪᠤᠷᠳᠤᠭ᠎ᠠ ᠶᠢ ᠲᠠᠯᠠᠭᠳᠠᠵᠤ ᠦᠭᠪᠡᠯ ᠪᠤᠷᠳᠤᠭᠠᠨ ᠤ ᠠᠰᠢᠭᠯᠠᠮᠵᠢ ᠶᠢᠨ ᠨᠤᠷᠮ᠎ᠠ ᠶᠢ ᠦᠨᠳᠦᠷ ᠪᠤᠯᠭᠠᠳᠠᠭ᠃ ᠭᠡᠪᠡᠴᠦ ᠪᠤᠷᠳᠤᠭ᠎ᠠ ᠶᠢ ᠬᠡᠲᠦᠷᠬᠡᠢ ᠨᠠᠷᠢᠨ ᠲᠠᠯᠠᠭᠳᠠᠪᠠᠯ ᠭᠠᠭ᠋ᠠᠢ ᠶᠢᠨ ᠢᠳᠡᠬᠦ ᠳᠤᠷᠠᠰᠢᠯ ᠨᠢ ᠮᠠᠭᠤᠲᠠᠵᠤ ᠦᠰᠦᠯᠲᠡ ᠪᠣᠶᠢᠵᠢᠯᠲᠠ ᠶᠢ ᠨᠢ ᠨᠦᠯᠦᠭᠡᠯᠡᠬᠦ ᠮᠦᠷᠲᠡᠭᠡᠨ ᠪᠠᠰᠠ ᠰᠢᠩᠭᠡᠭᠡᠯᠲᠡ ᠶᠢᠨ ᠰᠢᠰᠲ᠋ᠧᠮ ᠤᠨ ᠡᠪᠡᠳᠴᠢᠨ ᠣᠯᠭᠤᠵᠣ ᠮᠡᠳᠡᠬᠦ ᠶᠣᠮ᠃ ᠬᠡᠲᠦᠷᠬᠡᠢ ᠪᠦᠳᠦᠭᠦᠯᠢᠭ ᠲᠠᠯᠠᠭᠳᠠᠪᠠᠯ ᠰᠢᠩᠭᠡᠭᠡᠬᠦ ᠳᠤᠨᠢ ᠮᠠᠭᠤ ᠪᠠᠶᠢᠵᠤ᠂ ᠪᠤᠷᠳᠤᠭ᠎ᠠ ᠨᠢ ᠪᠡᠶ᠎ᠡ ᠳᠤᠨᠢ ᠰᠢᠩᠭᠡᠬᠦ ᠦᠭᠡᠢ ᠪᠦᠬᠦᠯᠢ ᠬᠠᠭ᠋ᠤᠤᠯᠢ ᠪᠠᠷ ᠭᠠᠳᠠᠭᠰᠢᠯᠠᠬᠤ ᠪᠣᠯᠣᠨ᠎ᠠ᠃ ᠡᠨᠡ ᠨᠢ ᠪᠤᠷᠳᠤᠭᠠᠨ ᠳᠤ ᠠᠷᠪᠢ ᠦᠭᠡᠢ ᠮᠦᠷᠲᠡᠭᠡᠨ ᠰᠢᠮ᠎ᠡ ᠲᠡᠵᠢᠭᠡᠯ ᠢ ᠨᠢ ᠲᠡᠩᠴᠡᠭᠦᠨ ᠦᠭᠡᠢ ᠪᠣᠯᠭᠠᠳᠠᠭ᠃      ᠦᠰᠴᠦ ᠪᠣᠶᠢᠵᠢᠵᠣ ᠪᠠᠶᠢᠭ᠎ᠠ ᠦᠶ᠎ᠡ ᠶᠢᠨ ᠲᠠᠷᠭᠤᠯᠠᠭᠤᠯᠬᠤ ᠭᠠᠭ᠋ᠠᠢ ᠶᠢᠨ ᠪᠤᠷᠳᠤᠭᠠᠨ ᠤ ᠬᠠᠮᠤᠭ ᠲᠤᠬᠢᠷᠠᠮᠵᠢᠲᠠᠢ ᠲᠠᠯᠠᠭᠳᠠᠭᠰᠠᠨ ᠮᠦᠬᠦᠯᠢᠭ ᠤᠨ ᠨᠠᠷᠢᠯᠢᠭ ᠤᠨ ᠬᠡᠮᠵᠢᠶ᠎ᠡ ᠶᠢ 700~800 ᠮᠢᠺᠷᠤᠮᠧᠲᠷ ᠪᠠᠶᠢᠯᠭᠠᠪᠠᠯ ᠵᠣᠬᠢᠨ᠎ᠠ᠃ ᠤᠯᠠᠨ ᠶᠠᠩᠵᠤ ᠶᠢᠨ ᠬᠡᠮᠬᠡᠯᠵᠦ ᠲᠠᠯᠠᠭᠳᠠᠭᠰᠠᠨ ᠪᠤᠷᠳᠤᠭ᠎ᠠ ᠶᠢ ᠭᠠᠭ᠋ᠠᠢ ᠶᠢᠨ ᠡᠯ᠎ᠡ ᠦᠰᠦᠯᠲᠡ ᠪᠣᠶᠢᠵᠢᠯᠲᠠ ᠶᠢᠨ ᠦᠶ᠎ᠡ ᠶᠢᠨ ᠰᠢᠮ᠎ᠡ ᠲᠡᠵᠢᠭᠡᠯ ᠤᠨ ᠱᠠᠭᠠᠷᠳᠠᠯᠭ᠎ᠠ ᠳᠤ ᠵᠣᠬᠢᠴᠠᠭᠤᠯᠤᠨ ᠬᠤᠯᠢᠵᠣ ᠲᠠᠭᠠᠷᠠᠭᠤᠯᠣᠭᠠᠳ ᠬᠠᠭᠤᠷᠠᠢ ᠪᠠᠷ ᠨᠢ ᠦᠭᠴᠦ᠂ ᠦᠪᠡᠷ ᠤᠨ ᠳᠤᠷ᠎ᠠ ᠪᠠᠷ ᠨᠢ ᠢᠳᠡᠰᠢᠯᠡᠭᠦᠯᠬᠦ ᠬᠡᠷᠡᠭᠲᠡᠢ᠃ ᠬᠡᠪᠴᠢᠶᠡᠵᠢᠭᠰᠡᠨ ᠭᠠᠭ᠋ᠠᠢ ᠶᠢᠨ ᠲᠠᠯᠠᠪᠠᠢ ᠪᠢᠰᠢ᠂ ᠬᠡᠳᠦᠨ ᠭᠠᠭ᠋ᠠᠢ ᠲᠡᠵᠢᠭᠡᠵᠦ ᠪᠠᠶᠢᠭ᠎ᠠ ᠠᠶᠢᠯ ᠪᠣᠯ ᠪᠤᠷᠳᠤᠭ᠎ᠠ ᠶᠢ ᠨᠢ ᠤᠰᠤ ᠲᠠᠢ ᠬᠤᠯᠢᠵᠤ᠂ 1∶3 ᠶᠢᠨ ᠬᠠᠷᠢᠴᠠᠯ ᠢᠶᠠᠷ ᠦᠭᠪᠡᠯ ᠲᠤᠬᠢᠷᠠᠮᠵᠢᠲᠠᠢ ᠪᠠᠶᠢᠳᠠᠭ᠃ ᠬᠡᠲᠦᠷᠬᠡᠢ ᠰᠢᠩᠭᠡᠨ ᠵᠢᠭᠤᠷᠠᠵᠤ ᠪᠣᠯᠬᠤ ᠦᠭᠡᠢ᠃ ᠭᠠᠭ᠋ᠠᠢ ᠶᠢ ᠲᠡᠵᠢᠭᠡᠬᠦ ᠠᠴᠠ ᠡᠮᠦᠨ᠎ᠡ ᠪᠤᠷᠳᠤᠭ᠎ᠠ ᠶᠢ ᠬᠡᠳᠦᠨ ᠴᠠᠭ ᠳᠡᠪᠲᠦᠭᠡᠪᠡᠯ ᠨᠡᠩ ᠰᠠᠶᠢᠨ ᠪᠠᠶᠢᠳᠠᠭ᠃ ᠤᠰᠤ ᠪᠣᠯ ᠰᠢᠮ᠎ᠡ ᠲᠡᠵᠢᠭᠡᠯ ᠤᠨ ᠳᠤᠲᠤᠷ᠎ᠠ ᠴᠢᠬᠤᠯᠠ ᠪᠠᠶᠢᠷᠢ ᠶᠢ ᠡᠵᠡᠯᠡᠳᠡᠭ᠃ ᠬᠡᠷᠪᠡ ᠤᠰᠤ ᠳᠤᠲᠠᠭᠳᠠᠪᠠᠯ ᠭᠠᠭ᠋ᠠᠢ ᠶᠢᠨ ᠰᠢᠩᠭᠡᠭᠡᠯᠲᠡ ᠶᠢᠨ ᠰᠢᠰᠲ᠋ᠧᠮ᠂ ᠢᠯᠭᠠᠷᠠᠭᠤᠯᠬᠤ ᠰᠢᠰᠲ᠋ᠧᠮ ᠪᠠ ᠳᠣᠯᠠᠭᠠᠨ ᠤ ᠲᠤᠬᠢᠷᠠᠭᠤᠯᠤᠯᠲᠠ ᠵᠡᠷᠭᠡ ᠪᠦᠬᠦᠶᠢᠯᠡ ᠪᠡᠶ᠎ᠡ ᠶᠢᠨ ᠰᠣᠯᠢᠯᠴᠠᠭᠠᠨ ᠤ ᠰᠢᠰᠲ᠋ᠧᠮ ᠳᠤᠨᠢ ᠰᠠᠭᠠᠳ ᠲᠤᠬᠢᠶᠠᠯᠳᠣᠳᠠᠭ᠃ ᠡᠶᠢᠮᠦ ᠠᠴᠠ ᠭᠠᠭ᠋ᠠᠢ ᠶᠢᠨ ᠢᠳᠡᠰᠢᠨ ᠳᠤ ᠵᠣᠬᠢᠬᠤ ᠬᠡᠮᠵᠢᠶᠡᠨ ᠤ ᠤᠰᠤ ᠪᠠᠶᠢᠬᠤ ᠬᠡᠷᠡᠭᠲᠡᠢ᠃ ᠶᠡᠷᠦ ᠶᠢᠨ ᠪᠠᠶᠢᠳᠠᠯ ᠳᠤᠤᠷ᠎ᠠ ᠬᠠᠭᠤᠷᠠᠢ ᠪᠤᠷᠳᠤᠭᠠᠨ ᠤ ᠳᠦᠷᠪᠡ ᠳᠠᠬᠢᠨ ᠤᠰᠤ ᠪᠠᠶᠢᠵᠤ᠂ ᠵᠣᠨ ᠤ ᠬᠠᠯᠠᠭᠤᠨ ᠳᠤ ᠲᠠᠪᠤ ᠳᠠᠬᠢᠨ ᠤᠰᠣ ᠪᠠᠶᠢᠪᠠᠯ ᠲᠤᠬᠢᠷᠠᠮᠵᠢᠲᠠᠢ ᠪᠠᠶᠢᠳᠠᠭ᠃ ᠪᠤᠷᠳᠤᠭ᠎ᠠ ᠶᠢ ᠤᠰᠣ ᠲᠠᠢ ᠬᠤᠯᠢᠭᠠᠳ ᠡᠳᠦᠷ ᠲᠤ ᠭᠤᠷᠪᠠ ᠤᠳᠠᠭ᠎ᠠ ᠲᠤᠭᠲᠠᠭᠰᠠᠨ ᠴᠠᠭ ᠢᠶᠠᠷ ᠲᠡᠵᠢᠭᠡᠵᠦ᠂ ᠳᠤᠷ᠎ᠠ ᠪᠠᠷ ᠨᠢ ᠬᠠᠭᠤᠷᠠᠢ ᠪᠤᠷᠳᠤᠭ᠎ᠠ ᠢᠳᠡᠰᠢᠯᠡᠭᠦᠯᠬᠦ ᠳᠤ ᠬᠦᠷᠪᠡᠯ᠂ ᠨᠢᠭᠡ ᠤᠳᠠᠭᠠᠨ ᠤ ᠬᠤᠭᠤᠯᠠ ᠶᠢ ᠠᠷᠪᠠᠨ ᠲᠠᠪᠤᠨ ᠮᠢᠨᠦ᠋ᠲ ᠢᠳᠡᠭᠦᠯᠬᠦ ᠬᠡᠷᠡᠭᠲᠡᠢ᠃      ᠲᠠᠷᠭᠤᠯᠠᠭᠤᠯᠬᠤ ᠭᠠᠭ᠋ᠠᠢ ᠨᠢ ᠲᠤᠷᠤᠢ ᠶᠢ ᠪᠤᠳᠤᠪᠠᠯ ᠤᠷᠴᠢᠨ ᠲᠤᠭᠤᠷᠢᠨ ᠤ ᠨᠦᠯᠦᠭᠡ ᠶᠢ ᠡᠰᠡᠷᠭᠦᠴᠡᠬᠦ ᠴᠢᠳᠠᠪᠤᠷᠢ ᠪᠠᠷ ᠰᠠᠶᠢᠨ ᠪᠠᠶᠢᠳᠠᠭ ᠪᠣᠯᠪᠠᠴᠤ ᠤᠷᠴᠢᠨ ᠲᠤᠭᠤᠷᠢᠨ᠂ ᠦᠰᠦᠯᠲᠡ ᠪᠣᠶᠢᠵᠢᠯᠲᠠ᠂ ᠪᠤᠷᠳᠤᠭᠠᠨ ᠤ ᠠᠰᠢᠭᠯᠠᠮᠵᠢ ᠵᠢᠴᠢ ᠡᠪᠡᠳᠴᠢᠨ ᠢ ᠡᠰᠡᠷᠭᠦᠴᠡᠬᠦ ᠴᠢᠳᠠᠪᠤᠷᠢ ᠵᠡᠷᠭᠡ ᠶᠢᠨ ᠠᠯᠢ ᠨᠢᠭᠡ ᠵᠦᠢᠯ ᠨᠢ ᠪᠠᠷᠤᠭᠲᠠᠢ ᠪᠣᠯᠬᠤ ᠳᠤ ᠬᠦᠷᠪᠡᠯ ᠠᠰᠢᠭᠯᠠᠯᠲᠠ ᠶᠢ ᠰᠢᠭᠤᠳ ᠨᠦᠯᠦᠭᠡᠯᠡᠳᠡᠭ᠃ ᠡᠶᠢᠮᠦ ᠠᠴᠠ ᠭᠠᠭ᠋ᠠᠢ ᠶᠢᠨ ᠠᠷᠠᠴᠢᠯᠠᠭ᠎ᠠ ᠲᠡᠵᠢᠭᠡᠯᠭᠡ ᠶᠢ ᠰᠠᠶᠢᠵᠢᠷᠠᠭᠤᠯᠵᠤ ᠦᠢᠯᠡᠳᠪᠦᠷᠢᠯᠡᠯ ᠤᠨ ᠦᠪᠡᠷ ᠤᠨ ᠦᠷᠲᠡᠭ ᠢ ᠪᠠᠭᠤᠷᠠᠭᠤᠯᠬᠤ ᠪᠣᠯ ᠲᠤᠩ ᠴᠢᠬᠤᠯᠠ ᠪᠠᠶᠢᠳᠠᠭ᠃ ᠭᠠᠭ᠋ᠠᠢ ᠶᠢᠨ ᠦᠰᠦᠯᠲᠡ ᠪᠣᠶᠢᠵᠢᠯᠲᠠ ᠳᠤ ᠨᠦᠯᠦᠭᠡ ᠪᠣᠯᠬᠤ ᠬᠡᠳᠦᠨ ᠰᠢᠯᠲᠠᠭᠠᠨ ᠨᠢ ᠳᠤᠤᠷᠠᠬᠢ ᠮᠡᠲᠦ ᠪᠠᠶᠢᠳᠠᠭ᠃      1.ᠳᠣᠯᠠᠭᠠᠨ ᠤ ᠬᠡᠮᠵᠢᠶ᠎ᠡ᠄ ᠳᠣᠯᠠᠭᠠᠨ ᠤ ᠬᠡᠮᠵᠢᠶ᠎ᠡ ᠪᠣᠯ ᠤᠷᠴᠢᠨ ᠲᠤᠭᠤᠷᠢᠨ ᠤ ᠨᠦᠯᠦᠭᠡ ᠶᠢᠨ ᠨᠢᠭᠡ ᠵᠦᠢᠯ  ᠨᠢ ᠪᠤᠯᠤᠨ᠎ᠠ᠃ ᠳᠣᠯᠠᠭᠠᠨ ᠤ ᠬᠡᠮᠵᠢᠶ᠎ᠡ ᠳᠤᠤᠷ᠎ᠠ ᠪᠣᠯ ᠭᠠᠭ᠋ᠠᠢ ᠪᠡᠶ᠎ᠡ ᠶᠢᠨ ᠳᠣᠯᠠᠭᠠᠨ ᠢᠶᠠᠨ ᠪᠠᠲᠤᠯᠠᠬᠤ ᠶᠢᠨ ᠲᠦᠯᠦᠭᠡ ᠪᠡᠶ᠎ᠡ ᠶᠢᠨ ᠰᠣᠯᠢᠯᠴᠠᠭᠠᠨ ᠤ ᠵᠠᠳᠠᠷᠠᠯᠲᠠ ᠪᠠ ᠪᠤᠷᠳᠤᠭᠠᠨ ᠤ ᠢᠯᠴᠢ ᠢᠯᠭᠠᠷᠠᠭᠤᠯᠬᠤ ᠬᠡᠮᠵᠢᠶ᠎ᠡ ᠪᠠᠷ ᠪᠡᠶ᠎ᠡ ᠶᠢᠨ ᠳᠣᠯᠠᠭᠠᠨ ᠢᠶᠠᠨ ᠬᠠᠮᠠᠭᠠᠯᠠᠳᠠᠭ᠃ ᠳᠠᠷᠣᠢ ᠨᠢᠭᠡ ᠪᠦᠯᠦᠭ ᠪᠤᠷᠳᠤᠭ᠎ᠠ ᠶᠢ ᠪᠡᠶ᠎ᠡ ᠶᠢᠨ ᠳᠣᠯᠠᠭᠠᠨ ᠢᠶᠠᠨ ᠬᠠᠮᠠᠭᠠᠯᠠᠬᠤ ᠶᠢᠨ ᠲᠦᠯᠦᠭᠡ ᠰᠦᠢᠳᠭᠡᠴᠢᠬᠡᠳᠡᠭ᠃ ᠬᠡᠷᠪᠡ ᠳᠣᠯᠠᠭᠠᠨ ᠤ ᠬᠡᠮᠵᠢᠶ᠎ᠡ ᠦᠨᠳᠦᠷ ᠪᠣᠯ ᠭᠠᠭ᠋ᠠᠢ ᠪᠡᠶ᠎ᠡ ᠶᠢᠨ ᠢᠯᠴᠢ ᠪᠠᠨ ᠰᠠᠷᠨᠢᠭᠤᠯᠬᠤ ᠶᠢᠨ ᠲᠦᠯᠦᠭᠡ ᠠᠮᠢᠰᠬᠤᠬᠤ ᠳᠠᠪᠲᠠᠮᠵᠢ ᠪᠠᠨ ᠬᠤᠷᠲᠤᠳᠬᠠᠵᠤ ᠪᠡᠶ᠎ᠡ ᠶᠢᠨ ᠭᠠᠳᠠᠷᠭᠤ ᠶᠢᠨ ᠴᠢᠰᠦᠨ ᠤ ᠡᠷᠭᠢᠯᠲᠡ ᠪᠠᠨ ᠴᠢᠩᠭᠠᠳᠬᠠᠳᠠᠭ᠃ ᠡᠭᠦᠨ ᠳᠤ ᠤᠰᠤᠨ ᠳᠤ ᠤᠷᠤᠬᠤ ᠪᠠ ᠤᠰᠤ ᠤᠤᠭᠤᠬᠤ ᠪᠠᠷ ᠳᠠᠮᠵᠢᠨ ᠢᠯᠴᠢ ᠶᠢ ᠭᠠᠳᠠᠭᠰᠢᠯᠠᠭᠤᠯᠬᠤ ᠶᠢᠨ ᠬᠠᠮᠲᠤ ᠢᠳᠡᠰᠢᠯᠡᠬᠦ ᠬᠡᠮᠵᠢᠶ᠎ᠡ ᠪᠠᠨ ᠪᠠᠭᠠᠰᠬᠠᠵᠤ᠂ ᠪᠡᠶ᠎ᠡ ᠶᠢᠨ ᠳᠣᠯᠠᠭᠠᠨ ᠢᠶᠠᠨ ᠪᠠᠭᠤᠷᠠᠭᠤᠯᠳᠠᠭ᠃ ᠡᠭᠦᠨ ᠠᠴᠠ ᠪᠣᠯᠵᠣ ᠭᠠᠭ᠋ᠠᠢ ᠶᠢᠨ ᠦᠰᠦᠯᠲᠡ ᠪᠣᠶᠢᠵᠢᠯᠲᠠ ᠨᠢ ᠤᠳᠠᠭᠠᠰᠢᠷᠠᠵᠤ᠂ ᠪᠤᠷᠳᠤᠭᠠᠨ ᠤ ᠠᠰᠢᠭᠯᠠᠮᠵᠢ ᠨᠢ ᠳᠣᠣᠷ᠎ᠠ ᠪᠣᠯᠳᠠᠭ᠃ ᠭᠠᠭ᠋ᠠᠢ ᠶᠢᠨ ᠦᠰᠦᠯᠲᠡ ᠶᠢ ᠪᠠᠲᠤᠯᠠᠬᠤ ᠶᠢᠨ ᠲᠦᠯᠦᠭᠡ ᠤᠷᠴᠢᠨ ᠲᠤᠭᠤᠷᠢᠨ ᠤ ᠳᠣᠯᠠᠭᠠᠨ ᠤ ᠬᠡᠮᠵᠢᠶ᠎ᠡ ᠶᠢ ᠲᠤᠬᠢᠷᠠᠮᠵᠢᠲᠠᠢ ᠪᠠᠶᠢᠯᠭᠠᠬᠤ ᠪᠣᠯ ᠲᠤᠩ ᠴᠢᠬᠤᠯᠠ ᠶᠣᠮ᠃ ᠡᠭᠦᠨ ᠳᠤ ᠬᠠᠮᠤᠭ ᠲᠤᠬᠢᠷᠠᠮᠵᠢᠲᠠᠢ ᠳᠣᠯᠠᠭᠠᠨ ᠤ ᠬᠡᠮᠵᠢᠶ᠎ᠡ ᠪᠣᠯ 20℃ ᠤᠷᠴᠢᠮ ᠪᠠᠶᠢᠳᠠᠭ᠃      2.ᠠᠭᠠᠷ ᠤᠨ ᠰᠣᠯᠢᠯᠴᠠᠭ᠎ᠠ᠄ ᠠᠭᠠᠷ ᠤᠨ ᠰᠣᠯᠢᠯᠴᠠᠭ᠎ᠠ ᠬᠢᠯᠭᠡᠬᠦ ᠨᠢ ᠭᠠᠭ᠋ᠠᠢ ᠶᠢᠨ ᠬᠠᠰᠢᠶ᠎ᠠ ᠰᠠᠷᠠᠪᠴᠢ ᠶᠢᠨ ᠳᠣᠯᠠᠭᠠᠨ ᠤ ᠬᠡᠮᠵᠢᠶ᠎ᠡ ᠶᠢ ᠲᠤᠬᠢᠷᠠᠭᠤᠯᠬᠤ ᠶᠢᠨ ᠬᠠᠮᠲᠤ ᠰᠢᠨ᠎ᠡ ᠰᠤᠷᠭᠤᠭ ᠠᠭᠠᠷ ᠢ ᠨᠡᠪᠲᠡᠷᠡᠭᠦᠯᠵᠦ ᠡᠪᠡᠳᠴᠢᠨ ᠬᠢᠵᠢᠭ ᠲᠤ ᠨᠡᠷᠪᠡᠭᠳᠡᠬᠦ ᠶᠢ ᠪᠠᠭᠠᠰᠬᠠᠳᠠᠭ᠃ ᠭᠡᠪᠡᠴᠦ ᠬᠤᠯᠠᠭᠠᠢ ᠰᠠᠯᠬᠢ ᠨᠢ ᠭᠠᠭ᠋ᠠᠢ ᠶᠢ ᠡᠪᠡᠳᠴᠢᠯᠡᠭᠦᠯᠳᠡᠭ ᠲᠤᠯᠠ ᠤᠨᠴᠠᠭᠠᠢ ᠬᠢᠴᠢᠶᠡᠬᠦ ᠬᠡᠷᠡᠭᠲᠡᠢ᠃ ᠬᠠᠯᠠᠭᠤᠨ ᠤᠯᠠᠷᠢᠯ ᠳᠤ ᠢᠯᠡᠭᠦᠬᠡᠨ ᠰᠠᠯᠬᠢ ᠨᠡᠪᠲᠡᠷᠡᠭᠦᠯᠵᠦ᠂ ᠬᠦᠢᠲᠡᠨ ᠰᠠᠷᠢᠭᠦᠨ ᠤᠯᠠᠷᠢᠯ ᠳᠤ ᠰᠠᠯᠬᠢ ᠨᠡᠪᠲᠡᠷᠡᠭᠦᠯᠬᠦ ᠳᠡᠭᠡᠨ ᠪᠣᠯᠭᠤᠮᠵᠢᠯᠠᠵᠤ ᠪᠠᠶᠢᠬᠤ ᠬᠡᠷᠡᠭᠲᠡᠢ᠃ ᠶᠡᠷᠦ ᠳᠡᠭᠡᠨ ᠰᠠᠯᠬᠢ ᠨᠡᠪᠲᠡᠷᠡᠭᠦᠯᠬᠦ ᠴᠤᠩᠬᠤ ᠶᠢ ᠬᠠᠰᠢᠶ᠎ᠠ ᠰᠠᠷᠠᠪᠴᠢᠨ ᠤ ᠨᠡᠯᠢᠶᠡᠳ ᠳᠠᠭᠡᠷ᠎ᠡ ᠲᠠᠯ᠎ᠠ ᠳᠤ ᠭᠠᠷᠭᠠᠵᠤ᠂ ᠬᠦᠢᠲᠡᠨ ᠰᠠᠯᠬᠢ ᠰᠢᠭᠤᠳ ᠭᠠᠭ᠋ᠠᠢ ᠶᠢᠨ ᠪᠡᠶ᠎ᠡ ᠶᠢ ᠦᠯᠢᠶᠡᠵᠣ ᠬᠠᠯᠠᠭᠤᠨ ᠬᠦᠢᠲᠡᠨ ᠬᠠᠷᠰᠢᠬᠤ ᠠᠴᠠ ᠰᠡᠷᠭᠡᠶᠢᠯᠡᠬᠦ ᠬᠡᠷᠡᠭᠲᠡᠢ᠃      3.ᠴᠢᠭᠢᠭ ᠤᠨ ᠬᠡᠮᠵᠢᠶ᠎ᠡ᠄ ᠡᠨᠡ ᠨᠢ ᠭᠠᠭ᠋ᠠᠢ ᠶᠢᠨ ᠬᠠᠰᠢᠶ᠎ᠠ ᠰᠠᠷᠠᠪᠴᠢᠨ ᠳᠤᠲᠤᠷᠠᠬᠢ ᠬᠠᠷᠢᠴᠠᠩᠭᠤᠢ ᠨᠣᠶᠢᠲᠠᠨ ᠤ ᠬᠡᠮᠵᠢᠶ᠎ᠡ ᠶᠢ ᠵᠢᠭᠠᠵᠤ ᠪᠠᠶᠢᠬᠤ ᠶᠣᠮ᠃ ᠶᠡᠷᠦ ᠳᠡᠭᠡᠨ ᠠᠭᠠᠷ ᠳᠠᠬᠢ ᠤᠰᠤᠨ ᠤ ᠠᠭᠤᠷ ᠤᠨ ᠬᠠᠨᠤᠭᠰᠠᠨ ᠬᠡᠮᠵᠢᠶ᠎ᠡ ᠶᠢ ᠬᠡᠯᠡᠵᠤ ᠪᠠᠶᠢᠳᠠᠭ᠃ ᠭᠠᠭ᠋ᠠᠢ ᠶᠢᠨ ᠬᠠᠰᠢᠶ᠎ᠠ ᠰᠠᠷᠠᠪᠴᠢᠨ ᠳᠤᠲᠤᠷᠠᠬᠢ ᠣᠰᠣᠨ ᠤ ᠠᠭᠤᠷ ᠤᠨ ᠭᠤᠣᠯ ᠢᠷᠡᠯᠲᠡ ᠨᠢ ᠭᠠᠵᠠᠷ ᠤᠨ ᠭᠠᠳᠠᠷᠭᠤ ᠳᠠᠬᠢ ᠤᠰᠤᠨ ᠤ ᠠᠭᠤᠷᠰᠢᠯᠲᠠ ᠪᠠ ᠭᠠᠭ᠋ᠠᠢ ᠶᠢᠨ ᠠᠮᠢᠰᠬᠤᠯ ᠢᠶᠠᠷ ᠳᠠᠮᠵᠢᠨ ᠭᠠᠷᠣᠭᠰᠠᠨ ᠤᠰᠤᠨ ᠠᠭᠤᠷ ᠪᠣᠯᠣᠨ᠎ᠠ᠃ ᠴᠢᠭᠢᠭ ᠶᠡᠬᠡᠲᠡᠢ ᠤᠷᠴᠢᠨ ᠨᠢ ᠳᠣᠯᠠᠭᠠᠨ ᠤᠯᠠᠷᠢᠯ ᠳᠤ ᠪᠣᠯ ᠠᠭᠤᠷᠰᠢᠯᠲᠠ ᠶᠢ ᠪᠠᠭᠠᠰᠬᠠᠵᠤ᠂ ᠢᠯᠴᠢ ᠶᠢ ᠢᠯᠭᠠᠷᠠᠭᠤᠯᠳᠠᠭ᠃ ᠬᠦᠢᠲᠡᠨ ᠤᠯᠠᠷᠢᠯ ᠳᠤ ᠪᠣᠯ ᠠᠭᠠᠷ ᠤᠨ ᠢᠯᠴᠢ ᠶᠢᠨ ᠲᠠᠷᠬᠠᠯᠲᠠ ᠶᠢ ᠨᠡᠮᠡᠭᠳᠡᠭᠦᠯᠵᠦ᠂ ᠤᠷᠴᠢᠨ ᠲᠤᠭᠤᠷᠢᠨ ᠢ ᠤᠯᠠᠮ ᠬᠦᠢᠲᠡᠨ ᠪᠤᠯᠭᠠᠳᠠᠭ᠃ ᠡᠭᠦᠨ ᠠᠴᠠ ᠭᠠᠳᠠᠨ᠎ᠠ ᠴᠢᠭᠢᠭ ᠶᠡᠬᠡᠳᠡᠪᠡᠯ ᠪᠢᠴᠢᠯ ᠠᠮᠢᠳᠤ ᠪᠤᠳᠠᠰ ᠤᠨ ᠦᠷᠡᠵᠢᠬᠦ ᠶᠢ ᠬᠤᠷᠳᠤᠳᠬᠠᠵᠤ᠂ ᠭᠠᠭ᠋ᠠᠢ ᠠᠮᠠᠷᠬᠠᠨ ᠡᠪᠡᠳᠴᠢᠯᠡᠳᠡᠭ᠃ ᠶᠡᠷᠦ ᠶᠢᠨ ᠪᠠᠶᠢᠳᠠᠯ ᠳᠤᠤᠷ᠎ᠠ ᠲᠠᠷᠭᠤᠯᠠᠭᠤᠯᠬᠤ ᠭᠠᠭ᠋ᠠᠢ ᠶᠢᠨ ᠬᠠᠰᠢᠶ᠎ᠠ ᠰᠠᠷᠠᠪᠴᠢᠨ ᠤ ᠴᠢᠭᠢᠭᠯᠢᠭ ᠤᠨ ᠬᠡᠮᠵᠢᠶ᠎ᠡ ᠶᠢ 60%~80% ᠤᠷᠴᠢᠮ ᠪᠠᠶᠢᠯᠭᠠᠪᠠᠯ ᠨᠡᠯᠢᠶᠡᠳ ᠲᠤᠬᠢᠷᠠᠮᠵᠢᠲᠠᠢ ᠪᠠᠶᠢᠳᠠᠭ᠃      4.ᠬᠤᠤᠷᠲᠤ ᠬᠡᠢ ᠪᠠ ᠪᠢᠴᠢᠯ ᠠᠮᠢᠳᠤ ᠪᠤᠳᠠᠰ᠄ ᠬᠡᠲᠦᠷᠬᠡᠢ ᠨᠤᠶᠢᠲᠠᠨ ᠴᠢᠭᠢᠭᠯᠢᠭ ᠤᠷᠴᠢᠨ ᠲᠤᠭᠤᠷᠢᠨ ᠨᠢ ᠡᠯᠳᠡᠪ ᠵᠦᠢᠯ ᠤᠨ ᠬᠤᠤᠷᠲᠤ ᠬᠡᠢ ᠪᠠ ᠪᠢᠴᠢᠯ ᠠᠮᠢᠳᠤ ᠪᠤᠳᠠᠰ ᠡᠭᠦᠰᠬᠦ ᠨᠦᠭᠦᠴᠡᠯ ᠢ ᠪᠣᠢ ᠪᠣᠯᠭᠠᠵᠤ᠂ ᠭᠠᠭ᠋ᠠᠢ ᠶᠢᠨ ᠡᠷᠡᠭᠦᠯ ᠢᠶᠠᠷ ᠪᠣᠶᠢᠵᠢᠬᠤ ᠶᠢ ᠨᠦᠯᠦᠭᠡᠯᠡᠳᠡᠭ᠃ ᠡᠭᠦᠨ ᠠᠴᠠ ᠭᠠᠳᠠᠨ᠎ᠠ ᠭᠠᠭ᠋ᠠᠢ ᠶᠢᠨ ᠲᠤᠰ ᠪᠡᠶ᠎ᠡ ᠠᠴᠠ ᠨᠢ ᠭᠠᠷᠤᠭᠰᠠᠨ ᠢᠯᠭᠠᠳᠠᠰᠤ ᠠᠴᠠ ᠪᠠᠰᠠ ᠬᠤᠤᠷᠲᠤ ᠬᠡᠢ ᠪᠠ ᠪᠢᠴᠢᠯ ᠠᠮᠢᠳᠤ ᠪᠤᠳᠠᠰ ᠡᠭᠦᠰᠳᠡᠭ᠃ ᠡᠳᠡᠭᠡᠷ ᠨᠢ ᠨᠠᠭᠠᠲᠤ ᠵᠠᠬ᠎ᠠ ᠳᠠᠭᠠᠨ ᠭᠠᠭ᠋ᠠᠢ ᠶᠢ ᠡᠪᠡᠳᠴᠢᠯᠡᠭᠦᠯᠵᠦ᠂ ᠨᠡᠩ ᠴᠢᠨᠠᠭᠰᠢᠯᠠᠪᠠᠯ ᠦᠬᠦᠭᠦᠯᠬᠦ ᠬᠡᠮᠵᠢᠶᠡᠨ ᠳᠤ ᠬᠦᠷᠦᠭᠦᠯᠳᠡᠭ᠃ ᠡᠶᠢᠮᠦ ᠠᠴᠠ ᠬᠤᠤᠷᠲᠤ ᠬᠡᠢ ᠪᠠ ᠪᠢᠴᠢᠯ ᠠᠮᠢᠳᠣ ᠪᠤᠳᠠᠰ ᠤᠨ ᠡᠭᠦᠰᠦᠯᠲᠡ ᠶᠢ ᠪᠠᠭᠠᠰᠬᠠᠬᠤ ᠶᠢᠨ ᠲᠦᠯᠦᠭᠡ ᠭᠠᠭ᠋ᠠᠢ ᠶᠢᠨ ᠬᠠᠰᠢᠶ᠎ᠠ ᠰᠠᠷᠠᠪᠴᠢᠨ ᠳᠠᠬᠢ ᠴᠡᠪᠡᠷ ᠠᠭᠤᠷ ᠠᠮᠢᠰᠬᠤᠯ ᠢ ᠪᠠᠲᠤᠯᠠᠵᠤ ᠲᠤᠭᠲᠠᠭᠰᠠᠨ ᠬᠤᠭᠤᠴᠠᠭ᠎ᠠ  ᠲᠠᠢ ᠪᠠᠷ ᠴᠡᠪᠡᠷᠯᠡᠭᠡ ᠬᠢᠵᠦ ᠠᠷᠢᠭᠤᠳᠬᠠᠵᠤ ᠪᠠᠶᠢᠬᠤ ᠬᠡᠷᠡᠭᠲᠡᠢ᠃      5.ᠬᠠᠰᠢᠶ᠎ᠠ ᠰᠠᠷᠠᠪᠴᠢ ᠳᠤᠲᠤᠷᠠᠬᠢ ᠭᠠᠭ᠋ᠠᠢ ᠨᠢᠭᠡ ᠪᠦᠷᠢ ᠶᠢᠨ ᠡᠵᠡᠯᠡᠬᠦ ᠲᠠᠯᠠᠪᠠᠢ᠄ ᠬᠠᠰᠢᠶ᠎ᠠ ᠰᠠᠷᠠᠪᠴᠢᠨ ᠳᠤᠲᠤᠷᠠᠬᠢ ᠭᠠᠭ᠋ᠠᠢ ᠨᠢᠭᠡ ᠪᠦᠷᠢ ᠶᠢᠨ ᠡᠵᠡᠯᠡᠬᠦ ᠲᠠᠯᠠᠪᠠᠢ ᠶᠢᠨ ᠶᠡᠭᠡ ᠪᠠᠭ᠎ᠠ ᠨᠢ ᠭᠠᠭ᠋ᠠᠢ ᠶᠢᠨ ᠬᠡᠪ ᠤᠨ ᠦᠰᠦᠯᠲᠡ ᠪᠤᠶᠢᠵᠢᠯᠲᠠ ᠳᠤ ᠲᠤᠩ ᠴᠢᠬᠤᠯᠠ ᠨᠦᠭᠦᠴᠡᠯ ᠪᠤᠯᠳᠠᠭ᠃ ᠶᠡᠷᠦ ᠳᠡᠭᠡᠨ ᠪᠡᠶ᠎ᠡ ᠶᠢᠨ ᠬᠦᠨᠳᠦ ᠨᠢ 25~45 ᠺᠢᠯᠦᠭᠷᠡᠮ ᠤᠨ ᠭᠠᠭ᠋ᠠᠢ ᠨᠢᠭᠡ ᠪᠦᠷᠢ 0.5 ᠺᠦᠸᠠᠳ᠋ ᠮᠧᠲᠷ ᠲᠠᠯᠠᠪᠠᠢ ᠡᠵᠡᠯᠡᠵᠦ᠂ ᠪᠡᠶ᠎ᠡ ᠶᠢᠨ ᠬᠦᠨᠳᠦ ᠨᠢ 45~70 ᠺᠢᠯᠦᠭᠷᠡᠮ ᠤᠨ ᠭᠠᠭ᠋ᠠᠢ ᠨᠢᠭᠡ ᠪᠦᠷᠢ 0.56 ᠺᠦᠸᠠᠲ ᠮᠧᠲᠷ ᠲᠠᠯᠠᠪᠠᠢ ᠡᠵᠡᠯᠡᠨ᠂ ᠪᠡᠶ᠎ᠡ ᠶᠢᠨ ᠬᠦᠨᠳᠦ ᠨᠢ 70~100 ᠺᠢᠯᠦᠭᠷᠡᠮ ᠤᠨ ᠭᠠᠭ᠋ᠠᠢ ᠨᠢᠭᠡ ᠪᠦᠷᠢ 0.75 ᠺᠦᠸᠠᠲ ᠮᠧᠲᠷ ᠭᠠᠵᠠᠷ ᠡᠵᠡᠯᠡᠳᠡᠭ᠃      ︵ᠢᠷᠡᠯᠲᠡ᠄ ᠵᠢᠷᠭᠠᠯ ᠡᠷᠬᠢᠯᠡᠨ ᠨᠠᠶᠢᠷᠠᠭᠤᠯᠤᠭᠰᠠᠨ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ︾ ᠭᠡᠬᠦ ᠨᠣᠮ ᠠᠴᠠ ᠰᠤᠩᠭᠤᠨ ᠰᠡᠶᠢᠷᠡᠭᠦᠯᠪᠠ᠃︶
 
ᠢᠷᠡᠯᠲᠡ᠄ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号