︵ᠨᠢᠭᠡ︶ ᠭᠤᠷᠪᠠᠨ ᠱᠠᠲᠤᠲᠤ ᠬᠡᠯᠪᠡᠷᠢ᠃ ᠲᠠᠸᠠᠷ ᠤᠨ ᠲᠠᠬᠢᠶᠠᠨ ᠤ ᠲᠠᠯᠠᠪᠠᠢ ᠳᠤ ᠲᠡᠵᠢᠭᠡᠵᠦ ᠪᠦᠬᠦᠢ | ᠲᠠᠬᠢᠶᠠᠳ ᠢᠶᠠᠨ ᠴᠤᠷᠪᠠᠭ᠎ᠠ᠂ ᠪᠣᠶᠢᠵᠢᠭᠤᠯᠣᠯᠲᠠ ᠶᠢᠨ ᠲᠠᠬᠢᠶ᠎ᠠ ᠪᠠ ᠦᠨᠳᠡᠭᠡᠯᠡᠬᠦ ᠲᠠᠬᠢᠶᠠᠨ ᠤ ᠪᠠᠶᠢᠷᠢ ᠭᠡᠵᠦ ᠭᠤᠷᠪᠠᠨ | ᠬᠡᠰᠡᠭ ᠬᠤᠪᠢᠶᠠᠳᠠᠭ᠃ ᠴᠤᠷᠪᠠᠭ᠎ᠠ 6~8 ᠭᠠᠷᠠᠭ ᠨᠠᠰᠤᠨ ᠳᠤ ᠬᠦᠷᠪᠡᠯ ᠪᠣᠶᠢᠵᠢᠭᠤᠯᠣᠯᠲᠠ ᠶᠢᠨ ᠲᠠᠬᠢᠶᠠᠨ ᠤ | ᠪᠠᠶᠢᠷᠢ ᠳᠤ ᠰᠢᠯᠵᠢᠭᠦᠯᠳᠡᠭ᠂ ᠠᠳᠡ ᠲᠤᠰ ᠲᠠᠭᠠᠨ ᠣᠬᠢᠶᠠᠯᠭ᠎ᠠ ᠶᠢᠨ ᠭᠠᠵᠠᠷ᠂ ᠬᠤᠪᠴᠠᠰᠤ ᠰᠣᠯᠢᠬᠤ ᠦᠷᠦᠭᠡ | ᠪᠣᠯᠣᠨ ᠠᠷᠢᠭᠤᠳᠬᠠᠬᠤ ᠭᠠᠵᠠᠷ ᠢ ᠵᠣᠬᠢᠴᠠᠭᠤᠯᠤᠨ ᠲᠤᠬᠢᠷᠠᠭᠤᠯᠤᠭᠰᠠᠨ ᠪᠠᠶᠢᠳᠠᠭ᠃ ᠡᠨᠡ ᠨᠢ ᠠᠵᠢᠯᠲᠠᠳ ᠲᠤ | ᠳᠦᠭᠦᠮ ᠦᠵᠡᠭᠦᠯᠦᠭᠰᠡᠨ ᠢᠶᠠᠷ ᠪᠠᠷᠠᠬᠤ ᠦᠭᠡᠢ ᠲᠠᠬᠢᠶᠠᠳ ᠲᠤ ᠡᠪᠡᠳᠴᠢᠨ ᠬᠢᠵᠢᠭ ᠬᠠᠯᠳᠠᠪᠤᠷᠢᠯᠠᠬᠤ ᠠᠴᠠ | ᠰᠡᠷᠭᠡᠶᠢᠯᠡᠵᠦ ᠴᠢᠳᠠᠭᠰᠠᠨ ᠪᠠᠶᠢᠨ᠎ᠠ᠃ | ︵ᠬᠤᠶᠠᠷ︶ ᠲᠤᠬᠢᠷᠠᠭᠤᠯᠬᠤ ᠬᠡᠯᠪᠡᠷᠢ᠃ ᠲᠠᠬᠢᠶᠠᠨ ᠤ ᠨᠢᠭᠡ ᠨᠠᠰᠤᠨ ᠳᠤ ᠪᠣᠶᠢᠵᠢᠭᠤᠯᠣᠯᠲᠠ ᠶᠢᠨ ᠦᠶ᠎ᠡ ᠳᠠᠬᠢ | ᠲᠠᠬᠢᠶᠠᠨ ᠤ ᠬᠤᠪᠢᠷᠠᠯᠲᠠ ᠨᠢ ᠬᠠᠮᠤᠭ ᠤᠨ ᠶᠡᠭᠡ ᠪᠠᠶᠢᠳᠠᠭ᠃ ᠡᠶᠢᠮᠦ ᠠᠴᠠ ᠠᠷᠠᠴᠢᠯᠠᠵᠤ ᠲᠡᠵᠢᠭᠡᠬᠦ ᠶᠠᠪᠤᠴᠠ ᠳᠤᠨᠢ | ᠲᠠᠰᠤᠷᠠᠯᠲᠠ ᠦᠭᠡᠢ ᠲᠤᠬᠢᠷᠠᠭᠤᠯᠭ᠎ᠠ ᠬᠢᠬᠦ ᠬᠡᠷᠡᠭᠲᠡᠢ᠃ ᠢᠩᠭᠢᠪᠡᠯ ᠰᠠᠶ᠋ᠢ ᠲᠠᠬᠢᠶᠠᠳ ᠤᠨ ᠦᠰᠦᠯᠲᠡ | ᠪᠣᠶᠢᠵᠢᠯᠲᠠ ᠶᠢᠨ ᠬᠡᠷᠡᠭᠴᠡᠭᠡ ᠶᠢ ᠨᠢ ᠬᠠᠩᠭᠠᠵᠤ ᠴᠢᠳᠠᠨ᠎ᠠ᠃ ᠲᠠᠬᠢᠶᠠᠨ ᠤ ᠨᠠᠰᠤ ᠶᠢᠨ ᠨᠡᠮᠡᠭᠳᠡᠬᠦ ᠶᠢ ᠳᠠᠭᠠᠯᠳᠣᠨ | ᠲᠠᠬᠢᠶᠠᠨ ᠰᠦᠷᠦᠭ ᠢ ᠢᠳᠡᠭ ᠢᠳᠡᠭ ᠢᠶᠠᠷ ᠲᠠᠷᠬᠠᠭᠠᠵᠤ᠂ ᠪᠤᠷᠳᠤᠭᠠᠨ ᠤᠩᠭᠤᠴᠠ᠂ ᠤᠰᠤᠨ ᠤ ᠰᠠᠪᠠ ᠶᠢᠨ | ᠲᠤᠭ᠎ᠠ ᠶᠢ ᠨᠡᠮᠡᠭᠳᠡᠭᠦᠯᠵᠦ᠂ ᠲᠠᠯᠪᠢᠬᠤ ᠤᠷᠤᠨ ᠵᠠᠢ ᠶᠢᠨ ᠦᠨᠳᠦᠷ ᠪᠤᠭᠤᠨᠢ ᠶᠢ ᠵᠣᠬᠢᠰᠲᠠᠢ ᠲᠤᠬᠢᠷᠠᠭᠤᠯᠤᠨ᠂ ᠢᠳᠡᠬᠦ | ᠬᠡᠮᠵᠢᠶ᠎ᠡ ᠶᠢ ᠨᠢ ᠲᠡᠩᠴᠡᠭᠦᠯᠬᠦ ᠶᠢ ᠠᠩᠬᠠᠷᠬᠤ ᠬᠡᠷᠡᠭᠲᠡᠢ᠃ ᠤᠴᠢᠷ ᠨᠢ ᠠᠳᠠᠯᠢ ᠪᠤᠰᠤ ᠶᠢᠨ ᠲᠡᠵᠢᠭᠡᠬᠦ ᠬᠡᠯᠪᠡᠷᠢ᠂ | ᠠᠳᠠᠯᠢ ᠪᠤᠰᠤ ᠶᠢᠨ ᠡᠭᠦᠯᠳᠡᠷ᠂ ᠲᠠᠬᠢᠶ᠎ᠠ ᠪᠦᠷᠢ ᠶᠢᠨ ᠡᠵᠡᠯᠡᠬᠦ ᠵᠠᠢ ᠪᠠ ᠢᠳᠡᠰᠢ᠂ ᠣᠰᠤᠨ ᠤ ᠰᠠᠪᠠ ᠶᠢᠨ ᠬᠡᠮᠵᠢᠶ᠎ᠡ | ᠨᠢ ᠴᠤ ᠠᠳᠠᠯᠢ ᠦᠭᠡᠢ ᠪᠠᠶᠢᠳᠠᠭ ᠶᠣᠮ᠃ | | | ︵ᠢᠷᠡᠯᠲᠡ᠄ ᠵᠢᠷᠭᠠᠯ ᠡᠷᠬᠢᠯᠡᠨ ᠨᠠᠶᠢᠷᠠᠭᠤᠯᠤᠭᠰᠠᠨ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ | ᠮᠡᠷᠭᠡᠵᠢᠯ︾ ᠭᠡᠬᠦ ᠨᠣᠮ ᠠᠴᠠ ᠰᠤᠩᠭᠤᠨ ᠰᠡᠶᠢᠷᠡᠭᠦᠯᠪᠠ᠃︶ |