ᠴᠢᠨᠳᠠᠮᠤᠨᠢ ᠲᠠᠮᠠᠭ᠎ᠠ
ᠨᠡᠶᠢᠲᠡᠯᠡᠭᠰᠡᠨ ᠴᠠᠭ᠄
2021/7/7
     ᠮᠣᠩᠭᠤᠯ ᠨᠤᠲᠤᠭ ᠲᠤ ᠲᠦᠢᠯ ᠤᠨ ᠦᠷᠭᠡᠨ ᠢᠶᠠᠷ ᠬᠡᠷᠡᠭᠯᠡᠭᠳᠡᠳᠡᠭ ᠴᠢᠨᠳᠠᠮᠤᠨᠢ ᠲᠠᠮᠠᠭ᠎ᠠ ᠨᠢ ᠡᠷᠲᠡᠨ ᠤ ᠨᠡᠭᠦᠳᠡᠯᠴᠢᠨ ᠮᠠᠯᠴᠢᠳ ᠤᠨ ᠭᠤᠷᠪᠠᠨ ᠬᠡᠰᠡᠭ ᠴᠢᠯᠠᠭᠤ ᠶᠢ ᠴᠢᠨᠳᠠᠮᠤᠨᠢ ᠬᠡᠯᠪᠡᠷᠢ ᠪᠠᠷ ᠪᠣᠰᠬᠠᠨ ᠲᠠᠯᠪᠢᠵᠤ ᠭᠠᠯ ᠬᠦᠭᠵᠢᠭᠡᠨ ᠪᠤᠳᠠᠭ᠎ᠠ ᠬᠤᠭᠤᠯᠠ ᠪᠠᠨ ᠬᠢᠳᠡᠭ ᠭᠤᠷᠪᠠᠨ ᠤᠴᠤᠭ ᠬᠡᠯᠪᠡᠷᠢ ᠶᠢᠨ ᠴᠢᠯᠠᠭᠤ ᠠᠴᠠ ᠢᠷᠡᠯᠲᠡ ᠲᠠᠢ ᠭᠡᠳᠡᠭ᠃ ᠡᠶᠢᠮᠦ ᠠᠴᠠ ᠴᠢᠨᠳᠠᠮᠤᠨᠢ ᠲᠠᠮᠠᠭ᠎ᠠ ᠶᠢ ᠭᠤᠷᠪᠠᠨ ᠴᠢᠯᠠᠭᠤ ᠶᠢᠨ ᠭᠤᠯᠤᠮᠲᠠ ᠡᠬᠡ ᠲᠠᠢ ᠠᠳᠠᠯᠢ ᠪᠠᠷ ᠬᠦᠨᠳᠦᠳᠭᠡᠳᠡᠭ᠃ ᠡᠭᠦᠨ ᠳᠤ ᠪᠠᠰᠠ ᠵᠠᠷᠢᠮ ᠬᠦᠮᠦᠰ ᠤᠨ ᠬᠡᠯᠡᠬᠦ ᠪᠠᠷ ᠴᠢᠨᠳᠠᠮᠤᠨᠢ ᠲᠠᠮᠠᠭ᠎ᠠ ᠨᠢ ᠭᠤᠷᠪᠠᠨ ᠴᠠᠭᠠᠷᠢᠭ ᠬᠡᠯᠪᠡᠷᠢ ᠪᠠᠷ ᠪᠦᠲᠦᠭᠰᠡᠨ ᠪᠣᠯᠬᠤᠷ ᠡᠷᠲᠡᠨ ᠤ ᠴᠣᠶᠢᠨᠵᠢᠨ ᠲᠠᠮᠠᠭ᠎ᠠ ᠶᠢᠨ ᠬᠤᠶᠠᠷ ᠨᠡᠶᠢᠯᠡᠭᠡᠳ ᠭᠤᠷᠪᠠ ᠪᠣᠯᠬᠤ ᠰᠠᠨᠠᠭᠠᠨ ᠠᠴᠠ ᠡᠭᠦᠰᠴᠡᠢ ᠭᠡᠳᠡᠭ᠃      ᠬᠦᠮᠦᠰ ᠴᠢᠨᠳᠠᠮᠤᠨᠢ ᠶᠢ ᠨᠢᠭᠡ ᠵᠦᠢᠯ ᠤᠨ ᠡᠷᠳᠡᠨᠢ ᠶᠢᠨ ᠴᠢᠯᠠᠭᠤ ᠭᠡᠵᠦ ᠬᠡᠯᠡᠳᠡᠭ᠃ ᠡᠶᠢᠮᠦ ᠠᠴᠠ ᠮᠣᠩᠭᠤᠯᠴᠣᠳ ᠤᠨ ᠳᠣᠮᠳᠠ ᠴᠢᠨᠳᠠᠮᠤᠨᠢ ᠴᠢᠯᠠᠭᠤ ᠶᠢᠨ ᠲᠤᠬᠠᠢ ᠶᠠᠩᠵᠤ ᠪᠦᠷᠢ ᠶᠢᠨ ᠬᠡᠯᠡᠯᠭᠡ ᠪᠠᠶᠢᠳᠠᠭ᠃ ᠵᠢᠱᠢᠶᠡᠯᠡᠬᠦ ᠳᠤ᠂ ︽ᠮᠣᠷᠢᠨ ᠲᠤᠯᠤᠭᠠᠢ ᠮᠤᠯᠤᠷ ᠡᠷᠳᠡᠨᠢ᠂ ᠮᠤᠬᠤᠰᠢ ᠦᠭᠡᠢ ᠴᠢᠨᠳᠠᠮᠤᠨᠢ ᠡᠷᠳᠡᠨᠢ︾ ᠮᠡᠲᠦ ᠭᠡᠳᠡᠭ᠃ ᠮᠣᠩᠭᠤᠯ ᠬᠦᠮᠦᠨ ᠤ ᠳᠤᠲᠤᠷ᠎ᠠ ᠴᠢᠨᠳᠠᠮᠤᠨᠢ ᠭᠡᠰᠡᠨ ᠨᠡᠷ᠎ᠡ ᠲᠠᠢ ᠬᠦᠮᠦᠨ ᠴᠤ ᠤᠯᠠᠨ ᠪᠠᠶᠢᠳᠠᠭ᠃ ᠪᠠᠰᠠ ᠵᠠᠷᠢᠮ ᠭᠠᠵᠠᠷ ᠲᠤ ᠬᠤᠷᠢᠮ ᠨᠠᠶᠢᠷ ᠪᠠᠶᠠᠷ ᠳᠤᠷᠠᠰᠬᠠᠯ ᠤᠨ ᠡᠳᠦᠷ ᠨᠠᠶᠢᠷ ᠤᠨ ᠰᠢᠷᠡᠭᠡᠨ ᠳᠤ ᠠᠬᠠᠮᠠᠳ ᠨᠠᠰᠤᠲᠠᠨ ᠳᠠᠭᠠᠨ ᠬᠦᠨᠳᠦᠳᠭᠡᠯ ᠤᠨ ᠠᠷᠢᠬᠢ ᠡᠷᠭᠦᠨ ᠪᠠᠷᠢᠬᠤ ᠳᠠᠭᠠᠨ ᠭᠤᠷᠪᠠᠨ ᠬᠤᠨᠳᠠᠭ᠎ᠠ ᠪᠣᠶᠣ ᠭᠤᠷᠪᠠᠨ ᠴᠣᠮᠣ ᠪᠠᠷ ᠠᠷᠢᠬᠢ ᠬᠡᠮᠨᠡᠳᠡᠭ ᠪᠦᠭᠡᠳ ᠢᠩᠭᠢᠵᠦ ᠭᠤᠷᠪᠠ ᠭᠤᠷᠪᠠ ᠪᠠᠷ ᠬᠡᠮᠨᠡᠬᠦ ᠪᠠᠨ ᠴᠢᠨᠳᠠᠮᠤᠨᠢ ᠡᠷᠭᠢᠭᠦᠯᠬᠦ ᠶᠤᠰᠤᠨ ᠭᠡᠳᠡᠭ ᠪᠢᠯᠡ᠃      ᠲᠠᠪᠤᠨ ᠬᠤᠰᠢᠭᠤ ᠮᠠᠯ ᠤᠨ ᠲᠠᠮᠠᠭ᠎ᠠ ᠶᠢ ᠰᠠᠨᠠᠭᠠᠨ ᠳᠤᠷ᠎ᠠ ᠪᠠᠷ ᠢᠶᠠᠨ ᠵᠣᠬᠢᠶᠠᠨ ᠬᠢᠳᠡᠭ ᠪᠢᠰᠢ᠂ ᠬᠠᠷᠢᠨ ᠮᠠᠯᠴᠢᠨ ᠲᠦᠮᠡᠨ ᠤ ᠰᠡᠳᠭᠢᠯ ᠤᠨ ᠤᠭ ᠠᠴᠠ ᠪᠠᠨ ᠪᠢᠰᠢᠷᠡᠨ ᠬᠦᠨᠳᠦᠳᠭᠡᠳᠡᠭ ᠦᠯᠵᠡᠢ ᠪᠡᠯᠭᠡᠳᠡᠯ ᠤᠨ ᠣᠳᠬ᠎ᠠ ᠠᠭᠤᠯᠭ᠎ᠠ ᠶᠢ ᠠᠭᠤᠯᠤᠭᠰᠠᠨ ᠪᠣᠶᠣ ᠦᠷᠡᠵᠢᠨ ᠲᠦᠯᠵᠢᠬᠦ ᠪᠡᠯᠭᠡᠳᠡᠯ ᠤᠨ ᠰᠠᠨᠠᠭ᠎ᠠ ᠲᠠᠢ ᠳᠦᠷᠰᠦ ᠵᠢᠷᠤᠭ ᠢ ᠰᠤᠩᠭᠤᠨ ᠲᠠᠮᠠᠭ᠎ᠠ ᠶᠢᠨ ᠳᠦᠷᠰᠦ ᠶᠢ ᠵᠣᠬᠢᠶᠠᠨ ᠬᠢᠳᠡᠭ ᠶᠣᠮ᠃ ᠴᠢᠨᠳᠠᠮᠤᠨᠢ ᠪᠣᠯ ᠮᠣᠩᠭᠤᠯᠴᠣᠳ ᠤᠨ ᠡᠷᠬᠢᠮᠯᠡᠨ ᠦᠵᠡᠳᠡᠭ ᠨᠢᠭᠡ ᠵᠦᠢᠯ ᠤᠨ ᠡᠷᠳᠡᠨᠢ ᠶᠢᠨ ᠴᠢᠯᠠᠭᠤ ᠲᠤᠯᠠ ᠴᠢᠨᠳᠠᠮᠤᠨᠢ ᠲᠠᠮᠠᠭ᠎ᠠ ᠶᠢ ᠵᠤᠬᠢᠶᠠᠨ ᠲᠠᠪᠣᠨ ᠬᠤᠰᠢᠭᠤ ᠮᠠᠯ ᠤᠨ ᠲᠠᠮᠠᠭ᠎ᠠ ᠪᠣᠯᠭᠠᠭᠰᠠᠨ ᠪᠠᠶᠢᠨ᠎ᠠ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号