ᠨᠢᠰᠭᠡᠯ ᠢᠶᠠᠷ ᠡᠪᠡᠰᠤ ᠲᠠᠷᠢᠬᠤ ᠨᠢ ᠡᠯᠡᠰᠦᠷᠭᠡᠭᠵᠢᠯ ᠢ ᠵᠠᠰᠠᠬᠤ ᠵᠢᠱᠢᠭᠰᠡᠨ ᠦᠷ᠎ᠠ ᠳ᠋ᠦᠩ ᠳᠤ ᠭᠦᠷᠴᠤ ᠴᠢᠳᠠᠨ᠎ᠠ ᠤᠤ︖
ᠨᠡᠶᠢᠲᠡᠯᠡᠭᠰᠡᠨ ᠴᠠᠭ᠄
2021/8/27
     ᠨᠢᠰᠭᠡᠯ ᠢᠶᠠᠷ ᠡᠪᠡᠰᠤ ᠲᠠᠷᠢᠬᠤ ᠨᠢ ᠮᠠᠰᠢ ᠶᠡᠭᠡ ᠭᠡᠮᠵᠢᠶᠠᠨ ᠤ ᠲᠠᠯ᠎ᠠ ᠪᠠᠷ ᠲᠠᠯ᠎ᠠ ᠨᠤᠳᠤᠭ ᠤᠨ ᠭᠠᠵᠠᠷ ᠤᠷᠤᠨ ᠤ ᠪᠠᠶᠢᠳᠠᠯ ᠳᠤ ᠲᠤᠭᠢᠷᠠᠬᠤ ᠦᠭᠡᠢ ᠶᠤᠮ᠃ ᠶᠠᠭᠠᠭᠢᠭᠠᠳ ᠭᠡᠪᠡᠯ᠄      ᠨᠢᠭᠡᠳᠦᠭᠡᠷ ᠲᠤ᠂ ᠲᠠᠯᠠᠷᠬᠠᠭ ᠤᠷᠤᠨ ᠤ ᠭᠦᠷᠤᠰᠤ ᠰᠢᠷᠤᠢ ᠳᠤ ᠶᠡᠭᠡ ᠭᠡᠮᠵᠢᠶᠠᠨ ᠤ ᠦᠷ᠎ᠠ ᠵᠢᠴᠢ ᠡᠯ᠎ᠠ ᠲᠦᠷᠦᠯ ᠤᠨ ᠦᠷᠡᠵᠢᠯᠳᠤ ᠪᠡᠶ᠎ᠠ ᠠᠭᠤᠯᠤᠠᠠᠳᠠᠵᠤ᠂ ᠵᠦᠪᠭᠡᠨ ᠨᠠᠭᠢᠶᠠᠯᠠᠵᠤ ᠲᠠᠶᠢᠯᠭᠦ ᠦᠭᠡᠢ ᠪᠤᠶᠤ ᠨᠠᠭᠢᠶᠠᠯᠬᠠᠰᠠᠨ ᠴᠤ ᠤᠷᠭᠤᠬᠤ ᠲᠤᠭᠢᠶᠠᠯ ᠦᠭᠡᠢ ᠪᠠᠶᠢᠳᠠᠭ᠃ ᠡᠶᠢᠮᠤ ᠠᠴᠠ ᠨᠢᠰᠭᠡᠯ ᠢᠶᠠᠷ ᠡᠪᠡᠰᠤ ᠲᠠᠷᠢᠬᠤ ᠨᠢ ᠵᠦᠪᠭᠡᠨ ᠡᠪᠡᠰᠤ ᠪᠡᠯᠴᠢᠭᠡᠷ ᠤᠨ ᠰᠡᠷᠭᠦᠯᠳᠡ ᠶᠢᠨ ᠲᠤᠮᠳᠡᠭᠢ ᠮᠠᠰᠢ ᠵᠢᠵᠢᠭ ᠲᠡᠳ᠋ ᠵᠦᠷᠢᠴᠡᠯ ᠢ ᠰᠢᠢᠳᠪᠤᠷᠢᠯᠡᠭᠰᠡᠨ ᠲᠡᠳᠦᠢ ᠶᠤᠮ᠃ ᠭᠤᠤᠯ ᠵᠦᠷᠢᠴᠡᠯ ᠨᠢ ᠪᠤᠯ ᠮᠠᠯ ᠰᠦᠷᠦᠭ ᠤᠨ ᠲᠠᠷᠤᠯᠳᠠ᠂ ᠲᠠᠷᠠᠭ᠎ᠠ ᠨᠢ ᠪᠤᠯ ᠭᠠᠩ ᠬᠠᠭᠰᠠᠷᠠᠭᠠᠨ ᠪᠤᠯᠤᠨ᠎ᠠ᠃      ᠬᠤᠶᠠᠳᠤᠭᠠᠷ ᠲᠤ᠂ ᠨᠢᠰᠭᠡᠯ ᠢᠶᠠᠷ ᠡᠪᠡᠰᠤ ᠲᠠᠷᠢᠬᠤ ᠨᠢ ᠶᠡᠭᠡ ᠭᠡᠮᠵᠢᠶᠠᠨ ᠤ ᠭᠠᠳᠠᠨᠠᠭᠢ ᠶᠢᠨ ᠦᠷ᠎ᠠ ᠶᠢ ᠠᠪᠴᠢᠷᠠᠵᠤ᠂ ᠵᠠᠷᠢᠮ ᠬᠤᠤᠷ ᠲᠠᠢ ᠦᠷ᠎ᠠ᠂ ᠵᠢᠱᠢᠶᠡᠯᠡᠪᠡᠯ ᠰᠤᠠᠠᠳᠤᠭᠤ ᠡᠪᠡᠰᠤᠨ ᠤ ᠦᠷ᠎ᠠ ᠨᠢ ᠲᠤᠷᠯᠤᠭ ᠲᠠᠪᠡᠯᠵᠢ ᠶᠢᠨ ᠦᠷ᠎ᠠ ᠲᠠᠢ ᠬᠤᠯᠢᠯᠳᠤᠭᠠᠳ ᠲᠠᠯ᠎ᠠ ᠨᠤᠳᠤᠭ ᠲᠤ ᠪᠠᠭᠤᠬᠤ ᠪᠤᠯᠤᠨ᠎ᠠ᠃ ᠲᠠᠷᠠ ᠮᠦᠷᠳᠡᠭᠡᠨ ᠶᠡᠭᠡᠨᠭᠭᠢ ᠦᠷ᠎ᠠ ᠨᠢ ᠲᠤᠰ ᠭᠠᠵᠠᠷ ᠤᠷᠤᠨ ᠳᠤ ᠤᠷᠭᠤᠬᠤ ᠦᠭᠡᠢ ᠪᠠᠶᠢᠳᠠᠯ᠎ᠠ ᠬᠠᠷᠢᠨ ᠶᠡᠭᠡ ᠭᠡᠮᠵᠢᠶ᠎ᠠ ᠪᠠᠷ ᠲᠠᠷᠢᠵᠤ ᠪᠠᠶᠢᠳᠠᠭ᠃ ᠡᠨᠡ ᠨᠢ ᠤᠬᠤᠷᠬᠠᠨ ᠬᠤᠭᠤᠴᠠᠭᠠᠨ ᠲᠤᠳᠤᠷ᠎ᠠ ᠪᠢᠳᠡ ᠲᠡᠭᠦᠨ ᠤ ᠭᠦᠨᠦᠭᠡᠯ ᠢ ᠤᠯᠵᠤ ᠬᠠᠷᠠᠬᠤ ᠦᠭᠡᠢ ᠪᠤᠯᠪᠠᠴᠤ ᠠᠮᠢ ᠠᠬᠤᠢ ᠶᠢᠨ ᠲᠡᠩᠴᠡᠭᠦᠷᠢ ᠪᠤᠯᠤᠨ ᠠᠮᠢᠳᠤ ᠪᠤᠳᠠᠰ ᠤᠨ ᠤᠯᠠᠨ ᠶᠠᠩᠵᠤᠳᠤ ᠴᠢᠨᠠᠷ ᠢ ᠬᠠᠮᠠᠭᠠᠯᠠᠬᠤ ᠲᠠᠯ᠎ᠠ ᠠᠴᠠ ᠠᠪᠴᠤ ᠦᠵᠡᠪᠡᠯ ᠠᠰᠢᠭ ᠦᠭᠡᠢ ᠶᠠᠪᠤᠳᠠᠯ ᠪᠤᠯᠬᠤ ᠶᠤᠮ᠃      ᠭᠤᠷᠪᠠᠳᠤᠭᠠᠷ ᠲᠤ᠂ ᠠᠵᠤ ᠠᠬᠤᠢ ᠶᠢᠨ ᠲᠠᠯ᠎ᠠ ᠪᠠᠷ ᠠᠰᠢᠭ ᠦᠭᠡᠢ᠂ ᠬᠠᠮᠢᠶ᠎ᠠ ᠪᠦᠭᠦᠢ ᠪᠠᠶᠢᠴᠠᠭᠠᠯᠳᠠ ᠶᠢ ᠦᠨᠳᠦᠰᠦᠯᠡᠪᠡᠯ᠂ ᠶᠠᠮᠠᠷ ᠨᠢᠭᠡᠨ ᠬᠤᠰᠢᠭᠤ ᠰᠢᠶᠠᠨ 5000 ᠮᠤ᠋ ᠡᠯᠡᠰᠤᠨ ᠳᠤ ᠨᠢᠰᠭᠡᠯ ᠢᠶᠠᠷ ᠡᠪᠡᠰᠤ ᠲᠠᠷᠢᠵᠤ᠂ ᠪᠦᠷᠭᠦᠴᠡ ᠶᠢᠨ ᠨᠤᠷᠮ᠎ᠠ ᠶᠢ 30% ᠰᠢᠬᠠᠮ ᠲᠡᠭᠡᠭᠰᠢᠯᠡᠭᠦᠯᠵᠤ᠂ ᠪᠦᠷᠭᠦᠴᠡ ᠶᠢᠨ ᠨᠤᠷᠮ᠎ᠠ ᠶᠢ 10% ᠪᠠᠷ ᠲᠡᠭᠡᠭᠰᠢᠯᠡᠭᠦᠯᠭᠦ ᠪᠦᠷᠢ ᠮᠤ᠋ ᠪᠦᠷᠢ 54 ᠲᠦᠭᠦᠷᠢᠭ ᠵᠠᠷᠤᠴᠠᠭᠤᠯᠵᠤ᠂ ᠨᠠᠶᠢᠳᠡ 81 ᠲᠦᠮᠡᠨ ᠲᠦᠭᠦᠷᠢᠭ ᠭᠡᠷᠡᠭᠯᠡᠵᠤ᠂ ᠡᠭᠦᠨ ᠳᠤ ᠪᠠᠰᠠ ᠨᠢᠰᠭᠡᠯ ᠢᠶᠠᠷ ᠲᠠᠷᠢᠭᠠᠳ ᠪᠦᠳᠦᠭᠰᠡᠨ ᠦᠭᠡᠢ ᠡᠯ᠎ᠡ ᠵᠦᠢᠯ ᠤᠨ ᠰᠦᠢᠳᠭᠡᠯ ᠪᠠᠭᠳᠠᠬᠤ ᠦᠭᠡᠢ ᠪᠠᠶᠢᠳᠠᠭ᠃ ᠭᠡᠳᠡᠯ᠎ᠠ ᠭᠦᠷᠢᠶᠡᠯᠡᠭᠰᠡᠨ ᠲᠤᠷᠰᠢᠯᠭ᠎ᠠ ᠠᠴᠠ ᠠᠪᠴᠤ ᠦᠵᠡᠪᠡᠯ᠂ 4 ᠲᠦᠮᠡᠨ ᠮᠤ᠋ ᠡᠯᠡᠰᠦᠷᠭᠡᠭ ᠭᠠᠵᠠᠷ ᠢ ᠭᠦᠷᠢᠶᠠᠯᠡᠬᠦ ᠳᠤ 16 ᠲᠦᠮᠡᠨ ᠲᠦᠭᠦᠷᠢᠭ ᠯᠡ ᠵᠠᠷᠤᠴᠠᠭᠤᠯᠵᠤ᠂ ᠡᠪᠡᠰᠤᠨ ᠤ ᠪᠦᠷᠭᠦᠴᠡ ᠶᠢᠨ ᠨᠤᠷᠮ᠎ᠠ ᠨᠢ 100% ᠳᠤ ᠭᠦᠷᠴᠤ᠂ ᠨᠡᠭᠦᠳᠡᠯ ᠡᠯᠡᠰᠤᠨ ᠤ ᠠᠶᠠᠠᠳᠠᠭᠠᠨ ᠰᠡᠷᠭᠦᠭᠦ ᠨᠤᠷᠮ᠎ᠠ ᠨᠢ 30% ᠳᠤ ᠭᠦᠷᠴᠤ᠂ ᠲᠤᠮᠳᠠᠴᠢᠯᠠᠵᠤ ᠪᠤᠳᠤᠪᠠᠯ ᠪᠦᠷᠭᠦᠴᠡ ᠶᠢᠨ ᠨᠤᠷᠮ᠎ᠠ ᠨᠢ 100% ᠲᠡᠭᠡᠭᠰᠢᠯᠡᠭᠦᠯᠭᠦ ᠪᠦᠷᠢ ᠮᠤ᠋ ᠪᠦᠷᠢ ᠳᠤ 1.73 ᠲᠦᠭᠦᠷᠢᠭ ᠵᠠᠷᠤᠴᠠᠭᠤᠯᠤᠠᠠᠰᠠᠨ ᠪᠠᠶᠢᠨ᠎ᠠ᠃ ᠠᠶᠠᠠᠳᠠᠭᠠᠨ ᠰᠡᠷᠭᠦᠭᠰᠡᠨ ᠤᠷᠭᠤᠮᠠᠯ ᠨᠢ ᠶᠠᠮᠠᠷ ᠴᠤ ᠬᠤᠯᠢᠯᠴᠠᠭ᠎ᠠ ᠦᠭᠡᠢ ᠴᠦᠮ ᠦᠶᠡᠳᠤ ᠤᠷᠭᠤᠮᠠᠯ ᠤᠨ ᠴᠢᠨᠠᠷ ᠰᠠᠶᠢᠳᠡᠢ ᠡᠪᠡᠰᠤ ᠪᠡᠯᠴᠢᠭᠡᠷ ᠪᠤᠯᠤᠨ᠎ᠠ᠃ ᠡᠶᠢᠮᠤ ᠠᠴᠠ ᠠᠵᠤ ᠠᠬᠤᠢ ᠶᠢᠨ ᠲᠠᠯ᠎ᠠ ᠪᠠᠷ ᠴᠤ ᠲᠠᠷᠠ᠂ ᠠᠮᠢ ᠠᠬᠤᠢ ᠶᠢᠨ ᠲᠠᠯ᠎ᠠ ᠪᠠᠷ ᠴᠤ ᠲᠠᠷᠠ᠂ ᠨᠢᠰᠭᠡᠯ ᠢᠶᠠᠷ ᠡᠪᠡᠰᠤ ᠲᠠᠷᠢᠬᠤ ᠨᠢ ᠠᠰᠢᠭ ᠦᠭᠡᠢ ᠪᠦᠭᠡᠳ ᠴᠢᠨ᠋ᠬᠠᠰᠢᠯᠠᠪᠠᠯ ᠭᠦᠨᠦᠭᠡᠯ ᠲᠠᠢ ᠶᠤᠮ᠃      ︵ᠢᠷᠡᠯᠲᠡ᠄ ᠪᠦᠷᠢᠨᠪᠠᠶᠠᠷ᠂ ᠮᠦᠩᠬᠡᠪᠠᠭᠠᠲᠤᠷ᠂ ᠬᠤᠩ ᠮᠧᠢ ᠨᠠᠷ ᠤᠨ ᠨᠠᠶᠢᠷᠠᠭᠤᠯᠤᠭᠰᠠᠨ ︽ᠮᠠᠯᠵᠢᠯ ᠤᠨ ᠮᠡᠳᠡᠯᠭᠡ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯᠵᠢᠯ ᠤᠨ ᠮᠡᠳᠡᠯᠭᠡ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号