ᠡᠭᠡᠵᠡᠭᠡᠢ ᠶᠢᠨ ᠪᠦᠲᠦᠭᠡᠭᠳᠡᠭᠦᠨ ᠢ ᠭᠤᠣᠯᠳᠠᠭᠤ ᠦᠨᠢᠶᠡᠨ ᠰᠦ ᠪᠠ ᠬᠤᠨᠢᠨ ᠤ ᠰᠦ ᠪᠠᠷ ᠡᠳ᠋ᠰᠢᠭᠦᠯᠳᠡᠭ᠃ | ᠡᠭᠦᠨ ᠳᠤ ᠦᠨᠢᠶᠡᠨ ᠰᠦ ᠶᠢᠨ ᠤᠭᠤᠷᠠᠭ ᠤᠨ ᠡᠭᠡᠵᠡᠭᠡᠢ ᠶᠢᠨ ᠴᠢᠨᠠᠷ ᠨᠢ ᠪᠦᠯᠢᠶᠡᠨ᠂ ᠠᠮᠲᠠᠯᠢᠭ᠂ ᠬᠤᠷᠴᠠ ᠲᠣᠰᠤᠯᠢᠭ | ᠪᠠᠶᠢᠳᠠᠭ᠃ ᠲᠡᠭᠦᠨ ᠤ ᠦᠢᠯᠡᠳᠦᠯ ᠨᠢ ᠪᠡᠶ᠎ᠡ ᠳᠤ ᠢᠯᠴᠢ ᠡᠭᠦᠰᠭᠡᠵᠦ᠂ ᠬᠡᠢ ᠶᠢ ᠳᠠᠷᠤᠨ ᠨᠤᠶᠢᠷ ᠢ ᠰᠠᠶᠢᠵᠢᠷᠠᠭᠤᠯᠵᠦ | ᠮᠠᠬᠠᠪᠤᠳ ᠢ ᠰᠢᠮᠡᠵᠢᠭᠦᠯᠵᠦ᠂ ᠬᠡᠢ ᠴᠢᠰᠤᠨ ᠤ ᠭᠦᠶᠦᠳᠡᠯ ᠢ ᠰᠠᠶᠢᠵᠢᠷᠠᠭᠤᠯᠵᠦ᠂ ᠲᠠᠷᠢᠬᠢᠨ ᠳᠤ ᠰᠢᠮ᠎ᠡ ᠲᠡᠵᠢᠭᠡᠯ | ᠨᠦᠬᠦᠪᠦᠷᠢᠯᠡᠨ᠂ ᠪᠡᠶ᠎ᠡ ᠶᠢ ᠲᠡᠭᠰᠢᠳᠭᠡᠨ ᠦᠩᠭᠡ ᠵᠢᠰᠦ ᠭᠤᠶᠤᠵᠢᠭᠤᠯᠳᠠᠭ᠃ | ᠬᠤᠨᠢᠨ ᠰᠦᠨ ᠤ ᠡᠭᠡᠵᠡᠭᠡᠢ ᠶᠢᠨ ᠪᠦᠲᠦᠭᠡᠭᠳᠡᠭᠦᠨ᠂ ᠲᠡᠭᠦᠨ ᠤ ᠴᠢᠨᠠᠷ ᠨᠢ ᠭᠤᠣᠯᠳᠠᠭᠤ ᠮᠠᠬᠠᠪᠤᠳ ᠢ | ᠲᠦᠯᠵᠢᠭᠦᠯᠵᠦ ᠨᠤᠶᠢᠷ ᠢ ᠰᠠᠶᠢᠵᠢᠷᠠᠭᠤᠯᠤᠨ᠂ ᠶᠠᠰᠤᠨ ᠳᠤ ᠰᠢᠮ᠎ᠡ ᠲᠡᠵᠢᠭᠡᠯ ᠨᠦᠬᠦᠪᠦᠷᠢᠯᠡᠳᠡᠭ᠃ | | ︵ᠢᠷᠡᠯᠲᠡ᠄ ᠴᠤᠶᠢ᠊· ᠷᠢᠨᠴᠢᠨ ᠤ ᠨᠠᠶᠢᠷᠠᠭᠤᠯᠤᠭᠰᠠᠨ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ | ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | |