ᠡᠮ᠎ᠡ ᠬᠤᠨᠢᠨ ᠤ ᠠᠷᠠᠴᠢᠯᠠᠯᠲᠠ ᠬᠠᠮᠢᠶᠠᠷᠤᠯᠲᠠ
ᠨᠡᠶᠢᠲᠡᠯᠡᠭᠰᠡᠨ ᠴᠠᠭ᠄
2022/11/30
      ᠨᠢᠭᠡ ᠂ ᠬᠡᠭᠡᠯᠲᠦᠭᠦᠯᠭᠡ ᠶᠢᠨ ᠡᠮᠦᠨᠡᠬᠢ ᠬᠤᠭᠤᠴᠠᠭᠠᠨ ᠤ ᠠᠷᠠᠴᠢᠯᠠᠭ᠎ᠠ ᠲᠡᠵᠢᠭᠡᠯᠭᠡ ᠃ ᠡᠮ᠎ᠡ ᠬᠤᠨᠢ ᠶᠢ ᠬᠡᠭᠡᠯᠲᠦᠭᠦᠯᠬᠦ ᠠᠴᠠ ᠡᠮᠦᠨ᠎ᠡ ᠨᠢᠭᠡ ᠰᠠᠷ᠎ᠠ ᠣᠷᠴᠢᠮ ᠤᠨ ᠬᠤᠭᠤᠴᠠᠭᠠᠨ ᠳᠤ ᠡᠮ᠎ᠡ ᠬᠤᠨᠢᠨ ᠤ  ᠠᠷᠠᠴᠢᠯᠠᠯᠲᠠ ᠬᠠᠮᠢᠶᠠᠷᠤᠯᠲᠠ ᠶᠢ ᠴᠢᠩᠭᠠᠳᠬᠠᠨ᠂ ᠰᠢᠮ᠎ᠡ ᠲᠡᠵᠢᠭᠡᠯ ᠂ ᠲᠠᠷᠭᠤ ᠲᠡᠪᠡᠬᠡᠷᠡᠭ ᠢ  ᠨᠢ ᠨᠡᠮᠡᠭᠳᠡᠭᠦᠯᠵᠦ᠂ ᠬᠡᠭᠡᠯ ᠲᠠᠢ ᠬᠤᠭᠤᠴᠠᠭᠠᠨ ᠳᠤ ᠬᠡᠷᠡᠭᠰᠡᠬᠦ ᠰᠢᠮ᠎ᠡ ᠲᠡᠵᠢᠭᠡᠯ ᠢ  ᠨᠢ ᠭᠦᠢᠴᠡᠳ ᠨᠦᠬᠦᠪᠦᠷᠢᠯᠡᠬᠦ ᠬᠡᠷᠡᠭᠲᠡᠢ ᠃ ᠰᠤᠳᠤᠯᠭᠠᠨ ᠠᠴᠠ ᠦᠵᠡᠪᠡᠯ᠂ ᠡᠮ᠎ᠡ ᠬᠤᠨᠢ ᠶᠢ ᠬᠡᠭᠡᠯᠲᠦᠭᠦᠯᠬᠦ ᠠᠴᠠ ᠡᠮᠦᠨ᠎ᠡ ᠪᠡᠶ᠎ᠡ ᠶᠢᠨ ᠬᠦᠨᠳᠦ ᠨᠢ 1kg ᠨᠡᠮᠡᠭᠳᠡᠬᠦ ᠪᠦᠷᠢ ᠲᠥᠯᠯᠡᠬᠦ ᠨᠣᠷᠮ᠎ᠠ ᠨᠢ 2.1% ᠪᠠᠷ ᠨᠡᠮᠡᠭᠳᠡᠨ᠎ᠡ᠃ ᠪᠡᠶ᠎ᠡ ᠶᠢᠨ ᠪᠠᠶᠢᠳᠠᠯ ᠢᠶᠠᠷ ᠠᠨᠠᠢ ᠬᠤᠨᠢᠨ ᠳᠤ ᠣᠬᠤᠷ ᠬᠤᠭᠤᠴᠠᠭᠠᠨ ᠤ ᠰᠠᠶᠢᠨ ᠪᠣᠷᠳᠤᠭ᠎ᠠ ᠥᠭᠴᠦ᠂ ᠨᠠᠷᠢᠯᠢᠭ ᠪᠣᠷᠳᠤᠭ᠎ᠠ ᠢᠯᠡᠭᠦᠬᠡᠨ ᠨᠥᠬᠦᠪᠦᠷᠢᠯᠡᠬᠦ ᠬᠡᠷᠡᠭᠲᠡᠢ᠃ ᠬᠡᠭᠡᠯᠲᠦᠭᠦᠯᠬᠦ ᠠᠴᠠ 2~3 ᠭᠠᠷᠠᠭ ᠤᠨ ᠡᠮᠦᠨ᠎ᠡ ᠂ ᠬᠥᠬᠡ ᠬᠠᠭᠤᠷᠠᠢ ᠡᠪᠡᠰᠦ ᠠᠴᠠ ᠭᠠᠳᠠᠨ᠎ᠠ ᠂ ᠡᠳᠦᠷ ᠪᠦᠷᠢ ᠬᠤᠯᠢᠮᠠᠭ ᠨᠠᠷᠢᠯᠢᠭ ᠪᠣᠷᠳᠤᠭ᠎ᠠ ᠶᠢ 0.2kg ᠨᠥᠬᠦᠵᠦ ᠲᠡᠵᠢᠭᠡᠪᠡᠯ ᠢᠯᠡᠷᠬᠡᠢ ᠣᠷᠤᠭ᠎ᠠ ᠣᠷᠣᠭᠤᠯᠬᠤ ᠦᠢᠯᠡᠳᠦᠯ ᠲᠠᠢ ᠪᠠᠶᠢᠵᠤ ᠂ ᠡᠮ᠎ᠡ ᠬᠤᠨᠢᠨ ᠤ ᠵᠢᠭᠳᠡ ᠣᠷᠤᠭ᠎ᠠ ᠣᠷᠣᠬᠤ ᠶᠢ ᠠᠬᠢᠭᠤᠯᠤᠨ᠎ᠠ ᠃      ᠬᠤᠶᠠᠷ ᠂ ᠬᠡᠭᠡᠯ ᠲᠠᠢ ᠬᠤᠭᠤᠴᠠᠭᠠᠨ ᠳᠠᠬᠢ ᠲᠡᠵᠢᠭᠡᠯᠭᠡ᠃ ᠬᠤᠨᠢᠨ ᠤ ᠬᠡᠭᠡᠯ ᠲᠠᠢ ᠬᠤᠭᠤᠴᠠᠭ᠎ᠠ ᠨᠢ ᠶᠡᠷᠦ ᠳᠤ ᠪᠠᠨ 150 ᠡᠳᠦᠷ ᠪᠠᠶᠢᠳᠠᠭ ᠃ ᠬᠡᠭᠡᠯ ᠲᠠᠢ ᠬᠤᠭᠤᠴᠠᠭᠠᠨ ᠤ ᠡᠮᠦᠨ᠎ᠡ 3 ᠰᠠᠷ᠎ᠠ ᠳᠤ ᠂  ᠬᠡᠪᠡᠯᠢ ᠳᠠᠬᠢ ᠬᠤᠷᠠᠭ᠎ᠠ ᠶᠢᠨ ᠪᠤᠶᠢᠵᠢᠯᠲᠠ ᠨᠢ ᠤᠳᠠᠭᠠᠨ ᠂ ᠰᠢᠮ᠎ᠡ ᠲᠡᠵᠢᠭᠡᠯ ᠤᠨ ᠪᠣᠳᠠᠰ ᠢ ᠬᠡᠷᠡᠭᠰᠡᠬᠦ ᠨᠢ ᠪᠠᠭ᠎ᠠ ᠂ ᠵᠥᠪᠬᠡᠨ ᠭᠦᠢᠴᠡᠳ ᠬᠡᠮᠵᠢᠶᠡᠨ ᠤ ᠬᠥᠬᠡ ᠡᠪᠡᠰᠦ ᠥᠭᠴᠦ ᠂ ᠵᠣᠬᠢᠬᠤ ᠬᠡᠮᠵᠢᠶᠡᠨ ᠤ ᠲᠡᠵᠢᠭᠡᠯ ︵ᠡᠳᠦᠷ ᠲᠤ 0.1kg ᠨᠠᠷᠢᠯᠢᠭ ᠪᠣᠷᠳᠤᠭ᠎ᠠ ︶ ᠨᠥᠬᠦᠪᠦᠷᠢᠯᠡᠪᠡᠯ ᠪᠣᠯᠴᠢᠬᠠᠨ᠎ᠠ ᠃ ᠡᠨᠡ ᠬᠦ ᠱᠠᠲᠤᠨ ᠤ ᠬᠠᠮᠢᠶᠠᠷᠤᠯᠲᠠ ᠶᠢᠨ ᠭᠤᠣᠯᠳᠠᠯᠭ᠎ᠠ ᠨᠢ ᠬᠡᠭᠡᠯ ᠢ ᠬᠠᠮᠠᠭᠠᠯᠠᠬᠤ ᠶᠢ ᠠᠩᠬᠠᠷᠴᠤ ᠂ ᠬᠥᠬᠡ ᠡᠪᠡᠰᠦ ᠶᠢᠨ ᠰᠢᠨ᠎ᠡ ᠰᠣᠷᠭᠤᠭ ᠂ ᠰᠢᠩᠭᠡᠭᠡᠬᠦ ᠳᠤ ᠠᠮᠠᠷᠬᠠᠨ ᠂ ᠤᠰᠤ ᠤᠮᠳᠠ ᠶᠢᠨ ᠠᠷᠢᠭᠤᠨ ᠴᠡᠪᠡᠷ ᠢ ᠪᠠᠲᠤᠯᠠᠵᠤ ᠂ ᠬᠤᠨᠢᠨ ᠤ ᠦᠷᠭᠦᠵᠦ ᠲᠦᠷᠭᠡᠨ ᠭᠦᠶᠦᠬᠦ ᠠᠴᠠ ᠬᠢᠴᠢᠶᠡᠵᠦ᠂ ᠡᠷᠲᠡ ᠦᠶ᠎ᠡ ᠶᠢᠨ ᠬᠡᠭᠡᠯ ᠬᠠᠶᠠᠬᠤ ᠠᠴᠠ ᠰᠡᠷᠭᠡᠶᠢᠯᠡᠬᠦ ᠬᠡᠷᠡᠭᠲᠡᠢ ᠃ ᠬᠡᠭᠡᠯ ᠤᠨ ᠰᠡᠭᠦᠯᠴᠢ ᠶᠢᠨ ᠬᠤᠶᠠᠷ ᠰᠠᠷ᠎ᠠ ᠶᠢᠨ ᠳᠣᠲᠣᠷ᠎ᠠ ᠬᠡᠪᠡᠯᠢ ᠳᠠᠬᠢ ᠬᠤᠷᠠᠭ᠎ᠠ ᠨᠢ ᠲᠦᠷᠭᠡᠨ ᠪᠣᠶᠢᠵᠢᠵᠤ ᠂ ᠬᠤᠷᠠᠭ᠎ᠠ ᠢᠰᠢᠭᠡ ᠶᠢᠨ 90% ᠶᠢᠨ ᠪᠡᠶ᠎ᠡ ᠶᠢᠨ ᠬᠦᠨᠳᠦ ᠨᠢ ᠡᠨᠡ ᠬᠦ ᠬᠤᠭᠤᠴᠠᠭᠠᠨ ᠳᠤ  ᠲᠦᠷᠭᠡᠨ ᠨᠡᠮᠡᠭᠳᠡᠳᠡᠭ ᠶᠤᠮ ᠃ ᠡᠶᠢᠮᠦ ᠠᠴᠠ ᠡᠮ᠎ᠡ ᠬᠤᠨᠢᠨ ᠤ ᠬᠡᠭᠡᠯ ᠲᠠᠢ ᠪᠣᠯᠣᠭᠰᠠᠨ 3 ᠳ᠋ᠤᠭᠠᠷ ᠰᠠᠷ᠎ᠠ  ᠠᠴᠠ ᠡᠬᠢᠯᠡᠨ ᠡᠷᠬᠡᠪᠰᠢ ᠤᠭᠤᠷᠠᠭ ᠂ ᠡᠷᠦᠳᠡᠰᠦ ᠂ ᠪᠢᠴᠢᠯ ᠡᠯᠧᠮᠧᠨ᠋ᠲ ᠵᠢᠴᠢ ᠸᠢᠲ᠋ᠠᠮᠢᠨ ᠨᠦᠬᠦᠪᠦᠷᠢᠯᠡᠬᠦ ᠶᠢ ᠴᠢᠩᠭᠠᠳᠬᠠᠵᠤ ᠂ ᠬᠤᠨᠤᠭ ᠤᠨ ᠲᠡᠵᠢᠭᠡᠯ ᠳᠤ ᠪᠤᠷᠴᠠᠭ ᠤᠨ ᠰᠢᠭᠠᠷᠤ ᠂ ᠬᠢᠰᠤᠭ᠎ᠠ ᠶᠢᠨ ᠨᠤᠨᠳᠠᠭ ᠂ ᠬᠤᠯᠤᠤᠪᠠᠩ ᠵᠢᠴᠢ ᠡᠯ᠎ᠡ ᠵᠦᠢᠯ ᠤᠨ ᠨᠣᠭᠤᠭᠠᠨ ᠪᠣᠷᠳᠤᠭ᠎ᠠ ᠶᠢᠨ ᠬᠠᠷᠢᠴᠠᠯ ᠢ ᠵᠣᠬᠢᠬᠤ ᠬᠡᠮᠵᠢᠶ᠎ᠡ ᠪᠠᠷ ᠨᠡᠮᠡᠭᠳᠡᠭᠦᠯᠵᠦ ᠂ ᠬᠡᠪᠡᠯᠢ ᠳᠠᠬᠢ ᠬᠤᠷᠠᠭ᠎ᠠ ᠶᠢᠨ ᠬᠡᠪ ᠤᠨ ᠪᠤᠶᠢᠵᠢᠯᠲᠠ ᠪᠠ ᠡᠷᠡᠭᠦᠯ ᠴᠢᠭᠢᠷᠠᠭ ᠢ ᠪᠠᠲᠤᠯᠠᠬᠤ ᠬᠡᠷᠡᠭᠲᠡᠢ᠃ ᠡᠨᠡ ᠬᠦ ᠱᠠᠲᠤᠨ ᠤ ᠬᠠᠮᠢᠶᠠᠷᠤᠯᠲᠠ ᠶᠢᠨ ᠭᠤᠣᠯᠳᠠᠯᠭ᠎ᠠ ᠨᠢ ᠬᠡᠪᠡᠯᠢ ᠳᠠᠬᠢ ᠬᠤᠷᠠᠭ᠎ᠠ ᠶᠢ ᠬᠠᠮᠠᠭᠠᠯᠠᠬᠤ ᠠᠵᠢᠯ ᠢ ᠰᠠᠶᠢᠲᠤᠷ ᠬᠢᠵᠦ ᠂ ᠯᠠᠪᠳᠠᠭᠤᠨ ᠪᠠᠶᠢᠯᠭᠠᠬᠤ ᠶᠢ ᠴᠢᠩᠭ᠎ᠠ ᠠᠳᠬᠤᠬᠤ ᠶᠠᠪᠤᠳᠠᠯ ᠪᠣᠯᠣᠨ᠎ᠠ ᠃ ᠬᠠᠷᠢᠯᠴᠠᠨ ᠰᠢᠬᠠᠯᠴᠠᠵᠤ ᠮᠥᠷᠭᠦᠯᠳᠦᠬᠦ ᠂ ᠮᠥᠰᠥ ᠲᠠᠢ ᠤᠰᠤ ᠤᠤᠭᠤᠬᠤ ᠂ ᠸᠠᠯᠠᠭᠰᠠᠨ ᠲᠡᠵᠢᠭᠡᠯ ᠪᠣᠷᠳᠤᠭ᠎ᠠ ᠢᠳᠡᠬᠦ ᠵᠡᠷᠭᠡ ᠠᠴᠠ ᠪᠣᠯᠵᠤ  ᠬᠡᠭᠡᠯ ᠬᠠᠶᠠᠬᠤ  ᠠᠴᠠ ᠵᠠᠶᠢᠯᠠᠰᠭᠢᠬᠤ ᠬᠡᠷᠡᠭᠲᠡᠢ᠃      ᠭᠤᠷᠪᠠ ᠂ ᠬᠦᠬᠦᠭᠦᠯᠲᠡ ᠶᠢᠨ ᠬᠤᠭᠤᠴᠠᠭᠠᠨ  ᠳᠠᠬᠢ ᠲᠡᠵᠢᠭᠡᠯᠭᠡ᠃ ᠬᠦᠬᠦᠭᠦᠯᠲᠡ ᠶᠢᠨ ᠡᠬᠢᠨ ᠤ  ᠬᠤᠭᠤᠴᠠᠭ᠎ᠠ  ᠨᠢ ᠪᠠᠷᠤᠭ 2 ᠰᠠᠷ᠎ᠠ ᠪᠣᠯᠣᠨ᠎ᠠ᠃ ᠡᠨᠡ ᠬᠦ ᠬᠤᠭᠤᠴᠠᠭᠠᠨ ᠳᠠᠬᠢ ᠬᠤᠷᠠᠭ᠎ᠠ ᠢᠰᠢᠭᠡ ᠶᠢᠨ ᠰᠢᠮ᠎ᠡ ᠲᠡᠵᠢᠭᠡᠯ ᠨᠢ ᠭᠤᠣᠯᠳᠠᠭᠤ ᠡᠬᠡ ᠶᠢᠨ ᠰᠦ ᠠᠴᠠ ᠢᠷᠡᠯᠲᠡ ᠲᠠᠢ ᠃ ᠰᠤᠳᠤᠯᠭᠠᠨ ᠢ ᠦᠨᠳᠦᠰᠦᠯᠡᠪᠡᠯ ᠂ ᠬᠤᠷᠠᠭ᠎ᠠ ᠢᠰᠢᠭᠡ ᠶᠢᠨ ᠥᠰᠦᠯᠲᠡ ᠨᠢ ᠡᠬᠡ ᠶᠢᠨ ᠰᠦ ᠬᠦᠬᠦᠬᠦ ᠬᠡᠮᠵᠢᠶ᠎ᠡ ᠲᠠᠢ ᠮᠠᠰᠢ ᠶᠡᠭᠡ ᠬᠤᠯᠪᠤᠭ᠎ᠠ ᠲᠠᠢ ᠂ ᠬᠤᠷᠠᠭ᠎ᠠ ᠢᠰᠢᠭᠡ ᠶᠢᠨ ᠪᠡᠶ᠎ᠡ ᠶᠢᠨ ᠬᠦᠨᠳᠦ  ᠨᠢ 4g ᠨᠡᠮᠡᠭᠳᠡᠬᠦ ᠪᠦᠷᠢ ᠪᠠᠷᠤᠭ 5g ᠡᠬᠡ ᠶᠢᠨ ᠰᠦ ᠬᠡᠷᠡᠭᠰᠡᠨ᠎ᠡ ᠃ ᠬᠤᠷᠠᠭ᠎ᠠ ᠢᠰᠢᠭᠡᠨ ᠳᠤ ᠭᠦᠢᠴᠡᠳ ᠬᠡᠮᠵᠢᠶᠡᠨ ᠤ ᠡᠬᠡ ᠶᠢᠨ ᠰᠦ ᠬᠦᠬᠦᠭᠦᠯᠵᠦ᠂ ᠲᠡᠭᠦᠨ ᠤ ᠲᠦᠷᠭᠡᠨ ᠪᠤᠶᠢᠵᠢᠯᠲᠠ ᠶᠢ ᠪᠠᠲᠤᠯᠠᠬᠤ ᠶᠢᠨ ᠲᠥᠯᠥᠭᠡ ᠂ ᠡᠮ᠎ᠡ ᠬᠤᠨᠢᠨ ᠤ ᠲᠡᠵᠢᠭᠡᠯ ᠢ ᠴᠢᠩᠭᠠᠳᠬᠠᠵᠤ ᠂ ᠬᠤᠯᠢᠮᠠᠭ ᠨᠠᠷᠢᠯᠢᠭ ᠪᠣᠷᠳᠤᠭ᠎ᠠ ᠪᠠᠷ ᠲᠡᠵᠢᠭᠡᠵᠦ ᠂ ᠰᠦᠨ ᠤ  ᠱᠦᠬᠦᠷᠡᠯᠳᠡ ᠶᠢᠨ ᠬᠡᠮᠵᠢᠶ᠎ᠡ ᠶᠢ ᠳᠡᠭᠡᠭᠰᠢᠯᠡᠭᠦᠯᠬᠦ ᠬᠡᠷᠡᠭᠲᠡᠢ᠃ ᠭᠡᠪᠡᠴᠦ ᠡᠮ᠎ᠡ  ᠬᠤᠨᠢ  ᠶᠢ ᠬᠤᠷᠠᠭᠠᠯᠠᠭᠰᠠᠨ ᠤ ᠳᠠᠷᠠᠭ᠎ᠠ 3 ᠡᠳᠦᠷ ᠤᠨ ᠳᠣᠲᠣᠷ᠎ᠠ ᠰᠢᠩᠭᠡᠭᠡᠬᠦ ᠳᠤ ᠬᠢᠯᠪᠠᠷ ᠬᠠᠭᠤᠷᠠᠢ ᠡᠪᠡᠰᠦ ᠂ ᠳᠠᠪᠤᠰᠤ ᠲᠠᠢ ᠤᠰᠤ ᠂ ᠬᠡᠪᠡᠭ ᠤᠨ ᠱᠥᠯᠥ ᠵᠡᠷᠭᠡ ᠪᠠᠷ ᠲᠡᠵᠢᠭᠡᠵᠦ ᠂ ᠨᠢᠭᠡ ᠲᠠᠯ᠎ᠠ ᠪᠠᠷ ᠲᠡᠭᠦᠨ ᠤ ᠬᠤᠷᠠᠭᠠᠯᠠᠬᠤ ᠶᠠᠪᠤᠴᠠ ᠳᠤ ᠵᠠᠷᠤᠴᠠᠭᠤᠯᠤᠭᠰᠠᠨ ᠲᠠᠮᠢᠷ ᠬᠦᠴᠦ ᠪᠠ ᠤᠰᠤ ᠶᠢ  ᠨᠢ ᠨᠦᠬᠦᠪᠦᠷᠢᠯᠡᠵᠦ᠂ ᠨᠥᠭᠦᠭᠡ ᠲᠠᠯ᠎ᠠ ᠪᠠᠷ ᠰᠢᠩᠭᠡᠭᠡᠯᠲᠡ ᠮᠠᠭᠤᠳᠠᠬᠤ ᠪᠠ ᠬᠥᠬᠦᠨ ᠤ ᠦᠷᠪᠢᠰᠦᠯ ᠡᠭᠦᠰᠬᠦ ᠶᠢ ᠰᠡᠷᠭᠡᠶᠢᠯᠡᠨ᠎ᠡ ᠃ ᠡᠩ ᠤᠨ ᠪᠠᠶᠢᠳᠠᠯ ᠳᠤ ᠭᠠᠭᠴᠠ ᠬᠤᠷᠠᠭ᠎ᠠ ᠲᠠᠢ ᠡᠮ᠎ᠡ ᠬᠤᠨᠢᠨ ᠳᠤ ᠡᠳᠦᠷ ᠪᠦᠷᠢ 0.5kg ᠬᠤᠯᠢᠮᠠᠭ ᠨᠠᠷᠢᠯᠢᠭ ᠪᠤᠷᠳᠤᠭ᠎ᠠ᠂ 1.5kg ᠬᠤᠯᠤᠤᠪᠠᠩ ᠂ 1kg ᠬᠠᠭᠤᠷᠠᠢ ᠡᠪᠡᠰᠦ ᠨᠦᠬᠦᠪᠦᠷᠢᠯᠡᠵᠦ᠂ ᠢᠬᠡᠷ᠎ᠡ ᠬᠤᠷᠠᠭ᠎ᠠ ᠲᠠᠢ ᠡᠮ᠎ᠡ ᠬᠤᠨᠢᠨ ᠤ ᠪᠡᠶ᠎ᠡ ᠶᠢᠨ ᠪᠠᠶᠢᠳᠠᠯ ᠢ  ᠨᠢ ᠦᠨᠳᠦᠰᠦᠯᠡᠨ ᠲᠡᠵᠢᠭᠡᠯ ᠨᠥᠬᠦᠪᠦᠷᠢᠯᠡᠬᠦ ᠬᠡᠮᠵᠢᠶ᠎ᠡ ᠶᠢ ᠵᠣᠬᠢᠰᠲᠠᠢ ᠪᠠᠷ ᠨᠡᠮᠡᠭᠳᠡᠭᠦᠯᠦᠨ᠎ᠡ ᠃ ᠡᠭᠦᠨ ᠠᠴᠠ ᠭᠠᠳᠠᠨ᠎ᠠ᠂ ᠬᠤᠨᠢᠨ ᠬᠠᠰᠢᠶ᠎ᠠ ᠶᠢ ᠰᠠᠶᠢᠲᠤᠷ ᠴᠡᠪᠡᠷᠯᠡᠵᠦ᠂ ᠠᠷᠢᠭᠤᠨ ᠴᠡᠪᠡᠷ ᠪᠠᠶᠢᠯᠭᠠᠬᠤ ᠬᠡᠷᠡᠭᠲᠡᠢ᠃      ᠬᠦᠬᠦᠭᠦᠯᠲᠡ ᠶᠢᠨ ᠰᠡᠭᠦᠯᠴᠢ ᠶᠢᠨ ᠬᠤᠭᠤᠴᠠᠭ᠎ᠠ ᠭᠡᠳᠡᠭ ᠨᠢ ᠡᠮ᠎ᠡ ᠬᠤᠨᠢᠨ ᠤ ᠬᠤᠷᠠᠭᠠᠯᠠᠭᠰᠠᠨ ᠤ ᠳᠠᠷᠠᠭ᠎ᠠ 2 ᠰᠠᠷ᠎ᠠ ᠠᠴᠠ ᠬᠤᠷᠠᠭ᠎ᠠ ᠢᠰᠢᠭᠡ  ᠶᠢ ᠰᠦ ᠠᠴᠠ   ᠨᠢ  ᠰᠠᠯᠭᠠᠬᠤ ᠬᠤᠭᠤᠷᠤᠨᠳᠣᠬᠢ ᠬᠤᠭᠤᠴᠠᠭ᠎ᠠ ᠶᠢ ᠬᠡᠯᠡᠨ᠎ᠡ ᠃ ᠡᠨᠡ ᠬᠤᠭᠤᠴᠠᠭᠠᠨ ᠳᠤ ᠡᠮ᠎ᠡ ᠬᠤᠨᠢᠨ ᠤ ᠰᠦ  ᠱᠦᠬᠦᠷᠡᠬᠦᠯᠬᠦ ᠴᠢᠳᠠᠪᠤᠷᠢ ᠨᠢ ᠠᠭᠠᠵᠢᠮ ᠢᠶᠠᠷ ᠪᠠᠭᠤᠷᠠᠵᠤ᠂ ᠬᠤᠷᠠᠭ᠎ᠠ ᠢᠰᠢᠭᠡ ᠶᠢᠨ ᠥᠪᠡᠷ ᠢᠶᠠᠨ ᠲᠡᠵᠢᠭᠡᠯ ᠡᠪᠡᠰᠦ ᠪᠠ ᠨᠠᠷᠢᠯᠢᠭ ᠪᠣᠷᠳᠤᠭ᠎ᠠ ᠢᠳᠡᠬᠦ ᠂ ᠲᠡᠵᠢᠭᠡᠯ ᠪᠣᠷᠳᠤᠭ᠎ᠠ ᠪᠠᠨ ᠠᠰᠢᠭᠯᠠᠬᠤ ᠴᠢᠳᠠᠪᠤᠷᠢ ᠨᠢ ᠲᠠᠰᠤᠷᠠᠯᠲᠠ ᠦᠭᠡᠢ  ᠨᠡᠮᠡᠭᠳᠡᠳᠡᠭ ᠃ ᠡᠶᠢᠮᠦ ᠠᠴᠠ ᠬᠤᠷᠠᠭ᠎ᠠ ᠢᠰᠢᠭᠡ ᠶᠢᠨ ᠪᠤᠶᠢᠵᠢᠯᠲᠠ ᠶᠢ ᠳᠠᠭᠠᠯᠳᠤᠨ ᠡᠮ᠎ᠡ ᠬᠤᠨᠢᠨ ᠳᠤ ᠰᠢᠮ᠎ᠡ ᠲᠡᠵᠢᠭᠡᠯ ᠨᠦᠬᠦᠬᠦ ᠶᠢ ᠵᠣᠬᠢᠬᠤ ᠬᠡᠮᠵᠢᠶ᠎ᠡ ᠪᠠᠷ ᠪᠠᠭᠤᠷᠠᠭᠤᠯᠵᠤ ᠂ ᠰᠢᠭᠦᠰᠦᠯᠢᠭ ᠪᠣᠷᠳᠤᠭ᠎ᠠ ᠂ ᠳᠠᠷᠤᠰᠢᠭᠤᠯᠤᠭᠰᠠᠨ ᠪᠣᠷᠳᠤᠭ᠎ᠠ ᠪᠠ ᠨᠠᠷᠢᠯᠢᠭ ᠪᠣᠷᠳᠤᠭ᠎ᠠ ᠶᠢᠨ ᠬᠡᠮᠵᠢᠶ᠎ᠡ ᠶᠢ ᠠᠭᠠᠵᠢᠮ ᠢᠶᠠᠷ ᠪᠠᠭᠠᠰᠬᠠᠵᠤ ᠪᠣᠯᠣᠨ᠎ᠠ᠂ ᠶᠡᠷᠦ ᠳᠤ ᠪᠠᠨ ᠡᠳᠦᠷ ᠪᠦᠷᠢ ᠡᠮ᠎ᠡ ᠬᠤᠨᠢᠨ ᠳᠤ 0.3kg ᠨᠠᠷᠢᠯᠢᠭ ᠪᠣᠷᠳᠤᠭ᠎ᠠ ᠢᠳᠡᠭᠦᠯᠵᠦ ᠂ ᠡᠮ᠎ᠡ ᠬᠤᠨᠢᠨ ᠤ ᠨᠠᠢᠮᠠᠨ ᠬᠤᠪᠢ ᠶᠢᠨ ᠲᠠᠷᠭᠤ ᠲᠡᠪᠡᠬᠡᠷᠡᠭ ᠢ ᠪᠠᠲᠤᠯᠠᠪᠠᠯ ᠪᠣᠯᠴᠢᠬᠠᠨ᠎ᠠ ᠃ ᠡᠨᠡ ᠮᠡᠲᠦ ᠪᠠᠷ ᠲᠡᠵᠢᠭᠡᠪᠡᠯ ᠬᠤᠷᠠᠭ᠎ᠠ ᠢᠰᠢᠭᠡ ᠰᠦ ᠠᠴᠠ ᠰᠠᠯᠤᠭᠰᠠᠨ ᠤ ᠳᠠᠷᠠᠭ᠎ᠠ᠂ ᠡᠮ᠎ᠡ ᠬᠤᠨᠢ ᠨᠢ ᠮᠠᠰᠢ ᠲᠦᠷᠭᠡᠨ ᠢᠶᠠᠷ ᠣᠷᠤᠭ᠎ᠠ ᠤᠷᠤᠵᠤ ᠂ ᠦᠷᠡᠵᠢᠯ ᠤᠨ ᠲᠤᠭ᠎ᠠ ᠶᠢ ᠨᠡᠮᠡᠭᠳᠡᠭᠦᠯᠦᠨ᠂ ᠦᠷᠡᠵᠢᠯ ᠤᠨ ᠰᠠᠶᠢᠨ ᠡᠷᠭᠢᠯᠲᠡ ᠶᠢ ᠪᠣᠶ ᠪᠣᠯᠭᠠᠳᠠᠭ᠃  
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号