ᠡᠪᠦᠯ ᠭᠠᠭ᠋ᠠᠢ ᠲᠡᠵᠢᠭᠡᠬᠦ ᠳᠤ ᠡᠳᠡᠭᠡᠷ ᠡᠪᠡᠳᠴᠢᠨ ᠢ ᠰᠡᠷᠭᠡᠶᠢᠯᠡᠬᠦ ᠬᠡᠷᠡᠭᠲᠡᠢ
ᠨᠡᠶᠢᠲᠡᠯᠡᠭᠰᠡᠨ ᠴᠠᠭ᠄
2022/12/27
      1. ᠭᠠᠭ᠋ᠠᠢ ᠶᠢᠨ ᠠᠮᠢᠰᠬᠤᠭᠠᠳᠠᠬᠤ ᠡᠪᠡᠳᠴᠢᠨ      ᠭᠠᠭ᠋ᠠᠢ ᠶᠢᠨ ᠠᠮᠢᠰᠬᠤᠭᠠᠳᠠᠬᠤ ᠡᠪᠡᠳᠴᠢᠨ ᠪᠣᠯ ᠭᠠᠭ᠋ᠠᠢ ᠶᠢᠨ ᠠᠭᠤᠰᠬᠢᠨ ᠤ ᠦᠷᠪᠢᠰᠦᠯ ᠤᠨ ᠰᠠᠯᠠᠭᠠᠲᠤ ᠠᠩᠬᠠᠨ ᠤ ᠪᠡᠶ᠎ᠡ ᠶᠢᠨ ᠬᠠᠯᠳᠠᠪᠤᠷᠢᠯᠠᠯ ᠠᠴᠠ ᠡᠭᠦᠰᠦᠭᠰᠡᠨ ᠳᠡᠭᠡᠳᠦ ᠬᠡᠮᠵᠢᠶᠡᠨ ᠤ ᠬᠦᠷᠦᠯᠴᠡᠬᠦ ᠴᠢᠨᠠᠷᠲᠠᠢ᠂ ᠤᠳᠠᠭᠠᠨ ᠴᠢᠨᠠᠷᠲᠠᠢ ᠬᠠᠯᠳᠠᠪᠤᠷᠢᠲᠤ ᠡᠪᠡᠳᠴᠢᠨ ᠪᠣᠯᠣᠨ᠎ᠠ᠃ ᠲᠡᠭᠦᠨ ᠤ ᠭᠤᠣᠯ ᠪᠣᠯᠬᠤ ᠡᠮᠴᠢᠯᠡᠭᠡᠨ ᠤ ᠰᠢᠨᠵᠢ ᠲᠡᠮᠳᠡᠭ ᠨᠢ ᠬᠠᠨᠢᠶᠠᠬᠤ ᠪᠠ ᠠᠮᠢᠰᠬᠤᠭᠠᠳᠠᠬᠤ ᠪᠥᠭᠡᠳ ᠬᠡᠪ ᠤᠨ ᠪᠠᠶᠢᠳᠠᠯ ᠢᠶᠠᠷ ᠥᠰᠴᠦ ᠳᠡᠶᠢᠯᠬᠦ ᠦᠭᠡᠢ ᠂ ᠲᠤᠰ ᠡᠪᠡᠳᠴᠢᠨ ᠪᠣᠯ ᠤᠳᠠᠭᠠᠨ ᠴᠢᠨᠠᠷᠲᠠᠢ ᠂ ᠬᠦᠷᠦᠯᠴᠡᠬᠦ ᠴᠢᠨᠠᠷᠲᠠᠢ ᠬᠠᠯᠳᠠᠪᠤᠷᠢᠲᠤ ᠡᠪᠡᠳᠴᠢᠨ ᠪᠠᠶᠢᠵᠤ ᠂ ᠭᠠᠭ᠋ᠠᠢ ᠶᠢᠨ ᠰᠦᠷᠦᠭ ᠲᠤ ᠣᠷᠣᠨ ᠨᠤᠲᠤᠭ ᠤᠨ ᠴᠢᠨᠠᠷᠲᠠᠢ ᠬᠠᠯᠳᠠᠪᠤᠷᠢᠯᠠᠨ ᠲᠡᠯᠭᠡᠷᠡᠳᠡᠭ ᠃      2. ᠭᠠᠭ᠋ᠠᠢ ᠶᠢᠨ ᠲᠠᠭᠰᠢᠭᠤᠷ      ᠭᠠᠭ᠋ᠠᠢ ᠶᠢᠨ ᠲᠠᠭᠰᠢᠭᠤᠷ ᠪᠣᠯ ᠭᠠᠭ᠋ᠠᠢ ᠶᠢᠨ ᠨᠢᠭᠡ ᠵᠦᠢᠯ ᠤᠨ ᠲᠦᠷᠭᠡᠨ ᠴᠢᠨᠠᠷᠲᠠᠢ᠂ ᠬᠠᠯᠳᠠᠪᠤᠷᠢᠲᠤ ᠴᠢᠨᠠᠷᠲᠠᠢ ᠠᠮᠢᠰᠬᠤᠯ ᠤᠨ ᠡᠪᠡᠳᠴᠢᠨ ᠪᠣᠯᠣᠨ᠎ᠠ᠃ ᠲᠡᠭᠦᠨ ᠤ ᠣᠨᠴᠠᠯᠢᠭ ᠨᠢ ᠭᠡᠨᠡᠳᠲᠡ ᠪᠠᠷ ᠬᠠᠨᠢᠶᠠᠬᠤ ᠂ ᠠᠮᠢᠰᠬᠤᠯ ᠴᠢᠬᠤᠯᠳᠠᠬᠤ ᠂ ᠬᠠᠯᠠᠭᠤᠷᠠᠬᠤ ᠵᠢᠴᠢ ᠲᠦᠷᠭᠡᠨ ᠦᠷ᠎ᠡ ᠳ᠋ᠦᠩ  ᠭᠠᠷᠬᠤ ᠵᠡᠷᠭᠡ ᠪᠣᠯᠣᠨ᠎ᠠ ᠃ ᠭᠠᠭ᠋ᠠᠢ ᠶᠢᠨ ᠲᠠᠭᠰᠢᠭᠤᠷ ᠪᠣᠯ ᠬᠥᠬᠡ ᠬᠡᠯᠪᠡᠷᠢ ᠶᠢᠨ ᠲᠠᠭᠰᠢᠭᠤᠷ ᠤᠨ ᠸᠢᠷᠦ᠋ᠰ ᠠᠴᠠ ᠡᠭᠦᠰᠳᠡᠭ᠂ ᠶᠡᠷᠦ ᠳᠤ ᠪᠠᠨ ᠭᠠᠭ᠋ᠠᠢ ᠶᠢᠨ ᠬᠤᠭᠤᠷᠣᠨᠳᠤ ᠡᠭᠦᠰᠳᠡᠭ᠂ ᠬᠠᠯᠳᠠᠪᠤᠷᠢᠯᠠᠬᠤ ᠴᠢᠨᠠᠷ ᠢᠶᠠᠷ ᠮᠠᠰᠢ ᠥᠨᠳᠥᠷ ᠪᠣᠯᠪᠠᠴᠤ ᠶᠡᠷᠦ ᠳᠤ ᠪᠠᠨ ᠦᠬᠦᠳᠡᠭ ᠦᠭᠡᠢ᠃      3. ᠭᠠᠭ᠋ᠠᠢ ᠶᠢᠨ ᠰᠢᠯᠦᠬᠡᠢ ᠡᠪᠡᠳᠴᠢᠨ      ᠭᠠᠭ᠋ᠠᠢ ᠶᠢᠨ ᠰᠢᠯᠦᠬᠡᠢ ᠡᠪᠡᠳᠴᠢᠨ ᠨᠢ ᠰᠢᠭᠢᠷ᠎ᠡ ᠶᠢᠨ ᠬᠡᠰᠡᠭ ᠤᠨ ᠤᠰᠤᠨ ᠴᠥᠪᠥᠷᠢᠭᠦᠦ ᠪᠠᠷ ᠭᠤᠣᠯ ᠣᠨᠴᠠᠯᠢᠭ ᠪᠣᠯᠭᠠᠵᠤ᠂ ᠰᠢᠬᠢᠷ᠎ᠡ ᠶᠢᠨ ᠲᠢᠲᠢᠮ᠂ ᠰᠢᠬᠢᠷ᠎ᠡ ᠶᠢᠨ ᠰᠠᠯᠠᠭ᠎ᠠ ᠂ ᠪᠣᠷᠪᠢ ᠨᠢ ᠤᠯᠠᠶᠢᠵᠤ᠂ ᠤᠰᠤᠨ ᠴᠥᠪᠥᠷᠢᠭᠦᠦ ᠭᠠᠷᠬᠤ ᠪᠠ  ᠢᠳᠡᠭᠡᠯᠡᠵᠦ ᠂ ᠦᠷᠭᠦᠯᠵᠢ ᠪᠡᠶ᠎ᠡ ᠶᠢᠨ ᠳᠤᠯᠠᠭᠠᠨ ᠨᠢ ᠳᠡᠭᠡᠭᠰᠢᠯᠡᠳᠡᠭ᠃  ᠵᠠᠯᠭᠠᠭᠠᠳ ᠬᠠᠯᠳᠠᠪᠤᠷᠢᠯᠠᠯ ᠲᠠᠢ ᠦᠶ᠎ᠡ ᠳᠤ ᠰᠢᠬᠢᠷ᠎ᠡ ᠶᠢᠨ ᠬᠠᠯᠢᠰᠤ ᠨᠢ ᠬᠤᠪᠬᠤᠷᠠᠨ ᠤᠨᠠᠵᠤ ᠂ ᠡᠪᠡᠳᠴᠢᠨ ᠲᠠᠢ ᠭᠠᠭ᠋ᠠᠢ  ᠨᠢ ᠳᠤᠭᠤᠯᠠᠬᠤ᠂ ᠬᠡᠪᠲᠡᠬᠦ ᠳᠤᠷᠠᠲᠠᠢ ᠪᠠᠶᠢᠵᠤ ᠮᠡᠳᠡᠨ᠎ᠡ ᠃ ᠡᠪᠡᠳᠴᠢᠨ ᠲᠠᠢ ᠭᠠᠭ᠋ᠠᠢ ᠶᠢᠨ ᠬᠠᠮᠠᠷ ᠂ ᠠᠮᠠᠨ ᠬᠥᠨᠳᠡᠢ ᠂ ᠬᠥᠬᠦ ︵ ᠭᠤᠣᠯᠳᠠᠭᠤ ᠬᠦᠬᠦᠯᠲᠡ ᠶᠢᠨ ᠬᠤᠭᠤᠴᠠᠭᠠᠨ ᠤ ᠮᠡᠭᠡᠵᠢ ︶  ᠨᠢ ᠪᠠᠰᠠ ᠤᠰᠤᠨ ᠴᠥᠪᠥᠷᠢᠭᠦᠦ ᠭᠠᠷᠬᠤ ᠪᠠ  ᠢᠳᠡᠭᠡᠯᠡᠭᠦ ᠦᠵᠡᠭᠳᠡᠯ ᠭᠠᠷᠳᠠᠭ ᠃ ᠲᠣᠷᠣᠢ   ᠨᠢ ᠭᠡᠳᠡᠰᠦᠨ ᠦᠷᠪᠢᠰᠦᠯ ᠪᠤᠶᠤ ᠵᠢᠷᠦᠬᠡᠨ ᠪᠤᠯᠴᠢᠩ ᠤᠨ ᠦᠷᠪᠢᠰᠦᠯ ᠠᠴᠠ ᠪᠣᠯᠵᠤ ᠲᠦᠷᠭᠡᠨ ᠴᠢᠨᠠᠷᠲᠠᠢ ᠦᠬᠦᠵᠦ ᠮᠡᠳᠡᠨ᠎ᠡ᠃      4. ᠭᠠᠭ᠋ᠠᠢ ᠶᠢᠨ ᠰᠢᠷ᠎ᠠ ᠴᠢᠴᠠᠭ᠎ᠠ      ᠲᠣᠷᠣᠢ ᠶᠢᠨ ᠰᠢᠷ᠎ᠠ ᠴᠢᠴᠠᠭ᠎ᠠ ᠨᠢ ᠣᠯᠠᠩᠬᠢ ᠳᠤ ᠪᠠᠨ ᠨᠢᠭᠡ ᠭᠠᠷᠠᠭ ᠤᠨ ᠳᠣᠲᠣᠷᠠᠬᠢ ᠲᠣᠷᠣᠢ ᠳᠤᠲᠤᠰᠳᠠᠭ᠂ ᠠᠭᠤᠷ ᠠᠮᠢᠰᠬᠤᠯ ᠣᠷᠴᠢᠨ ᠲᠣᠭᠤᠷᠢᠨ ᠤ ᠨᠥᠯᠥᠭᠡ ᠶᠢ ᠬᠦᠷᠲᠡᠵᠦ ᠂ ᠦᠷᠭᠦᠯᠵᠢᠯᠡᠭᠰᠡᠨ ᠪᠦᠷᠬᠦᠭ ᠪᠣᠷᠣᠭᠠᠨ ᠲᠠᠢ ᠴᠠᠭ ᠠᠭᠤᠷ ᠨᠢ ᠲᠤᠰ ᠡᠪᠡᠳᠴᠢᠨ ᠤ ᠡᠪᠡᠳᠴᠢᠯᠡᠬᠦ ᠲᠣᠬᠢᠶᠠᠯᠳᠤᠮᠵᠢ ᠶᠢ ᠶᠡᠭᠡ ᠪᠠᠷ ᠳᠡᠭᠡᠭᠰᠢᠯᠡᠭᠦᠯᠵᠦ ᠂ ᠡᠪᠡᠳᠴᠢᠯᠡᠬᠦ ᠨᠢ ᠲᠦᠷᠭᠡᠨ ᠂ ᠦᠬᠦᠭᠦᠯᠬᠦ ᠨᠣᠷᠮ᠎ᠠ ᠨᠢ ᠥᠨᠳᠥᠷ ᠵᠡᠷᠭᠡ ᠣᠨᠴᠠᠯᠢᠭ ᠲᠠᠢ ᠃ ᠠᠩᠬ᠎ᠠ ᠵᠣᠯᠵᠠᠭᠠᠯᠠᠬᠤ ᠮᠡᠭᠡᠵᠢ ᠶᠢᠨ ᠲᠣᠷᠣᠢ ᠳᠤ ᠠᠮᠠᠷᠬᠠᠨ ᠲᠤᠰᠳᠠᠭ᠂ ᠵᠣᠯᠵᠠᠭᠠᠯᠠᠵᠤ ᠦᠩᠭᠡᠷᠡᠭᠰᠡᠨ ᠮᠡᠭᠡᠵᠢ ᠶᠢᠨ ᠲᠣᠷᠣᠢ ᠶᠢᠨ ᠡᠪᠡᠳᠴᠢᠨ ᠳᠤ ᠨᠡᠷᠪᠡᠭᠳᠡᠬᠦ ᠨᠢ ᠴᠥᠭᠡᠨ ᠪᠠᠶᠢᠳᠠᠭ ᠃    
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号