ᠨᠠᠢᠮᠠᠨ ᠬᠤᠰᠢᠭᠤ ᠣᠶᠢᠷ᠎ᠠ ᠶᠢᠨ ᠵᠢᠯ ᠠᠴᠠ ᠠᠮᠲᠠᠲᠤ ᠲᠦᠮᠦᠰᠦ ᠶᠢᠨ ᠠᠵᠤ ᠦᠢᠯᠡᠰ ᠢ ᠪᠥᠬᠦ ᠬᠤᠰᠢᠭᠤᠨ ᠤ | ᠲᠠᠷᠢᠶᠠᠯᠠᠩ ᠤᠨ ᠪᠦᠲᠦᠴᠡ ᠶᠢᠨ ᠲᠣᠬᠢᠷᠠᠭᠤᠯᠤᠯᠲᠠ ᠶᠢ ᠠᠬᠢᠭᠤᠯᠬᠤ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ | ᠴᠢᠬᠤᠯᠠ ᠠᠵᠤ ᠦᠢᠯᠡᠰ ᠪᠣᠯᠭᠠᠨ ᠬᠦᠭᠵᠢᠭᠦᠯᠦᠭᠰᠡᠨ ᠠᠴᠠ ᠠᠮᠲᠠᠲᠤ ᠲᠦᠮᠦᠰᠦ ᠶᠢᠨ ᠠᠵᠤ ᠦᠢᠯᠡᠰ ᠨᠢ ᠨᠢᠭᠡᠨᠲᠡ | ᠲᠤᠬᠠᠢ ᠶᠢᠨ ᠭᠠᠵᠠᠷ ᠤᠨ ᠬᠥᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ ᠬᠦᠴᠦ ᠨᠡᠮᠡᠷᠢᠯᠡᠬᠦ᠂ ᠠᠷᠠᠳ | ᠣᠯᠠᠨ ᠤ ᠣᠷᠣᠯᠭ᠎ᠠ ᠶᠢ ᠨᠡᠮᠡᠭᠳᠡᠭᠦᠯᠦᠨ ᠴᠢᠨᠡᠭᠡᠯᠢᠭ᠌ᠵᠢᠭᠦᠯᠬᠦ ᠨᠢᠭᠡ ᠶᠡᠭᠡ ᠣᠨᠴᠠᠯᠢᠭᠲᠤ ᠠᠵᠤ ᠦᠢᠯᠡᠰ ᠪᠣᠯᠵᠠᠢ᠃ | ᠴᠢᠩ ᠯᠦᠩ ᠱᠠᠨ ᠪᠠᠯᠭᠠᠰᠤᠨ ᠤ ᠲᠡᠷᠡᠰᠤ ᠠᠶᠢᠯ ᠲᠤᠰᠬᠤᠨ ᠤ ᠠᠮᠲᠠᠲᠤ ᠲᠦᠮᠦᠰᠦ ᠶᠢᠨ ᠲᠠᠷᠢᠶᠠᠨ | ᠭᠠᠵᠠᠷ ᠲᠤ ᠬᠦᠷᠬᠦ ᠳᠤ᠂ ᠠᠷᠪᠠᠨ ᠬᠡᠳᠦᠨ ᠲᠤᠰᠬᠤᠨ ᠤ ᠠᠷᠠᠳ ᠶᠠᠭᠠᠷᠠᠯᠲᠠᠢ ᠠᠵᠢᠯᠯᠠᠵᠤ᠂ ᠴᠢᠬᠢ ᠰᠠᠭᠤᠯᠭᠠᠵᠤ᠂ | ᠰᠢᠷᠤᠢ ᠳᠡᠪᠢᠰᠦᠨ᠂ ᠪᠤᠯᠪᠠᠷᠠᠢ ᠨᠣᠭᠤᠭᠠᠨ ᠠᠮᠲᠠᠲᠤ ᠲᠦᠮᠦᠰᠦ ᠶᠢᠨ ᠴᠢᠬᠢ ᠶᠢ ᠲᠠᠷᠢᠶᠠᠨ ᠭᠠᠵᠠᠷ ᠲᠤ ᠰᠢᠯᠵᠢᠭᠦᠯᠦᠨ | ᠰᠠᠭᠤᠯᠭᠠᠵᠤ᠂ ᠲᠤᠰᠬᠤᠨ ᠤ ᠠᠷᠠᠳ ᠲᠠᠷᠢᠶᠠᠯᠠᠬᠤ ᠴᠠᠭ ᠢ ᠠᠮᠵᠢᠵᠤ ᠶᠠᠭᠠᠷᠠᠯᠲᠠᠢ ᠠᠵᠢᠯᠯᠠᠨ᠎ᠠ᠃ | ᠲᠠᠷᠢᠶᠠᠴᠢᠨ ᠸᠠᠩ ᠰᠢᠤᠸᠠᠢ ᠵᠢᠶᠦ᠋ᠨ᠄ ︽ᠣᠶᠢᠷ᠎ᠠ ᠶᠢᠨ ᠲᠠᠪᠤ ᠵᠢᠷᠭᠤᠭᠠᠨ ᠵᠢᠯ ᠳᠤ ᠨᠢᠭᠡ ᠮᠦ ᠭᠠᠵᠠᠷ ᠤᠨ | ᠴᠡᠪᠡᠷ ᠣᠷᠣᠯᠭ᠎ᠠ 3000 ᠭᠠᠷᠣᠢ ᠲᠦᠭᠦᠷᠢᠭ ᠢ ᠲᠠᠪᠠᠵᠤ᠂ ᠮᠠᠨ ᠤ ᠠᠳᠡᠬᠢ ᠭᠠᠵᠠᠷ ᠰᠢᠷᠤᠢ ᠶᠢᠨ ᠴᠢᠨᠠᠷ ᠰᠠᠶᠢᠨ | ᠪᠤᠯᠬᠤᠷ ᠠᠮᠲᠠᠲᠤ ᠲᠦᠮᠦᠰᠦ ᠶᠢᠨ ᠤᠨᠠᠯᠲᠠ ᠥᠨᠳᠥᠷ᠂ ᠢᠳᠡᠬᠦ ᠳᠤ ᠠᠮᠲᠠᠲᠠᠢ᠂ ᠣᠲᠣ ᠲᠤᠰᠬᠤᠨ ᠪᠣᠯᠭᠠᠨ | ᠴᠢᠨᠡᠭᠡᠯᠢᠭ ᠤᠨ ᠬᠡᠮᠵᠢᠶᠡᠨ ᠳᠤ ᠬᠦᠷᠴᠦ ᠪᠠᠶᠢᠨ᠎ᠠ︾ ᠭᠡᠵᠤ ᠪᠠᠶᠠᠷᠯᠠᠨ᠎ᠠ᠃ | ᠴᠢᠩ ᠯᠦᠩ ᠱᠠᠨ ᠪᠠᠯᠭᠠᠰᠤ ᠨᠢ ᠨᠠᠢᠮᠠᠨ ᠬᠤᠰᠢᠭᠤᠨ ᠤ ᠡᠮᠦᠨ᠎ᠡ ᠬᠡᠰᠡᠭ ᠲᠤ ᠪᠠᠶᠢᠷᠢᠯᠠᠵᠤ᠂ ᠣᠯᠠᠩᠬᠢ ᠨᠢ | ᠠᠭᠤᠯᠠᠷᠬᠠᠬ ᠳᠣᠪᠣᠷᠬᠠᠭ ᠭᠠᠵᠠᠷ ᠪᠠᠶᠢᠵᠤ᠂ ᠠᠮᠲᠠᠲᠤ ᠲᠥᠮᠥᠰᠥ ᠶᠢᠨ ᠤᠷᠭᠤᠯᠲᠠ ᠳᠤ ᠮᠠᠰᠢ ᠲᠣᠬᠢᠷᠠᠮᠵᠢᠲᠠᠢ | ᠪᠠᠶᠢᠳᠠᠭ᠃ ᠲᠡᠨᠳᠡᠬᠢ ᠬᠥᠷᠥᠰᠥ ᠰᠢᠷᠤᠢ ᠶᠢᠨ ᠣᠯᠠᠩᠬᠢ ᠨᠢ ᠳᠤᠮᠳᠠᠲᠦ ᠶᠢᠨ ᠪᠤᠳᠠᠭᠠᠨ ᠴᠢᠯᠠᠭᠤ ᠶᠢᠨ | ᠦᠭᠡᠶᠢᠷᠡᠰᠢᠭᠰᠡᠨ ᠲᠤᠨᠤᠮᠠᠯ ᠰᠦᠪᠡᠷᠬᠡᠭ ᠰᠢᠷᠤᠢ ᠪᠠᠶᠢᠵᠤ᠂ ᠳᠤᠮᠳᠠᠲᠦ ᠶᠢᠨ ᠪᠤᠳᠠᠭᠠᠨ ᠴᠢᠯᠠᠭᠤ ᠶᠢᠨ ᠦᠭᠡᠶᠢᠷᠡᠰᠢᠭᠰᠡᠨ | ᠪᠣᠳᠠᠰ ᠠᠭᠤᠯᠤᠭᠳᠠᠵᠤ ᠪᠠᠶᠢᠭ᠎ᠠ ᠲᠤᠯᠨ ᠨᠠᠢᠮᠠᠨ ᠤ ᠠᠮᠲᠠᠲᠤ ᠲᠥᠮᠥᠰᠥ ᠨᠢ ᠬᠤᠷ᠎ᠠ ᠪᠣᠷᠤᠭᠠᠨ ᠤ ᠲᠡᠵᠢᠭᠡᠯ ᠳᠤ | ᠤᠮᠳᠠᠯᠠᠭᠳᠠᠵᠤ᠂ ᠪᠠᠶᠢᠭᠠᠯᠢᠯᠢᠭ ᠤᠷᠭᠠᠨᠢᠬ ᠢᠶᠠᠷ ᠢᠶᠠᠨ ᠬᠤᠯᠨ ᠦᠢᠷ᠎ᠠ ᠳᠠᠭᠠᠨ ᠠᠯᠳᠠᠷᠳᠠᠢ ᠶᠤᠮ᠃ | ᠲᠤᠰ ᠬᠤᠰᠢᠭᠤ ᠪᠣᠳᠠᠲᠤ ᠪᠠᠶᠢᠳᠠᠯ ᠳᠠᠭᠠᠨ ᠰᠠᠭᠤᠷᠢᠯᠠᠨ᠂ ᠠᠮᠲᠠᠲᠤ ᠲᠦᠮᠦᠰᠦ ᠶᠢᠨ ᠣᠨᠴᠠᠯᠢᠭᠲᠤ ᠠᠵᠤ | ᠦᠢᠯᠡᠰ ᠢ ᠶᠡᠭᠡ ᠪᠠᠷ ᠬᠦᠭᠵᠢᠭᠦᠯᠵᠦ᠂ ᠴᠢᠩ ᠯᠦᠩ ᠱᠠᠨ ᠤ ᠠᠮᠲᠠᠲᠤ ᠲᠦᠮᠦᠰᠦ ᠶᠢᠨ ᠰᠢᠨᠵᠢᠯᠡᠬᠦ ᠤᠬᠠᠭᠠᠨ ᠲᠧᠭᠨᠢᠭ | ᠮᠡᠷᠭᠡᠵᠢᠯ ᠤᠨ ᠬᠦᠷᠢᠶᠡᠯᠡᠩ ᠢ ᠲᠥᠯᠥᠪᠵᠢᠭᠦᠯᠦᠨ ᠪᠠᠶᠢᠭᠤᠯᠵᠤ᠂ ᠲᠡᠷᠢᠭᠦᠨ ᠤ ᠠᠵᠤ ᠠᠬᠤᠶᠢᠯᠠᠯ ᠢ ᠣᠷᠣᠭᠤᠯᠤᠨ | ᠠᠪᠴᠢᠷᠠᠵᠤ᠂ ᠳᠠᠷᠢᠬᠤ᠂ ᠡᠳ᠋ᠰᠢᠭᠦᠯᠬᠦ᠂ ᠪᠣᠷᠣᠯᠠᠭᠤᠯᠬᠤ ᠶᠢ ᠨᠢᠭᠡ ᠴᠣᠭᠴᠠᠵᠢᠭᠤᠯᠤᠭᠰᠠᠨ ᠪᠥᠬᠦ ᠠᠵᠤ ᠦᠢᠯᠡᠰ ᠤᠨ | ᠬᠡᠯᠬᠢᠶ᠎ᠡ ᠶᠢ ᠪᠦᠷᠢᠯᠳᠦᠬᠦᠯᠵᠤ᠂ ᠠᠮᠲᠠᠲᠤ ᠲᠦᠮᠦᠰᠦ ᠶᠢᠨ ᠪᠥᠬᠦ ᠲᠠᠯ᠎ᠠ ᠶᠢᠨ ᠬᠦᠭᠵᠢᠯᠲᠡ ᠶᠢ ᠠᠬᠢᠭᠤᠯᠵᠤ᠂ ᠴᠢᠩ | ᠯᠦᠩ ᠱᠠᠨ ᠪᠠᠯᠭᠠᠰᠤ ᠪᠠᠨ ᠠᠮᠲᠠᠲᠤ ᠲᠦᠮᠦᠰᠦ ᠶᠢᠨ ᠣᠨᠴᠠᠯᠢᠭᠲᠤ ᠪᠠᠯᠭᠠᠰᠤ ᠪᠣᠯᠭᠠᠨ ᠴᠤᠭᠴᠠᠯᠠᠵᠤ ᠪᠤᠢ᠃ | ᠴᠢᠩ ᠯᠦᠩ ᠱᠠᠨ ᠪᠠᠯᠭᠠᠰᠤᠨ ᠤ ᠳᠡᠳ᠋ ᠳᠠᠷᠤᠭ᠎ᠠ ᠼᠦᠩ ᠷᠢ ᠴᠧᠩ᠄ ︽ᠴᠢᠩ ᠯᠦᠩ ᠱᠠᠨ ᠪᠠᠯᠭᠠᠰᠤᠨ ᠤ | 28 ᠵᠠᠰᠠᠭ ᠵᠠᠬᠢᠷᠭᠠᠨ ᠤ ᠲᠤᠰᠬᠤᠨ᠂ 1 ᠨᠡᠶᠢᠭᠡᠮ ᠲᠣᠭᠤᠷᠢᠭ 2017 ᠣᠨ ᠠᠴᠠ ᠠᠮᠲᠠᠲᠤ ᠲᠦᠮᠦᠰᠦ ᠶᠢᠨ ᠠᠵᠤ | ᠦᠢᠯᠡᠰ ᠤᠨ ᠬᠦᠷᠢᠶᠡᠯᠡᠩ ᠲᠤᠭᠤᠷᠢᠭ ᠢ ᠪᠠᠶᠢᠭᠤᠯᠤᠭᠰᠠᠨ ᠤ ᠳᠠᠷᠠᠭ᠎ᠠ᠂ ᠠᠮᠲᠠᠲᠤ ᠲᠦᠮᠦᠰᠦ ᠶᠢᠨ ᠳᠠᠷᠢᠮᠠᠯ ᠤᠨ | ᠲᠠᠯᠠᠪᠠᠢ ᠵᠢᠯ ᠳᠠᠷᠠᠭᠠᠯᠠᠨ ᠨᠡᠮᠡᠭᠳᠡᠵᠦ᠂ 2017 ᠣᠨ ᠤ 1.2 ᠲᠦᠮᠡ ᠭᠠᠷᠤᠢ ᠮᠦ ᠠᠴᠠ ᠣᠳᠣᠬᠠᠨ ᠤ 3.5 | ᠲᠦᠮᠡ ᠭᠠᠷᠤᠢ ᠮᠦ ᠪᠣᠯᠵᠤ᠂ ᠤᠳᠤ ᠠᠮᠲᠠᠲᠤ ᠲᠥᠮᠥᠰᠥ ᠡᠳ᠋ᠰᠢᠭᠦᠯᠬᠦ 7 ᠠᠵᠤ ᠠᠬᠤᠶᠢᠯᠠᠯ ᠬᠦᠷᠢᠶᠡᠯᠡᠩ | ᠲᠤᠭᠤᠷᠢᠭ ᠲᠤ ᠰᠠᠭᠤᠷᠢᠰᠢᠵᠤ᠂ ᠪᠦᠬᠦᠨ ᠢᠶᠠᠷ ᠢᠶᠠᠨ ᠦᠢᠯᠡᠳᠪᠦᠷᠢᠯᠡᠯ ᠳᠤ ᠣᠷᠣᠵᠣ ᠦᠷ᠎ᠡ ᠠᠰᠢᠭ ᠬᠦᠷᠲᠡᠭᠰᠡᠨ ᠤ | ᠳᠠᠷᠠᠭ᠎ᠠ᠂ ᠡᠷᠬᠢᠨ ᠲᠤᠭᠤᠷᠢᠨ ᠤ 400 ᠭᠠᠷᠤᠢ ᠲᠠᠷᠢᠶᠠᠯᠠᠬᠤ ᠡᠷᠦᠬᠡ ᠶᠢ ᠳᠠᠶᠢᠴᠢᠯᠠᠨ ᠠᠮᠲᠠᠲᠤ ᠲᠥᠮᠥᠰᠥ | ᠳᠠᠷᠢᠭᠤᠯᠬᠤ ᠪᠣᠯᠣᠨ᠎ᠠ︾ ᠭᠡᠵᠦ ᠬᠡᠯᠡᠪᠡ᠃ | ᠡᠨᠡ ᠵᠢᠯ᠂ ᠪᠥᠬᠦ ᠬᠤᠰᠢᠭᠤᠨ ᠤ ᠠᠮᠲᠠᠲᠤ ᠲᠦᠮᠦᠰᠦ ᠶᠢᠨ ᠳᠠᠷᠢᠮᠠᠯ ᠤᠨ ᠲᠠᠯᠠᠪᠠᠶ 5 ᠲᠦᠮᠡᠨ ᠮᠦ ᠶᠢ | ᠲᠠᠪᠠᠵᠤ᠂ ᠠᠮᠲᠠᠲᠤ ᠲᠥᠮᠥᠰᠥ ᠦᠢᠯᠡᠳᠪᠦᠷᠢᠯᠡᠬᠦ ᠴᠢᠳᠠᠪᠤᠷᠢ 10 ᠲᠦᠮᠡᠨ ᠲᠤᠨ ᠳᠤ ᠬᠦᠷᠴᠦ᠂ ᠠᠮᠲᠠᠲᠤ | ᠲᠥᠮᠥᠰᠥ ᠶᠢᠨ ᠲᠠᠷᠢᠮᠠᠯ ᠤᠨ ᠦᠢᠯᠡᠳᠭᠦᠨ ᠤ ᠶᠡᠷᠦᠩᠬᠡᠢ ᠥᠷᠲᠡᠭ 2 ᠳ᠋ᠦᠩᠰᠢᠭᠤᠷ ᠲᠥᠭᠦᠷᠢᠭ ᠲᠤ ᠬᠦᠷᠴᠦ᠂ | ᠠᠮᠲᠠᠲᠤ ᠲᠥᠮᠥᠰᠥ ᠪᠣᠯᠪᠠᠰᠤᠷᠠᠭᠤᠯᠬᠤ ᠴᠢᠳᠠᠪᠤᠷᠢ ᠵᠢᠯ ᠳᠤ 6 ᠲᠦᠮᠡᠨ ᠳᠤᠨ ᠢ ᠲᠠᠪᠠᠵᠤ᠂ ᠪᠥᠬᠦ ᠬᠤᠰᠢᠭᠤᠨ ᠤ | ᠲᠠᠷᠢᠶᠠᠴᠢᠳ ᠢ ᠳᠠᠶᠢᠴᠢᠯᠠᠨ ᠵᠢᠯ ᠳᠤᠮᠳᠠᠴᠢ ᠪᠠᠷ 1200 ᠲᠦᠭᠦᠷᠢᠭ ᠤᠨ ᠣᠷᠣᠯᠭ᠎ᠠ ᠨᠡᠮᠡᠭᠳᠡᠬᠦᠯᠬᠦ ᠪᠤᠯᠤᠨ᠎ᠠ᠃ |