ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠤᠰᠤᠨ ᠭᠠᠷᠤᠯᠲᠠ ᠶᠢᠨ ᠮᠡᠷᠭᠡᠵᠢᠯ ᠤᠨ ᠭᠠᠵᠠᠷ ᠪᠥᠬᠦ ᠣᠷᠣᠨ ᠤ ᠤᠰᠤᠨ ᠭᠠᠷᠤᠯᠲᠠ ᠶᠢᠨ ᠲᠡᠵᠢᠭᠡᠨ ᠦᠷᠡᠵᠢᠭᠦᠯᠦᠯᠲᠡ ᠶᠢᠨ ᠬᠠᠶᠠᠬᠳᠠᠮᠠᠯ ᠤᠰᠤ ᠶᠢ ᠵᠠᠰᠠᠬᠤ ᠮᠡᠷᠭᠡᠵᠢᠯ ᠵᠢᠴᠢ ᠭᠠᠳᠠᠨ᠎ᠠ ᠠᠴᠠ ᠣᠷᠣᠵᠤ ᠢᠷᠡᠭᠰᠡᠨ ᠤᠰᠤᠨ ᠤ ᠠᠮᠢᠲᠠᠨ ᠤ ᠨᠡᠶᠢᠳᠡᠮ ᠪᠠᠶᠢᠴᠠᠭᠠᠯᠲᠠ ᠶᠢᠨ ᠰᠦᠯᠵᠢᠶᠡᠨ ᠳᠡᠭᠡᠷᠡᠬᠢ ᠪᠣᠯᠪᠠᠰᠤᠷᠠᠭᠤᠯᠤᠯ ᠤᠨ ᠠᠩᠭᠢ ᠶᠢ ᠡᠷᠬᠢᠯᠡᠪᠡ
ᠨᠡᠶᠢᠲᠡᠯᠡᠭᠰᠡᠨ ᠴᠠᠭ᠄
2022/6/29
      ᠲᠡᠵᠢᠭᠡᠨ ᠦᠷᠡᠵᠢᠭᠦᠯᠬᠦ ᠨᠠᠭᠤᠷ ᠴᠥᠭᠦᠷᠥᠮ ᠤᠨ ᠬᠠᠶᠠᠬᠳᠠᠮᠠᠯ ᠤᠰᠤ ᠶᠢ ᠵᠠᠰᠠᠬᠤ ᠵᠢᠴᠢ ᠭᠠᠳᠠᠨ᠎ᠠ ᠠᠴᠠ ᠣᠷᠣᠵᠤ ᠢᠷᠡᠭᠰᠡᠨ ᠤᠰᠤᠨ ᠤ ᠠᠮᠢᠲᠠᠨ ᠢ ᠨᠡᠶᠢᠳᠡᠮ ᠪᠠᠶᠢᠴᠠᠭᠠᠬᠤ ᠠᠵᠢᠯ ᠢ ᠰᠠᠶᠢᠲᠤᠷ ᠬᠢᠬᠦ ᠶᠢᠨ ᠲᠥᠯᠥᠭᠡ᠂ 6 ᠰᠠᠷ᠎ᠠ ᠶᠢᠨ 28 ᠤ ᠡᠳᠦᠷ ᠤᠨ ᠦᠳᠡ ᠶᠢᠨ ᠡᠮᠦᠨ᠎ᠡ᠂ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠤᠰᠤᠨ ᠭᠠᠷᠤᠯᠲᠠ ᠶᠢᠨ ᠮᠡᠷᠭᠡᠵᠢᠯ ᠤᠨ ᠭᠠᠵᠠᠷ  ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠸᠢᠳᠢᠣ᠋ ᠬᠤᠷᠠᠯ ᠤᠨ ᠭᠡᠷ ᠲᠤ ᠪᠥᠬᠦ ᠣᠷᠣᠨ ᠤ ᠤᠰᠤᠨ ᠭᠠᠷᠤᠯᠲᠠ ᠶᠢᠨ ᠲᠡᠵᠢᠭᠡᠨ ᠦᠷᠡᠵᠢᠭᠦᠯᠦᠯᠲᠡ ᠶᠢᠨ ᠬᠠᠶᠠᠬᠳᠠᠮᠠᠯ ᠤᠰᠤ ᠶᠢ ᠵᠠᠰᠠᠬᠤ ᠮᠡᠷᠭᠡᠵᠢᠯ ᠵᠢᠴᠢ ᠭᠠᠳᠠᠨ᠎ᠠ ᠠᠴᠠ ᠣᠷᠣᠵᠤ ᠢᠷᠡᠭᠰᠡᠨ ᠤᠰᠤᠨ ᠤ ᠠᠮᠢᠲᠠᠨ ᠢ ᠨᠡᠶᠢᠳᠡᠮ ᠪᠠᠶᠢᠴᠠᠭᠠᠬᠤ ᠪᠣᠯᠪᠠᠰᠤᠷᠠᠭᠤᠯᠤᠯ ᠤᠨ ᠠᠩᠭᠢ ᠶᠢ ᠰᠦᠯᠵᠢᠶᠡᠨ ᠳᠡᠭᠡᠷᠡᠬᠢ ᠬᠡᠯᠪᠡᠷᠢ ᠪᠠᠷ ᠡᠷᠭᠢᠯᠡᠪᠡ᠃ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠳᠡᠳ᠋ ᠡᠷᠬᠢᠯᠡᠭᠴᠢ ᠰᠤᠷᠤᠨ᠎ᠠ ᠨᠥᠬᠦᠷ ᠬᠤᠷᠠᠯ ᠳᠤ ᠣᠷᠣᠯᠴᠠᠭᠰᠠᠨ ᠪᠥᠭᠡᠳ ᠶᠠᠷᠢᠶ᠎ᠠ ᠲᠠᠯᠪᠢᠵᠠᠢ᠃ ᠪᠦᠬᠦ ᠣᠷᠣᠨ ᠤ ᠠᠷᠪᠠᠨ ᠬᠤᠶᠠᠷ ᠠᠶᠢᠮᠠᠭ ᠬᠤᠳᠠ ᠶᠢᠨ ᠮᠡᠷᠭᠡᠵᠢᠯ ᠤᠨ ᠬᠠᠷᠢᠭᠤᠴᠠᠯᠭᠠᠲᠠᠨ ᠪᠣᠯᠣᠨ ᠲᠤᠬᠠᠶᠢᠯᠠᠭᠰᠠᠨ ᠠᠵᠢᠯ ᠤᠨ ᠭᠤᠣᠯᠯᠠᠭᠴᠢ ᠨᠡᠶᠢᠳᠡ 136 ᠬᠥᠮᠥᠨ ᠪᠣᠯᠪᠠᠰᠤᠷᠠᠭᠤᠯᠤᠯ ᠳᠤ ᠣᠷᠣᠯᠴᠠᠪᠠ ᠃
1.png
      ᠪᠣᠯᠪᠠᠰᠤᠷᠠᠭᠤᠯᠤᠯ ᠤᠨ ᠠᠩᠭᠢ ᠳᠤᠮᠳᠠᠳᠤ ᠤᠯᠤᠰ ᠤᠨ ᠤᠰᠤᠨ ᠭᠠᠷᠤᠯᠲᠠ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠤᠨ ᠵᠦᠵᠢᠶᠠᠩ ᠮᠥᠷᠡᠨ ᠤ ᠤᠰᠤᠨ ᠭᠠᠷᠤᠯᠲᠠ ᠶᠢᠨ ᠰᠤᠳᠤᠯᠭᠠᠨ ᠤ ᠭᠠᠵᠠᠷ ᠤᠨ ᠰᠢᠶᠧ ᠵᠢᠶᠦ᠋ᠨ ᠪᠠᠭᠰᠢ ᠶᠢ ᠤᠷᠢᠵᠤ ᠡᠷᠴᠢᠮᠵᠢᠭᠦᠯᠦᠭᠰᠡᠨ ᠤᠰᠤᠨ ᠭᠠᠷᠤᠯᠲᠠ ᠶᠢᠨ ᠲᠡᠵᠢᠭᠡᠨ ᠦᠷᠡᠵᠢᠭᠦᠯᠦᠯᠲᠡ ᠶᠢᠨ  ᠬᠠᠶᠠᠬᠳᠠᠮᠠᠯ ᠤᠰᠤ ᠶᠢ ᠰᠢᠢᠳᠪᠦᠷᠢᠯᠡᠬᠦ ᠮᠡᠷᠭᠡᠵᠢᠯ ᠂ ᠵᠠᠭᠪᠤᠷ ᠪᠣᠯᠣᠨ ᠬᠡᠷᠡᠭ ᠤᠨ ᠵᠢᠱᠢᠶ᠎ᠡ ᠶᠢ ᠲᠠᠶᠢᠯᠪᠤᠷᠢᠯᠠᠵᠤ ᠂ ᠤᠰᠤᠨ ᠭᠠᠷᠤᠯᠲᠠ ᠶᠢᠨ ᠮᠡᠷᠭᠡᠵᠢᠯ ᠤᠨ ᠭᠠᠵᠠᠷ ᠤᠨ ᠤᠯᠠᠭᠠᠨᠲᠤᠶᠠᠭ᠎ᠠ ᠨᠥᠬᠦᠷ ᠭᠠᠳᠠᠨ᠎ᠠ ᠠᠴᠠ ᠣᠷᠣᠵᠤ ᠢᠷᠡᠭᠰᠡᠨ ᠤᠰᠤᠨ ᠠᠮᠢᠲᠠᠨ ᠤ ᠨᠡᠶᠢᠳᠡᠮ ᠤᠨ ᠪᠠᠶᠢᠴᠠᠭᠠᠯᠲᠠ ᠶᠢᠨ ᠲᠣᠭᠤᠷᠢᠨ ᠳᠤ ᠤᠯᠠᠨ ᠳᠤ ᠲᠠᠶᠢᠯᠤᠮᠵᠢ ᠬᠢᠵᠡᠢ ᠃  
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号