ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ 1000 ᠮᠥ ᠡᠪᠡᠷ ᠬᠡᠮᠬᠡ ᠵᠠᠬ᠎ᠠ ᠲᠡᠯᠭᠡᠭᠦᠷ ᠲᠤ ᠭᠠᠷᠤᠯ᠎ᠠ
ᠨᠡᠶᠢᠲᠡᠯᠡᠭᠰᠡᠨ ᠴᠠᠭ᠄
2022/7/25
      ᠤᠳᠤᠬᠠᠨ ᠳᠤ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ1000 ᠮᠥ ᠡᠪᠡᠷ ᠬᠡᠮᠬᠡ ᠪᠤᠯᠪᠠᠰᠤᠷᠠᠠ ᠨᠢᠭᠡᠨᠲᠡ ᠬᠤᠷᠢᠶᠠᠯᠳᠠ ᠶᠢᠨ ᠬᠤᠭᠤᠴᠠᠭᠠᠨ ᠳᠠᠭᠠᠨ ᠤᠷᠤᠵᠡᠢ᠃ ᠲᠤᠰ ᠬᠤᠰᠢᠭᠤᠨ ᠤ ᠲᠤᠩ ᠶᠤᠸᠠᠨ ᠢᠳᠡᠰᠢᠨ ᠨᠣᠭᠤᠭ᠎ᠠ ᠲᠠᠷᠢᠬᠤ ᠰᠠᠭᠤᠷᠢᠨ ᠳᠤ᠂ ᠡᠪᠡᠷ ᠬᠡᠮᠬᠡ ᠶᠢᠨ ᠡᠰᠢ ᠨᠠᠪᠴᠢ ᠢᠭᠴᠤ ᠰᠠᠬᠤᠯᠢᠭ ᠤᠷᠭᠤᠵᠤ᠂ ᠰᠢᠨ᠎ᠠ ᠰᠤᠷᠭᠤᠭ ᠡᠪᠡᠷ ᠬᠡᠮᠬᠡ ᠶᠢᠨ ᠨᠠᠪᠴᠢᠨ ᠤ ᠲᠤᠤᠷ᠎ᠠ ︽ᠨᠢᠭᠤᠭᠳᠠᠨ︾᠂ ᠥᠩᠭᠡᠲᠦ ᠱᠠ ᠠᠯᠴᠢᠭᠤᠷ ᠵᠡᠬᠦᠭᠰᠡᠨ ᠡᠮᠡᠭᠲᠡᠢ ᠠᠵᠢᠯᠴᠢᠳ ᠡᠪᠡᠷ ᠬᠡᠮᠬᠡ ᠲᠡᠭᠦᠵᠦ ᠬᠠᠶᠢᠷᠴᠠᠭᠯᠠᠨ ᠶᠠᠭᠠᠷᠠᠯᠳᠤᠨ᠎ᠠ᠃      ᠠᠵᠢᠯᠴᠢᠨ ᠰᠢᠶᠤᠤ ᠶᠠᠨ ᠯᠢ᠄ ︽ᠣᠲᠣ ᠪᠣᠭᠤᠳᠠᠯᠯᠠᠵᠤ ᠪᠠᠶᠢᠭ᠎ᠠ ᠪᠤᠯ 7 ᠯᠠᠩ ᠠᠴᠠ 1 ᠵᠢᠩ ᠤᠨ ᠬᠤᠭᠤᠷᠤᠨᠳᠤᠬᠢ ᠴᠢᠨᠠᠷᠯᠢᠭ ᠡᠪᠡᠷ ᠬᠡᠮᠬᠡ᠂ ᠬᠠᠶᠢᠷᠴᠠᠭᠯᠠᠵᠤ ᠴᠢᠯᠦᠭᠡᠲᠤ ᠳᠡᠯᠭᠡᠭᠦᠷ ᠲᠤ ᠬᠠᠩᠭᠠᠨ᠎ᠠ︔ 1 ᠵᠢᠩ ᠠᠴᠠ ᠳᠡᠭᠡᠭᠰᠢ ᠶᠢ ᠰᠦᠯᠢᠶᠣᠣ ᠤᠭᠤᠲᠠᠨ ᠳᠤ ᠤᠭᠤᠳᠠᠯᠠᠵᠦ᠂ ᠪᠤᠰᠤᠳ ᠵᠠᠬ᠎ᠠ ᠳᠡᠯᠭᠡᠭᠦᠷ ᠲᠤ ᠬᠠᠩᠭᠠᠵᠤ ᠪᠤᠢ︾ ᠬᠡᠵᠤ ᠲᠠᠨᠢᠯᠴᠠᠭᠤᠯᠤᠨ᠎ᠠ᠃      ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠲᠤᠩ ᠶᠤᠸᠠᠨ ᠢᠳᠡᠰᠢᠨ ᠨᠣᠭᠤᠭ᠎ᠠ ᠳᠠᠷᠢᠬᠤ ᠰᠠᠭᠤᠷᠢᠨ ᠲᠣᠰ ᠬᠤᠰᠢᠭᠤᠨ ᠤ ᠪᠠᠶᠠᠨ ᠰᠢᠶᠠᠩ ᠤᠨ ᠰᠢ ᠱᠦᠶ ᠴᠢᠤᠸᠠᠨ ᠲᠤᠰᠬᠤᠨ ᠳᠤ ᠪᠠᠶᠢᠷᠢᠯᠠᠵᠤ ᠪᠤᠢ᠂ ᠠᠳᠡᠬᠢ ᠭᠠᠵᠠᠷ ᠳᠤᠤᠷᠠᠬᠢ ᠤᠰᠤᠨ ᠤ ᠡᠬᠢ ᠪᠠᠶᠠᠯᠢᠭ ᠡᠯᠪᠡᠭ᠂ ᠬᠢᠷᠠᠭᠤ ᠥᠬᠡᠶ ᠬᠤᠭᠤᠴᠠᠭ᠎ᠠ ᠣᠷᠳᠣ᠂ ᠡᠳᠦᠷ ᠰᠦᠨᠢ ᠶᠢᠨ ᠳᠤᠯᠠᠭᠠᠨ ᠤ ᠵᠥᠷᠢᠶ᠎ᠡ ᠶᠡᠭᠡ᠂ ᠬᠥᠷᠥᠰᠥ ᠨᠢ ᠡᠯᠡᠰᠦᠷᠬᠡᠭ ᠲᠤᠯᠠ ᠡᠪᠡᠷ ᠬᠡᠮᠬᠡ ᠵᠡᠷᠭᠡ ᠢᠳᠡᠰᠢᠨ ᠨᠣᠭᠤᠭ᠎ᠠ ᠲᠠᠷᠢᠬᠤ ᠳᠤ ᠮᠠᠰᠢ ᠲᠣᠬᠢᠷᠠᠮᠵᠢᠲᠠᠶ ᠪᠠᠶᠢᠵᠤ ᠂ ᠲᠠᠷᠢᠭᠰᠠᠨ ᠡᠪᠡᠷ ᠬᠡᠮᠬᠡ ᠨᠢ ᠬᠡᠷᠡᠭᠯᠡᠭᠴᠢᠳ ᠲᠤ ᠶᠡᠬᠡᠳᠡ ᠲᠠᠭᠠᠰᠢᠶᠠᠭᠳᠠᠳᠠᠭ᠃      ᠲᠣᠰ ᠰᠠᠭᠤᠷᠢᠨ ᠤ ᠬᠠᠷᠢᠭᠤᠴᠠᠯᠭᠠᠲᠠᠨ ᠸᠠᠩ ᠵᠢᠶᠠᠨ ᠫᠢᠩ᠄ ︽ᠡᠨᠡ ᠵᠢᠯ 600 ᠮᠥ ᠡᠪᠡᠷ ᠬᠡᠮᠬᠡ ᠳᠠᠷᠢᠵᠤ᠂ ᠰᠢᠨᠵᠢᠯᠡᠬᠦ ᠤᠬᠠᠭᠠᠠᠴᠢ ᠪᠠᠷ ᠠᠷᠠᠴᠢᠯᠠᠭᠰᠠᠠ ᠢᠶᠠᠷ ᠮᠥ ᠨᠢᠭᠡᠴᠢ ᠶᠢᠨ ᠤᠨᠠᠯᠲᠠ ᠶᠢ 3000 ᠭᠠᠷᠤᠶ ᠵᠢᠩ ᠨᠡᠮᠡᠭᠳᠡᠭᠦᠯᠵᠡᠢ ᠃ ᠣᠳᠣ ᠱᠠᠨᠳᠦ᠋ᠩ ᠤᠨ ᠱᠸᠤ ᠭᠤᠸᠠᠩ᠂ ᠰᠢ ᠠᠨ᠂ ᠪᠤᠭᠤᠳᠤ ᠵᠡᠷᠭᠡ ᠭᠠᠵᠠᠷ ᠪᠤᠷᠤᠯᠠᠭᠤᠯᠵᠤ ᠪᠠᠶᠢᠨ᠎ᠠ ︾ ᠭᠡᠵᠤ ᠲᠠᠨᠢᠯᠴᠠᠭᠤᠯᠤᠨ᠎ᠠ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号