ᠳ᠋ᠣᠺᠲ᠋ᠣᠷᠠᠨᠲ ᠤᠨ ᠵᠢᠯᠤᠭᠤᠳᠤᠬᠴᠢ ᠬᠦᠳᠡᠭᠡ ᠪᠠᠭᠤᠯ᠎ᠠ — ᠰᠡᠩᠳᠡᠩ ᠮᠣᠳᠤᠨ ᠤ ᠲᠤᠬᠠᠢ ᠤᠴᠢᠷᠳᠠᠢ ᠶᠠᠷᠢᠯᠴᠠᠭ᠎ᠠ
ᠨᠡᠶᠢᠲᠡᠯᠡᠭᠰᠡᠨ ᠴᠠᠭ᠄
2022/7/28
      7 ᠰᠠᠷ᠎ᠠ ᠶᠢᠨ 23 ᠤ ᠦᠷᠯᠦᠭᠡ᠂ ︽ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠳ᠋ᠣᠺᠲ᠋ᠣᠷᠠᠨᠲ ᠤᠨ ᠵᠢᠯᠤᠭᠤᠳᠤᠬᠴᠢ ᠲᠤᠰᠬᠠᠢ ᠬᠤᠷᠰᠢᠶ᠎ᠠ ᠳᠤ ᠰᠠᠭᠠᠳᠠᠨ ᠰᠡᠩᠳᠡᠩ ᠮᠣᠳᠤᠨ ᠤ ᠠᠵᠤ ᠦᠢᠯᠡᠰ ᠤᠨ ᠲᠤᠬᠠᠢ ᠲᠠᠶᠢᠯᠤᠮᠵᠢ ᠬᠢᠬᠦ ᠪᠠᠷ ᠪᠤᠢ᠃ ᠬᠡᠰᠢᠬᠦᠳ ᠬᠤᠷᠳᠤᠬᠠᠨ ᠴᠤᠬᠯᠠᠭᠠᠷᠠᠢ︕︾ ᠬᠡᠵᠦ ᠠᠷᠦ ᠬᠤᠷᠴᠢᠨ ᠬᠤᠰᠢᠭᠤᠨ ᠤ ᠬᠠᠨᠰᠥ᠋ᠮ᠎ᠠ ᠰᠣᠮᠤ ᠶᠢᠨ ᠬᠠᠨ ᠴᠠᠢ ᠮᠠᠯᠴᠢᠨ ᠲᠠᠷᠢᠶᠠᠴᠢᠨ ᠤ ᠲᠤᠰᠬᠠᠢ ᠬᠤᠷᠰᠢᠶ᠎ᠠ ᠶᠢᠨ ᠲᠠᠭᠠᠭᠠᠮᠠᠯ ᠳ᠋ᠠᠮᠴᠠᠢ ᠭᠤᠸᠠᠢ ᠵᠢᠷᠬᠢᠶ᠎ᠡ ᠶᠢᠨ ᠴᠤᠬᠯᠠᠷᠡᠯ ᠳᠠᠭᠠᠨ ᠶᠠᠪᠤᠭᠤᠯᠤᠬᠰᠡᠨ ᠨᠢᠭᠡᠨ ᠮᠡᠳᠡᠭᠡ ᠣᠯᠠᠨ ᠤ ᠠᠩᠬᠠᠷᠤᠯ ᠢ ᠤᠨᠴᠠ ᠲᠠᠳᠠᠯ᠎ᠠ᠃      ᠵᠢᠷᠬᠢᠶ᠎ᠠ ᠶᠢᠨ ᠬᠦᠴᠦ ᠬᠡᠵᠦ ᠵᠢᠷ ᠤᠨ ᠪᠤᠰᠦ ᠪᠠᠶᠢᠯ᠎ᠠ ᠃ ᠤᠳᠠᠯ ᠦᠭᠡᠢ ᠣᠶᠢᠷ᠎ᠠ ᠤᠷᠴᠢᠮ ᠤᠨ ᠰᠤᠨᠢᠭᠤᠴᠢ ᠰᠡᠳᠬᠢᠯ ᠡᠪᠤᠷᠯᠡᠵᠦ᠂ ᠨᠤᠲᠤᠭ ᠤᠨ ᠡᠬᠢ ᠪᠠᠶᠠᠯᠢᠭ ᠪᠤᠯᠬᠤ ᠰᠡᠩᠳᠡᠩ ᠮᠤᠳᠤ ᠪᠠᠨ ᠲᠠᠨᠢᠨ ᠠᠰᠢᠬᠯᠠᠬᠤ ᠬᠦᠰᠠᠯ ᠬᠦᠪᠤᠯᠵᠡᠬᠦᠯᠦᠭᠰᠡᠨ ᠮᠠᠯᠴᠢᠨ ᠲᠠᠷᠢᠶᠡᠴᠢᠨ ᠬᠦᠡᠭᠭᠡᠨ ᠮᠠᠰᠢᠨ ᠢᠶᠠᠷ ᠂ ᠬᠦᠷᠳᠤᠳᠦ ᠮᠤᠲ᠋ᠤᠷ ᠢᠶᠠᠷ ᠲᠠᠪᠬᠢᠭᠤᠯᠤᠨ ᠪᠠᠭᠤᠬᠰᠠᠭᠠᠷ ᠨᠢᠭᠡ ᠮᠡᠳᠡᠬᠦ ᠳᠤ 30 ᠭᠠᠷᠤᠢ ᠬᠦᠮᠦᠨ ᠴᠤᠬᠯᠠᠷᠠᠬᠰᠡᠨ ᠪᠠᠶᠢᠵᠠᠢ ᠃      ︽ᠪᠤᠷᠤᠭᠠᠨ ᠲᠠᠢ ᠪᠤᠯᠪᠠᠴᠦ ᠪᠣᠯᠵᠤᠭᠠᠨ ᠳᠠᠭᠠᠨ ︾ ᠭᠡᠳᠡᠭ ᠢᠶᠠᠷ ᠂ ᠦᠳᠡ ᠶᠢᠨ ᠡᠮᠦᠨᠡᠬᠢ 10 ᠴᠠᠭ ᠲᠤ ᠂ ᠦᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠫᠷᠦᠹᠧᠰᠰᠤᠷ ᠂ ᠳ᠋ᠣᠺᠲ᠋ᠣᠷᠠᠨᠲ ᠤᠨ ᠵᠢᠯᠤᠭᠤᠳᠤᠬᠴᠢ ᠪᠠᠭᠰᠢ᠂ ᠤᠯᠤᠰ ᠤᠨ ᠤᠢ ᠰᠢᠭᠤᠢ ᠪᠠ ᠨᠤᠳᠤᠭ ᠪᠡᠯᠴᠢᠭᠡᠷ ᠤᠨ  ᠲᠣᠪᠴᠢᠶᠠᠨ ᠤ ᠰᠡᠩᠳᠡᠩ ᠮᠣᠳᠤᠨ ᠤ ᠢᠨᠵᠧᠨᠧᠷᠢᠩ ᠤᠨ ᠲᠠᠳ᠋ ᠲᠠᠷᠤᠭ᠎ᠠ ᠯᠢ ᠭᠠᠨᠭ᠌ ᠲᠢᠶᠧ ᠬᠢᠭᠡᠳ ᠲᠤᠰ ᠰᠤᠷᠭᠠᠭᠤᠯᠢ ᠶᠢᠨ ᠳ᠋ᠣᠺᠲ᠋ᠣᠷᠠᠨᠲ ᠤᠨ ᠵᠢᠯᠤᠭᠤᠳᠤᠬᠴᠢ᠂ ᠠᠩᠬᠠᠳᠠᠬᠴᠢ ᠪᠦᠯᠦᠭ ᠤᠯᠤᠰ ᠤᠨ ᠠᠵᠦ ᠠᠬᠤᠢ ᠶᠢᠨ ᠤᠢ ᠰᠢᠭᠤᠢ ᠶᠢᠨ ᠵᠦᠪᠳᠡᠭᠴᠢ ᠲᠤᠰᠬᠠᠢ ᠮᠡᠷᠭᠡᠵᠢᠯᠳᠡᠨ ᠪᠠᠢ ᠢᠤᠢ ᠡᠸ᠋ ᠫᠷᠦᠹᠧᠰᠰᠤᠷ ᠨᠠᠷ ᠤᠯᠠᠭᠠᠨᠬᠠᠳᠠ ᠬᠤᠲᠠ ᠶᠢᠨ ᠠᠷᠦ ᠬᠤᠷᠴᠢᠨ ᠬᠤᠰᠢᠭᠤᠨ ᠤ ᠬᠠᠨᠰᠥ᠋ᠮ᠎ᠠ ᠰᠣᠮᠤ ᠶᠢᠨ ᠤᠷᠳᠤᠬᠦ᠋ᠪ ᠭᠠᠴᠠᠭᠠᠨ ᠳᠠᠬᠢ ᠮᠠᠯᠴᠢᠳ ᠤᠨ ᠲᠤᠰᠬᠠᠢ ᠬᠤᠷᠰᠢᠶ᠎ᠡ ᠶᠢᠨ ᠲᠦᠪ ᠲᠤ ᠬᠦᠷᠴᠤ ᠢᠷᠡᠯ᠎ᠠ᠃      ᠲᠤᠰ ᠲᠤᠰᠬᠠᠢ ᠬᠤᠷᠰᠢᠶ᠎ᠠ 2019 ᠣᠨ ᠤ 5 ᠰᠠᠷ᠎ᠠ ᠳᠤ ᠪᠠᠶᠢᠭᠤᠯᠤᠭᠳᠠᠭᠰᠠᠨ ᠠᠴᠠ ᠨᠠᠰᠢ ᠭᠤᠤᠯᠳᠠᠭᠤ ᠰᠡᠩᠳᠡᠩ ᠮᠣᠳᠤᠨ ᠤ ᠨᠡᠬᠢᠶᠡᠨ ᠴᠠᠢ ᠦᠢᠯᠡᠳᠪᠦᠷᠢᠯᠡᠬᠦ ᠪᠠᠷ ᠭᠤᠤᠯ ᠡᠵᠡᠩᠨᠠᠯᠳᠠ ᠪᠤᠯᠭᠠᠳᠠᠭ ᠪᠦᠭᠡᠳ ᠵᠢᠯ ᠪᠦᠷᠢ 100 ᠭᠠᠷᠤᠢ ᠡᠷᠦᠬᠡ ᠶᠢᠨ ᠮᠠᠯᠴᠢᠨ ᠲᠠᠷᠢᠶᠠᠴᠢᠳ ᠲᠤ ᠲᠤᠰᠬᠠᠢ ᠬᠤᠷᠰᠢᠶ᠎ᠡ ᠠᠴᠠ ᠠᠰᠢᠭ ᠬᠦᠷᠳᠡᠭᠡᠨ ᠠᠵᠦ ᠠᠮᠢᠳᠤᠷᠡᠯ ᠢ ᠨᠢ ᠦᠭᠡᠳᠠ ᠲᠠᠳᠠᠵᠤ᠂ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ ᠬᠦᠴᠦᠨ ᠨᠡᠮᠡᠷᠢᠯᠡᠵᠤ ᠪᠠᠶᠢᠭ᠎ᠠ ᠶᠤᠮ᠃ ᠬᠡᠪᠡᠴᠦ᠂ ᠲᠤᠰᠬᠠᠢ ᠬᠤᠷᠰᠢᠶ᠎ᠡ ᠶᠢᠨ ᠬᠢᠨ ᠮᠡᠳᠡᠯᠭᠡ ᠮᠡᠬᠦᠰ᠂ ᠬᠠᠷᠠᠭ᠎ᠠ ᠣᠶᠢᠷ᠎ᠠ ᠂ ᠮᠡᠷᠭᠡᠵᠢᠯ ᠲᠤᠳᠠᠮᠠᠭ᠂ ᠬᠦᠴᠦ ᠪᠠᠭᠤᠷᠠᠢ ᠪᠠᠶᠢᠳᠠᠭ ᠲᠤᠯᠠ ᠡᠷᠳᠡᠮᠲᠡᠳ ᠢ ᠵᠠᠯᠠᠬᠰᠡᠨ ᠨᠢ ᠡᠨᠡ ᠪᠠᠶᠢᠵᠠᠢ ᠃      ᠬᠦᠰᠠᠯ ᠬᠠᠷᠠᠯᠳᠠ ᠨᠢᠭᠡᠳᠠᠢ ᠬᠦᠮᠦᠰ ᠦᠭᠡ ᠵᠣᠭᠤᠭ ᠢᠶᠠᠷ ᠲᠤᠳᠠᠬᠤ ᠦᠭᠡᠢ ᠳ᠋ᠠ ᠃ ᠮᠠᠯᠴᠢᠨ ᠤᠴᠠᠷᠠᠯᠳᠦ ᠭᠠᠷ ᠡᠷᠬᠦᠨ᠄ ︽ᠡᠷᠳᠡᠮᠳᠡᠨ ᠪᠠᠭᠰᠢ ᠨᠠᠷ ᠡ︕ ᠰᠡᠩᠳᠡᠩ ᠮᠤᠳᠦ ᠬᠡᠵᠦ ᠪᠢᠳᠡᠨ ᠤ ᠪᠠᠭ᠎ᠠ ᠶᠢᠨ ᠦᠶᠡᠰ ᠡᠮ ᠤᠨ ᠬᠦᠯᠬᠡ ᠳᠤ ᠵᠠᠷᠤᠳᠠᠭ ᠪᠠᠶᠢᠯ᠎ᠠ ᠃ ᠬᠡᠪᠡᠴᠦ ᠤᠳᠦ ᠪᠤᠯᠳᠠᠯ᠎ᠠ ᠪᠢᠳᠠ ᠲᠡᠭᠦᠨ ᠢ ᠬᠦᠢᠴᠡᠳ ᠲᠠᠨᠢᠵᠦ ᠴᠢᠳᠠᠭᠠᠳᠤᠢ᠃ ᠲᠡᠭᠦᠨ ᠤ ᠬᠡᠷᠡᠭᠴᠡᠭᠡ ᠶᠢ ᠶᠠᠷᠢᠭᠠᠳ ᠦᠭᠭᠦᠨ᠎ᠡ ᠤᠤ︖︾ ᠬᠡᠵᠦ ᠠᠰᠠᠭᠤᠯᠳᠠ ᠲᠠᠯᠪᠢᠬᠤ ᠳᠤ ᠂ ᠯᠢ ᠭᠠᠨᠭ᠌ ᠲᠢᠶᠧ ᠫᠷᠦᠹᠧᠰᠰᠤᠷ ᠬᠠᠷᠢᠭᠤ ᠳᠤᠨᠢ ᠄ ︽ᠵᠦᠪ ᠪᠠᠶᠢᠨ᠎ᠠ ᠃ ᠰᠡᠩᠳᠡᠩ ᠮᠤᠳᠦ ᠬᠡᠵᠦ ᠮᠣᠳᠤᠳ ᠤᠨ ᠲᠤᠮᠳᠠ ᠪᠠᠨ ︿ᠤᠷᠬᠤᠳᠠᠢ﹀ ᠰᠢᠤ︕︾ ᠬᠡᠵᠦ ᠬᠠᠷᠢᠭᠤᠯᠤᠨ᠎ᠠ᠃ ᠬᠦᠯᠢᠶᠡᠵᠦ ᠶᠠᠳᠠᠬᠰᠡᠨ ᠬᠦᠮᠤᠰ᠄ ︽ᠶᠠᠭᠠᠬᠢᠭᠠᠳ︖︾ ᠬᠡᠵᠦ ᠤᠬᠤᠴᠢᠯᠡᠨ᠎ᠠ᠃ ᠯᠢ ᠭᠠᠨᠭ᠌ ᠲᠢᠶᠧ ᠫᠷᠦᠹᠧᠰᠰᠤᠷ ᠵᠠᠯᠭᠠᠭᠠᠳ᠂ ᠲᠡᠷᠡ ᠪᠣᠯ ᠳᠤᠮᠳᠠᠳᠤ ᠤᠯᠤᠰ ᠲᠤ ᠣᠨᠴᠠ ᠪᠠᠶᠢᠳᠠᠭ ᠮᠣᠳᠣᠯᠢᠭ ᠴᠢᠨᠠᠷᠳᠠᠢ ᠲᠣᠰᠣᠨ ᠮᠠᠲ᠋ᠧᠷᠢᠶᠠᠯ ᠤᠨ ᠤᠷᠭᠤᠮᠠᠯ᠃ ᠨᠠᠪᠴᠢ ᠵᠤᠯᠭᠠᠷᠠᠬᠤ ᠪᠤᠳᠠ ᠮᠤᠳᠦ ᠪᠤᠶᠤ ᠪᠠᠭᠠᠪᠳᠤᠷ ᠲᠤᠷᠤᠭ ᠮᠤᠳᠦ ᠪᠠᠶᠢᠵᠤ ᠲᠡᠭᠦᠨ ᠤ ᠨᠠᠪᠴᠢ ᠪᠠᠷ ᠨᠣᠭᠤᠭᠠᠨ ᠴᠠᠶ᠂ ᠨᠠᠬᠢᠶᠠᠨ ᠴᠠᠶ᠂ ᠨᠠᠪᠴᠢᠨ ᠴᠠᠶ᠂ ᠬᠡᠪ ᠤᠨ ᠴᠠᠶ᠂ ᠬᠠᠷ᠎ᠠ ᠴᠠᠶ ᠬᠢᠵᠦ ᠤᠤᠭᠤᠪᠠᠯ ᠠᠮᠢ ᠰᠤᠪᠢᠯᠠᠯ ᠤᠨ ᠦᠢᠯᠡᠳᠦᠯ ᠲᠠᠢ ᠶᠤᠮ᠃ ᠢᠯᠠᠩᠭᠤᠶ᠎ᠠ ᠂ ᠲᠡᠭᠦᠨ ᠤ ᠵᠢᠮᠢᠰ ᠨᠢ ᠪᠠᠰᠠ ᠣᠨᠴᠠᠭᠠᠶ ᠡᠷᠡᠭᠦᠯᠵᠢᠯ ᠤᠨ ᠵᠢᠮᠢᠰ ᠪᠤᠯᠬᠤ ᠪᠦᠭᠡᠳ ᠪᠣᠯᠪᠠᠰᠤᠷᠠᠭᠰᠠᠨ ᠵᠢᠮᠢᠰ ᠢᠶᠠᠷ ᠨᠢ ᠲᠣᠰᠣ ᠰᠢᠬᠠᠪᠠᠯ ᠤᠬᠢ ᠰᠢᠯᠢᠳᠡᠭ ᠡᠮᠳᠦ ᠪᠤᠳᠡᠰ ᠪᠤᠯᠬᠤ ᠪᠦᠭᠡᠳ ᠴᠡᠪᠡᠷ ᠪᠠᠶᠢᠭᠠᠯᠢᠯᠢᠭ ᠡᠷᠡᠭᠦᠯᠵᠢᠯ ᠤᠨ ᠡᠳ᠋᠂ ᠭᠤᠶᠣᠯᠠᠯ ᠤᠨ ᠡᠳ᠋ ᠪᠠᠶᠢᠵᠤ ᠂ ᠳᠡᠯᠡᠬᠡᠶ ᠳᠡᠭᠡᠷ᠎ᠡ ᠨᠢᠭᠡᠨᠲᠡ ᠮᠡᠳᠡᠭᠰᠡᠨ ᠬᠠᠮᠤᠭ ᠤᠨ ᠰᠠᠶᠢᠨ ᠢᠳᠡᠭᠡᠨ ᠤ ᠲᠣᠰᠣ ᠪᠣᠯᠤᠨ᠎ᠠ ᠬᠡᠵᠦ ᠰᠣᠳᠤᠯᠭᠠᠨ ᠤ ᠦᠨᠳᠤᠰᠤ ᠪᠠᠷᠢᠮᠳᠠ ᠲᠠᠢ ᠶᠠᠷᠢᠬᠤ ᠳᠤ ᠮᠠᠯᠴᠢᠳ ᠨᠢᠳᠦ ᠪᠠᠨ ᠪᠦᠯᠲᠡᠶᠢᠯᠭᠡᠨ ᠭᠠᠶᠢᠬᠠᠰᠢᠷᠠᠨ ᠫᠷᠦᠹᠧᠰᠰᠤᠷ ᠤᠨ ᠦᠭᠡ ᠶᠢ ᠨᠠᠷᠢᠨ ᠬᠢᠨᠠᠮᠠᠭᠠᠢ ᠴᠢᠩᠨᠠᠨ᠎ᠠ᠃      ᠵᠠᠯᠭᠠᠭᠠᠳ ᠮᠠᠯᠴᠢᠨ ᠪᠠᠭᠠᠲᠤᠷ᠄ ︽ᠰᠡᠩᠳᠡᠩ ᠮᠣᠳᠤᠨ ᠤ ᠨᠠᠪᠴᠢ ᠰᠠᠯᠠᠭ᠎ᠠ ᠪᠠᠷ ᠲᠡᠵᠢᠭᠡᠯ ᠪᠣᠷᠳᠤᠭ᠎ᠠ ᠪᠣᠯᠪᠠᠰᠤᠷᠠᠭᠤᠯᠵᠤ ᠪᠣᠯᠤᠨ᠎ᠠ ᠦᠦ︖︾ ᠬᠡᠵᠦ ᠠᠰᠠᠭᠤᠯ᠎ᠠ᠃ ᠪᠠᠢ ᠢᠤᠢ ᠡᠸ᠋ ᠫᠷᠦᠹᠧᠰᠰᠤᠷ ᠦᠭᠡ ᠡᠯᠬᠦᠨ᠄ ︽ᠪᠣᠯᠤᠨ᠎ᠠ ᠰᠢᠤ︕ ᠰᠡᠩᠳᠡᠩ ᠮᠣᠳᠤᠨ ᠤ ᠨᠠᠮᠠᠭ᠎ᠠ ᠪᠠᠷ ᠪᠣᠷᠳᠤᠭ᠎ᠠ ᠬᠢᠪᠠᠯ ᠬᠤᠨᠢ ᠲᠡᠵᠢᠭᠡᠬᠦ ᠳᠤ ᠮᠠᠰᠢ ᠰᠠᠶᠢᠨ ᠃ ᠮᠠᠨ ᠤ ᠰᠣᠳᠤᠯᠭᠠᠨ ᠢ ᠦᠨᠳᠦᠰᠦᠯᠡᠪᠡᠯ᠂ ᠰᠡᠩᠳᠡᠩ ᠮᠣᠳᠤᠨ ᠤ ᠪᠣᠷᠤᠭᠠᠨ ᠤ ᠰᠢᠮ᠎ᠡ ᠲᠡᠵᠢᠭᠡᠯ ᠤᠨ ᠦᠷᠳᠡᠭ ᠨᠢ ᠡᠩ ᠤᠨ ᠡᠪᠡᠰᠦᠨ ᠠᠴᠠ ᠲᠠᠪᠠᠭᠤᠯᠢᠭ ᠭᠡᠳᠡᠭ ᠢ ᠭᠡᠷᠡᠴᠢᠯᠠᠵᠠᠢ᠃ ᠲᠠᠷᠤᠢ᠂ ᠰᠢᠪᠲᠤᠷᠲᠦ ᠬᠦᠴᠢᠯ᠂ ᠸᠢᠲ᠋ᠠᠮᠢᠨ ᠵᠡᠷᠭᠡ ᠲᠠᠯ᠎ᠠ ᠶᠢᠨ ᠠᠭᠤᠯᠤᠭᠳᠠᠴᠠ ᠬᠠᠷᠢᠴᠠᠩᠭᠤᠶ ᠥᠨᠳᠥᠷ ᠪᠠᠶᠢᠳᠠᠭ ︾ ᠬᠡᠵᠦ ᠬᠠᠷᠢᠭᠤᠯᠤᠨ᠎ᠠ᠃      ᠠᠷᠤ ᠬᠤᠷᠴᠢᠨ ᠬᠤᠰᠢᠭᠤᠨ ᠤ ᠣᠶ ᠰᠢᠭᠤᠢ ᠬᠢᠭᠡᠳ ᠨᠤᠲᠤᠭ ᠪᠡᠯᠴᠢᠭᠡᠷ ᠤᠨ ᠲᠣᠪᠴᠢᠶᠠᠨ ᠤ ᠳᠡᠳ᠋ ᠳᠠᠷᠤᠭ᠎ᠠ ᠯᠢ ᠯᠢ ᠪᠠᠰᠠ ᠣᠯᠠᠨ ᠤ ᠲᠤᠮᠳᠠ ᠠᠴᠠ᠄ ︽ᠫᠷᠤᠹᠧᠰᠰᠤᠷ ᠡ᠂ ᠰᠡᠩᠳᠡᠩ ᠮᠣᠳᠤᠨ ᠤ ᠠᠵᠤ ᠦᠢᠯᠡᠰ ᠤᠨ ᠳᠠᠯᠳᠠ ᠬᠦᠴᠦᠨ ᠪᠠ ᠬᠦᠭᠵᠢᠯᠲᠡ ᠶᠢᠨ ᠣᠷᠣᠨ ᠵᠠᠶ ᠶᠢ ᠵᠢᠭᠠᠭᠠᠳ ᠦᠭᠭᠦᠨ᠎ᠡ ᠦᠦ︖︾ ᠭᠡᠪᠡ᠃ ᠡᠨᠡ ᠦᠶ᠎ᠡ ᠳᠤ ᠂ ᠪᠠᠶ ᠢᠦᠶ ᠧ ᠫᠷᠤᠹᠧᠰᠰᠤᠷ᠄ ︽ᠰᠡᠩᠳᠡᠩ ᠮᠣᠳᠤᠨ ᠤ ᠠᠵᠤ  ᠦᠢᠯᠡᠰ ᠢ ᠬᠦᠭᠵᠢᠭᠦᠯᠬᠦ ᠪᠣᠯ ᠠᠮᠤ ᠪᠤᠳᠠᠭᠠᠨ ᠤ ᠠᠮᠤᠷ ᠲᠦᠪᠰᠢᠨ ᠳᠤ ᠠᠩᠬᠠᠷᠤᠯ ᠬᠠᠨᠳᠤᠭᠤᠯᠵᠤ᠂ ᠬᠥᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ ᠰᠡᠳᠭᠢᠯ ᠲᠠᠯᠪᠢᠵᠤ ᠪᠠᠶᠢᠭ᠎ᠠ ᠶᠠᠪᠤᠳᠠᠯ ᠮᠥᠨ᠃ ᠲᠡᠷᠡ ᠨᠢ ᠠᠮᠢ ᠠᠬᠤᠶ ᠶᠢᠨ ᠦᠷ᠎ᠡ ᠠᠰᠢᠭ᠂ ᠠᠵᠤ ᠠᠬᠤᠶ ᠶᠢᠨ ᠦᠷ᠎ᠡ ᠠᠰᠢᠭ᠂ ᠨᠡᠶᠢᠭᠡᠮ ᠤᠨ ᠦᠷ᠎ᠡ ᠠᠰᠢᠭ ᠢᠶᠠᠷ ᠮᠡᠰᠢ ᠦᠨᠳᠦᠷ ᠠᠵᠤ ᠦᠢᠯᠡᠰ ᠪᠤᠯᠤᠨ᠎ᠡ᠃ ᠰᠡᠩᠳᠡᠩ ᠮᠤᠳᠦ ᠢᠳᠡᠭᠡᠨ ᠳᠤ ᠬᠡᠷᠡᠭᠯᠡᠬᠦ ᠂ ᠡᠮ ᠳᠤ ᠬᠡᠷᠡᠭᠯᠡᠬᠦ ᠴᠢᠳᠠᠮᠵᠢ  ᠲᠠᠢ ᠪᠠᠶᠢᠵᠤ ᠲᠦᠯ ᠤᠨ ᠶᠡᠭᠡ ᠳᠠᠯᠳᠠ ᠬᠦᠴᠦᠨ ᠪᠠ ᠬᠦᠭᠵᠢᠯᠲᠡ ᠶᠢᠨ ᠣᠷᠣᠨ ᠵᠠᠶ ᠲᠠᠢ ᠶᠤᠮ᠃ ᠳᠠᠷᠠᠭᠠᠴᠢ ᠶᠢᠨ ᠠᠯᠬᠤᠮ ᠳᠤ ᠲᠠ ᠨᠠᠷ 32.3 ᠲᠦᠮᠡᠨ ᠮᠥ ᠰᠡᠩᠳᠡᠩ ᠮᠣᠳᠤᠨ ᠤ ᠣᠶᠢᠲᠤ ᠭᠠᠵᠠᠷ ᠲᠤ ᠲᠦᠰᠢᠭᠯᠡᠨ ᠠᠮᠢ ᠠᠬᠤᠶ ᠶᠢ ᠤᠷᠢᠳ ᠢᠶᠠᠷ ᠪᠣᠳᠣᠯᠬᠢᠯᠠᠬᠤ ᠪᠣᠬᠢᠷᠲᠤᠯ ᠥᠬᠡᠶ ᠬᠦᠭᠵᠢᠭᠦᠯᠬᠦ ︿ᠨᠢᠭᠡ ᠰᠢᠶᠠᠨ ᠨᠢᠭᠡ ᠦᠢᠯᠡᠳᠭᠦᠨ ﹀ ᠤ ᠨᠠᠷᠠᠲᠤ ᠲᠡᠮᠳᠡᠭ ᠢ ᠨᠠᠩ ᠰᠠᠶᠢᠨ ᠡᠭᠦᠳᠴᠦ ᠪᠣᠯᠤᠨ᠎ᠠ︾ ᠭᠡᠵᠦ ᠬᠡᠯᠡᠪᠡ᠃      ᠰᠡᠩᠳᠡᠩ ᠮᠣᠳᠤᠨ ᠤ ᠠᠵᠤ ᠦᠢᠯᠡᠰ ᠤᠨ ᠲᠠᠯᠳᠠ ᠬᠦᠴᠦᠨ ᠢ ᠨᠠᠷᠢᠨ ᠶᠠᠷᠢᠬᠤ ᠳᠤ ᠮᠠᠯᠴᠢᠨ ᠲᠠᠷᠢᠶᠠᠴᠢᠨ ᠤ ᠨᠢᠳᠦ ᠨᠢ ᠭᠡᠷᠡᠯᠲᠦᠪᠡ︕ ᠲᠡᠳᠡ ᠰᠡᠩᠳᠡᠩ ᠮᠣᠳᠤᠨ ᠤ ᠠᠵᠤ ᠦᠢᠯᠡᠰ ᠤᠨ ᠠᠯᠤᠰ ᠢᠷᠡᠭᠡᠳᠦᠢ ᠳᠤ ᠨᠡᠩ ᠢᠲᠡᠭᠡᠯ ᠪᠠ ᠬᠦᠰᠡᠯ ᠡᠷᠡᠮᠡᠯᠵᠡᠯ ᠲᠠᠢ ᠪᠤᠯᠪᠠ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号